ᠭᠠᠵᠠᠷ ᠤᠰᠤᠨ —  ᠬᠠᠷᠠᠯᠳᠠᠢ ᠮᠦᠮᠦ ᠶᠢᠨ ᠬᠤᠳᠳᠤᠭ
ᠨᠡᠶᠢᠲᠡᠯᠡᠭᠰᠡᠨ ᠴᠠᠭ᠄
2021/5/22
 ᠲᠠᠶᠢᠹᠤᠰᠧᠴᠤᠳ ᠭᠤᠷᠪᠠᠨ ᠲᠦᠮᠡᠭᠡᠳ ᠠᠳᠤᠭᠤ ᠶᠢ ᠭᠤᠷᠪᠠᠨ ᠵᠠᠭᠤᠭᠠᠳ ᠵᠢᠯ ᠮᠠᠯᠵᠢᠭᠰᠠᠨ ᠤᠴᠢᠷ ᠤᠰᠤ ᠰᠠᠶᠢᠳᠠᠢ ᠬᠤᠳᠳᠤᠭ ᠪᠤᠶᠤ ᠨᠠᠭᠤᠷ ᠭᠤᠤᠯ ᠪᠢᠰᠢᠬᠦᠢ ᠤᠯᠠᠨ ᠪᠠᠶᠢᠬᠤ ᠶᠤᠰᠤᠳᠠᠢ᠂ ᠤᠴᠢᠷ ᠨᠢ ᠠᠳᠤᠭᠤ ᠶᠢ ᠭᠤᠤᠯᠳᠠᠭᠤ ᠬᠤᠳᠳᠤᠭ ᠪᠤᠯᠠᠭ ᠪᠤᠶᠤ ᠭᠤᠤᠯ ᠤᠨ ᠴᠡᠪᠡᠷ ᠤᠰᠤ ᠪᠠᠷ ᠤᠰᠤᠯᠠᠳᠠᠭ ᠪᠠᠶᠢᠨ᠎ᠠ᠃ ᠲᠠᠶᠢᠹᠤᠰᠧ  ᠵᠡᠬᠦᠨ ᠭᠠᠷ ᠰᠦᠷᠦᠭ ᠲᠤ ᠵᠦᠪᠬᠡᠨ ᠠᠳᠤᠭᠤ ᠨᠢ 75 ᠰᠦᠷᠦᠭ  ︵300 —400 ᠠᠳᠤᠭᠤ ᠨᠢᠬᠡ ᠰᠦᠷᠦᠭ︶ ᠪᠠᠶᠢᠭᠰᠠᠨ ᠲᠤᠯᠠ ᠨᠠᠭᠠᠳᠤ ᠵᠠᠬ᠎ᠠ ᠨᠢ 75 ᠤᠰᠤ ᠰᠠᠶᠢᠳᠠᠢ ᠬᠤᠳᠳᠤᠭ ᠪᠤᠶᠤ ᠪᠤᠯᠠᠭ ᠭᠡᠷᠡᠭᠯᠡᠵᠦ ᠪᠠᠶᠢᠵᠠᠢ᠃ ᠨᠠᠰᠤᠳᠠᠶᠢᠴᠤᠳ ᠤᠨ ᠤᠯᠠᠮᠵᠢᠯᠠᠯ  ᠶᠠᠷᠢᠶ᠎ᠠ ᠶᠢ ᠦᠨᠳᠦᠰᠦᠯᠡᠪᠡᠯ᠂  ᠮᠢᠩᠭᠠᠨ ᠠᠳᠤᠭᠤ ᠤᠰᠤᠯᠠᠭᠠᠳ ᠰᠢᠷᠬᠢᠳᠡᠭ ᠦᠬᠡᠢ ᠰᠦᠵᠢ ᠬᠤᠳᠳᠤᠭ ᠤᠯᠠᠨ ᠪᠠᠶᠢᠯ᠎ᠠ ᠭᠡᠳᠡᠭ᠃  ᠵᠢᠱᠢᠶᠡᠯᠡᠪᠡᠯ᠂ ᠡᠷᠳᠡ ᠴᠠᠭ ᠡᠨᠡ ᠨᠤᠳᠤᠭ ᠲᠤ ᠬᠠᠷᠠᠯᠳᠠᠢ ᠮᠦᠮᠦ ᠬᠡᠵᠦ ᠨᠢᠬᠡᠨ ᠠᠶᠢᠬᠤᠪᠳᠤᠷ ᠪᠠᠶᠠᠨ ᠬᠦᠭᠰᠢᠨ ᠪᠠᠶᠢᠵᠠᠢ᠃  ᠵᠠᠩᠵᠢᠶ᠎ᠠ ᠬᠡᠬᠡᠨ ᠤᠳᠠᠢ ᠶᠢᠨ ᠰᠦᠮ᠎ᠡ ᠠᠴᠠ  ᠲᠤᠯᠤᠨᠨᠤᠤᠷ ᠤᠨ ᠰᠦᠮ᠎ᠡ ᠵᠦᠭ ᠢᠶᠠᠨ  ᠪᠤᠴᠠᠬᠤ ᠵᠠᠮ ᠳᠤ ᠵᠠᠷᠤᠳᠠᠯ ᠮᠦᠩᠬᠦ ᠮᠡᠬᠦᠰᠳᠡᠬᠦ ᠳᠡᠭᠡᠨ ᠬᠠᠷᠠᠯᠳᠠ ᠮᠦᠮᠦ  ᠶᠢᠨ ᠳᠤ ᠪᠠᠭᠤᠵᠤ ᠬᠤᠨᠤᠭᠯᠠᠭᠠᠳ᠂ ᠶᠠᠪᠤᠬᠤ ᠳᠠᠭᠠᠨ ᠪᠠᠰᠠ  ᠬᠠᠷᠠᠯᠳᠠᠢ ᠮᠦᠮᠦ ᠠᠴᠠ ᠵᠤᠭᠤᠰ ᠮᠦᠩᠬᠦ ᠵᠢᠭᠡᠯᠡᠭᠰᠡᠨ ᠭᠡᠳᠡᠭ᠃ ᠲᠡᠬᠦᠨ ᠤ ᠲᠡᠮᠡᠭᠡᠨ ᠰᠦᠷᠦᠭ ᠨᠢ ᠤᠯᠠᠭᠠᠨ ᠨᠠᠭᠤᠷ ᠤᠨ ᠶᠡᠭᠡ ᠲᠡᠷᠡᠰᠦ ᠶᠢ ᠪᠦᠷᠬᠦᠨ ᠪᠡᠯᠴᠢᠵᠦ᠂  ᠲᠡᠮᠡᠭᠡᠳ ᠤᠨ ᠲᠦᠷᠦᠬᠦᠴᠢ ᠨᠢ  ᠮᠠᠩᠬᠠᠨ ᠬᠤᠳᠳᠤᠭ ᠤᠨ ᠤᠰᠤᠨ ᠳᠤ  ᠤᠷᠤᠭᠠᠳ ᠤᠮᠳᠠᠯᠠᠵᠤ ᠪᠠᠶᠢᠬᠤ ᠳᠤ ᠰᠡᠬᠦᠯᠴᠢ ᠶᠢᠨ ᠬᠢᠨᠢ ᠬᠤᠸᠠ ᠨᠠᠭᠤᠷ ᠤᠨ ᠬᠦᠯ ᠠᠴᠠ ᠭᠠᠷᠴᠤ ᠢᠷᠡᠭᠡ ᠦᠬᠡᠢ ᠪᠠᠶᠢᠳᠠᠭ ᠭᠡᠨ᠎ᠡ᠂ ᠵᠦᠪᠬᠡᠨ ᠲᠡᠮᠡᠬᠡᠨ ᠰᠦᠷᠦᠭ ᠨᠢ ᠴᠤ ᠭᠡᠳ ᠲᠤᠭ᠎ᠠ ᠦᠬᠡᠢ ᠤᠯᠠᠨ ᠪᠤᠯᠬᠤᠷ ᠬᠦᠭᠰᠢᠨ ᠰᠦᠷᠦᠭ ᠤᠨ ᠢᠶᠠᠨ ᠲᠤᠭ᠎ᠠ ᠶᠢ ᠨᠢ ᠮᠡᠳᠡᠳᠡᠭ ᠦᠬᠡᠢ  ᠪᠠᠶᠢᠵᠠᠢ᠂  ᠨᠠᠰᠤᠳᠠᠨ ᠲᠡᠮᠡᠭᠡᠳ ᠢᠶᠠᠨ ᠦᠵᠡᠨ ᠪᠠᠶᠠᠰᠴᠤ   ︽ᠤᠯᠠᠭᠠᠨ ᠨᠠᠭᠤᠷ ᠤᠨ ᠲᠡᠷᠡᠰᠦ ᠠᠷᠪᠢᠨ ᠤᠤ᠂ ᠮᠢᠨᠦ ᠲᠡᠮᠡᠭᠡ ᠠᠷᠪᠢᠨ ᠤᠤ︾  ᠭᠡᠵᠦ  ᠤᠴᠠᠷᠠᠭᠰᠠᠨ ᠬᠦᠮᠦᠨ ᠠᠴᠠ ᠠᠰᠠᠭᠤᠳᠠᠭ ᠬᠡᠨ᠎ᠡ᠃ ᠲᠡᠬᠦᠨ ᠤ  ᠭᠡᠷᠡᠭᠯᠡᠳᠡᠭ ᠬᠤᠳᠳᠤᠭ ᠨᠢ ᠮᠢᠩᠭᠠᠨ ᠲᠡᠮᠡᠭᠡ ᠤᠰᠤᠯᠠᠭᠠᠳ ᠰᠢᠷᠬᠢᠳᠡᠭ ᠦᠬᠡᠢ ᠰᠠᠶᠢᠨ ᠬᠤᠳᠳᠤᠭ ᠪᠤᠯᠬᠤᠷ ᠬᠠᠷᠠᠯᠳᠠᠢ ᠮᠦᠮᠦ ᠶᠢᠨ ᠬᠤᠳᠳᠤᠭ ᠬᠡᠵᠦ ᠬᠤᠯᠠ  ᠤᠶᠢᠷ᠎ᠠ ᠳᠠᠭᠠᠨ ᠠᠯᠳᠠᠷᠰᠢᠭᠰᠠᠨ ᠪᠠᠶᠢᠨ᠎ᠠ᠃ ᠤᠳᠤ ᠡᠨᠡ  ᠬᠤᠳᠳᠤᠭ ᠤᠨ ᠪᠠᠭᠤᠷᠢ ᠨᠢ ᠪᠠᠰᠠ ᠤᠰᠤ ᠲᠠᠢ ᠬᠤᠩᠬᠤᠷ ᠪᠤᠯᠵᠤ ᠲᠤᠭᠳᠠᠭᠰᠠᠨ ᠪᠠᠶᠢᠳᠠᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号