ᠭᠠᠵᠠᠷ ᠤᠰᠤᠨ —    ᠳ᠋ᠠ ᠯᠠᠮᠠ ᠶᠢᠨ ᠬᠤᠳᠠ
ᠨᠡᠶᠢᠲᠡᠯᠡᠭᠰᠡᠨ ᠴᠠᠭ᠄
2021/5/21
 ᠬᠦᠨᠪᠤᠯᠠᠭ ᠰᠤᠮᠤᠨ ᠤ ᠲᠡᠷᠡᠰᠦᠨ ᠠᠶᠢᠯ ᠭᠠᠴᠠᠭᠠᠨ ᠤ ᠡᠮᠦᠨ᠎ᠡ ᠬᠤᠳᠠ᠃  ᠤᠭ ᠨᠢ ᠲᠠᠶᠢᠹᠤᠰᠧ ᠵᠡᠬᠦᠨ ᠭᠠᠷ ᠰᠦᠷᠦᠭ ᠤᠨ ᠬᠦᠯᠦ ᠴᠠᠭᠠᠨ ᠬᠤᠰᠢᠭᠤᠨ ᠤ  ᠨᠤᠳᠤᠭ᠃ ᠡᠨᠡ  ᠨᠤᠳᠤᠭ ᠲᠤ ᠵᠠᠩᠵᠢᠶ᠎ᠠ ᠬᠡᠮᠡᠭᠴᠢ ᠨᠡᠷ᠎ᠡ ᠬᠦᠨᠳᠦᠳᠡᠢ ᠳ᠋ᠠ ᠯᠠᠮᠠ ᠠᠵᠤ ᠲᠦᠷᠦᠵᠦ ᠨᠤᠳᠤᠭᠰᠢᠨ᠂  ᠬᠤᠯᠤᠳᠤ ᠶᠢᠨ ᠰᠦᠮ᠎ᠡ  ᠂ ᠮᠠᠯᠠᠭᠠᠢ ᠶᠢᠨ ᠰᠦᠮ᠎ᠡ ᠳᠤ ᠤᠷᠢᠳ ᠬᠤᠵᠢᠳ ᠳ᠋ᠠ ᠯᠠᠮᠠ ᠰᠠᠭᠤᠵᠤ ᠪᠠᠶᠢᠭᠰᠠᠨ ᠪᠤᠯᠬᠤᠷ ᠵᠠᠩᠵᠢᠶ᠎ᠠ ᠳ᠋ᠠ ᠯᠠᠮᠠ   ᠶᠢᠨ ᠬᠤᠳᠠ ᠭᠡᠳᠡᠭ  ᠪᠠᠶᠢᠵᠠᠢ  ᠃  ᠲᠠᠷᠠᠭ᠎ᠠ ᠨᠢ ᠡᠨᠡ ᠨᠤᠳᠤᠭ ᠠᠴᠠ ᠪᠦᠬᠡᠴᠢᠯᠠᠭᠤ᠂ ᠯᠤᠪᠰᠠᠩᠵᠢᠮᠪᠠ᠂ ᠢᠳᠡᠭᠡᠯ ᠵᠡᠷᠭᠡ    ᠨᠡᠷ᠎ᠡ ᠲᠦᠷᠦ ᠲᠠᠢ ᠯᠠᠮᠠ  ᠨᠠᠷ ᠭᠠᠷᠴᠤ᠂ ᠬᠤᠯᠤᠳᠤ ᠶᠢᠨ ᠰᠦᠮ᠎ᠡ   ᠳᠤ  ᠳ᠋ᠠ ᠯᠠᠮᠠ  ᠰᠠᠭᠤᠭᠠᠳ᠂ ᠭᠤᠷᠪᠠᠨ ᠦᠶ᠎ᠡ ᠶᠢᠨ ᠳ᠋ᠠ ᠯᠠᠮᠠ   ᠶᠢᠨ ᠬᠤᠳᠠ ᠪᠤᠯᠤᠭᠰᠠᠨ ᠢᠶᠠᠷ ︽ᠳ᠋ᠠ ᠯᠠᠮᠠ   ᠶᠢᠨ ᠬᠤᠳᠠ︾ ᠬᠡᠵᠦ ᠨᠡᠷᠡᠯᠡᠬᠦ  ᠪᠤᠯᠤᠭᠰᠠᠨ ᠭᠡᠨ᠎ᠡ᠃ ᠰᠢᠷ᠎ᠠ   ᠶᠢᠨ ᠱᠠᠰᠢᠨ ᠤ ᠭᠡᠷᠡᠯ ᠰᠠᠴᠤᠷᠠᠭᠰᠠᠨ ᠡᠨᠡ  ᠨᠤᠳᠤᠭ ᠲᠤ ᠭᠤᠷᠪᠠᠨ ᠳ᠋ᠠ ᠯᠠᠮᠠ ᠶᠢᠨ ᠲᠠᠷᠠᠭ᠎ᠠ ᠪᠠᠷ ᠮᠦᠩᠭᠡᠴᠢᠯᠠᠭᠤ᠂ ᠳ᠋ᠤᠳᠤᠭ ᠵᠡᠷᠭᠡ ᠡᠷᠳᠡᠮ ᠲᠠᠢ ᠯᠠᠮᠠ ᠨᠠᠷ ᠭᠠᠷᠴᠤ᠂ ᠮᠤᠩᠭᠤᠯ ᠡᠮ ᠡᠮᠨᠡᠯᠬᠡ ᠪᠠᠷ ᠡᠪᠡᠳᠴᠢᠳᠡᠨ ᠢ ᠡᠮᠨᠡᠨ ᠲᠡᠩᠭᠡᠷᠡᠬᠦᠯᠬᠦ ᠪᠤᠶᠤ ᠦᠵᠡᠯᠬᠡ ᠲᠦᠯᠭᠡ᠂  ᠤᠪᠤᠭᠠᠨ ᠲᠠᠬᠢᠯᠭ᠎ᠠ᠂ ᠤᠷᠤᠰᠢᠭᠤᠯᠭ᠎ᠠ ᠶᠢᠨ ᠦᠢᠯᠡ  ᠵᠡᠷᠭᠡ ᠪᠤᠶᠠᠨᠳᠤ ᠦᠢᠯᠡᠰ ᠲᠤ ᠵᠢᠳᠬᠦᠨ ᠶᠠᠪᠤᠳᠠᠭ ᠪᠠᠶᠢᠯ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号