ᠭᠠᠵᠠᠷ ᠤᠰᠤᠨ —  ᠬᠠᠷ᠎ᠠ ᠨᠢᠳᠦᠨ ᠪᠤᠯᠠᠭ
ᠨᠡᠶᠢᠲᠡᠯᠡᠭᠰᠡᠨ ᠴᠠᠭ᠄
2021/5/21
  ᠭᠦᠨᠪᠤᠯᠠᠭ ᠰᠤᠮᠤᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠷᠢᠯᠠᠵᠤ ᠪᠠᠶᠢᠭ᠎ᠠ ᠨᠢᠭᠡᠨ ᠭᠠᠴᠠᠭ᠎ᠠ   ᠶᠢ ᠦᠴᠢ ᠤᠪᠤᠭ᠎ᠠ  ᠭᠡᠳᠡᠭ  ᠃ ᠲᠤᠰ ᠭᠠᠵᠠᠷ ᠢ ᠡᠷᠳᠡ   ᠳᠡᠭᠡᠨ ︽ᠬᠠᠷ᠎ᠠ ᠨᠢᠳᠦᠨ ᠬᠤᠳᠳᠤᠭ︾ ᠭᠡᠵᠦ ᠲᠠᠭᠤᠳᠠᠳᠠᠭ ᠨᠢ ᠠᠶᠢᠯ ᠤᠨ ᠲᠤᠮᠳᠠ  ᠬᠦᠮᠦᠨ ᠤ ᠬᠤᠤᠰ ᠨᠢᠳᠦ ᠰᠢᠭ  ᠵᠡᠷᠭᠡᠴᠡᠭᠰᠡᠨ ᠬᠤᠶᠠᠷ  ᠪᠤᠯᠠᠭ ᠪᠠᠶᠢᠳᠠᠭ ᠠᠴᠠ ᠢᠷᠡᠯ ᠲᠠᠢ᠃  ᠡᠨᠡ ᠬᠤᠳᠳᠤᠭ ᠠᠴᠠ ᠤᠰᠤ ᠠᠪᠬᠤ ᠳᠤ ᠬᠤᠪᠤᠭᠤ ᠬᠡᠷᠡᠭᠯᠡᠬᠦ ᠦᠭᠡᠢ  ᠂ ᠶᠠᠭ ᠭᠠᠨᠭ᠌ ᠰᠠᠪᠠ ᠠᠴᠠ ᠤᠰᠤ ᠠᠪᠴᠤ ᠪᠠᠶᠢᠬᠤ ᠰᠢᠬ ᠰᠢᠨᠠᠭ᠎ᠠ ᠪᠠᠷ ᠤᠳᠬᠤᠵᠤ ᠠᠪᠳᠠᠭ ᠪᠠᠶᠢᠵᠠᠢ᠃ ᠪᠤᠷᠤᠭᠠᠨ ᠬᠤᠷ᠎ᠠ ᠰᠠᠶᠢᠨ ᠵᠢᠯ ᠪᠤᠯ ᠤᠰᠤ  ᠨᠢ ᠪᠤᠷᠬᠢᠯᠤᠨ ᠭᠠᠷᠴᠤ ᠤᠷᠤᠭᠰᠢ ᠪᠠᠨ ᠨᠠᠷᠢᠨ ᠰᠤᠪᠠᠭ ᠢᠶᠠᠷ ᠤᠷᠤᠰᠤᠨ᠂  ᠡᠮᠤᠨᠡᠬᠢ ᠲᠡᠯ᠎ᠡ ᠭᠠᠵᠡᠷ ᠤᠨ ᠢᠶᠠᠨ  ᠪᠡᠯᠴᠢᠭᠡᠷ ᠢ ᠤᠮᠳᠡᠯᠡᠵᠤ ᠦᠩ ᠰᠢᠮᠡᠯᠢᠭ  ᠪᠤᠯᠭᠠᠭᠠᠳ᠂  ᠪᠤᠷᠤᠭᠠᠨ ᠶᠡᠭᠡ ᠵᠢᠯ ᠪᠤᠯ  ᠪᠦᠷ ᠪᠠᠶᠠᠨ ᠴᠠᠭᠠᠨ ᠨᠠᠭᠤᠷ  ᠲᠤ ᠬᠦᠷᠳᠡᠯ᠎ᠡ ᠤᠷᠤᠰᠳᠠᠭ ᠭᠡᠵᠤ  ᠬᠤᠳᠠ ᠤᠰᠤᠨ ᠤ ᠨᠠᠰᠤᠳᠠᠶᠢᠴᠤᠳ ᠶᠠᠷᠢᠳᠠᠭ᠃ ᠡᠪᠤᠯ ᠤᠨ ᠲᠡᠰᠬᠢᠮ᠎ᠠ ᠬᠦᠢᠳᠡᠨ ᠰᠦᠨᠢ ᠬᠤᠳᠳᠤᠭ ᠤᠨ ᠠᠮᠠ  ᠬᠦᠯᠳᠡᠭᠡᠳ᠂ ᠲᠠᠷᠠᠭ᠎ᠠ ᠦᠷᠯᠤᠭᠡ ᠨᠢ  ᠴᠠᠷᠢᠯ ᠢᠶᠠᠷ ᠮᠦᠰᠤ ᠶᠢ ᠨᠢ ᠴᠤᠭᠤᠯᠬᠤ ᠳᠤ ᠬᠤᠳᠳᠤᠭ ᠤᠨ ᠤᠰᠤ   ᠨᠢ ᠭᠡᠳᠤᠨ ᠮᠧᠲᠷ ᠦᠨᠳᠤᠷ  ᠴᠤᠷᠬᠢᠨ ᠭᠠᠷᠴᠤ᠂ ᠬᠢᠴᠢᠶᠡᠬᠦ ᠦᠭᠡᠢ ᠪᠤᠯ ᠨᠢᠭᠤᠷ ᠴᠢᠷᠠᠢ᠂ ᠬᠤᠪᠴᠠᠰᠤ ᠬᠤᠨᠠᠷ ᠢ ᠪᠦᠷ ᠱᠠᠯ ᠤᠰᠤ ᠮᠦᠰᠤ ᠪᠤᠯᠭᠠᠳᠠᠭ  ᠭᠡᠨ᠎ᠡ᠃  ᠴᠤᠷᠬᠢᠵᠤ ᠭᠠᠷᠤᠭᠰᠠᠨ ᠤᠰᠤ ᠨᠢ ᠡᠳᠤᠷ ᠤᠨ ᠤᠳᠠᠭᠠᠨ ᠳᠠᠭᠠᠨ ᠮᠦᠰᠤᠨ ᠤᠪᠤᠭ᠎ᠠ  ᠪᠤᠯᠵᠤ  ᠬᠤᠯᠠ ᠠᠴᠠ ᠮᠤᠩᠭᠤᠯ ᠭᠡᠷ ᠰᠢᠭ ᠬᠠᠷᠠᠭᠳᠠᠨ᠎ᠠ᠃ ᠡᠨᠡ ᠬᠤᠳᠳᠤᠭ ᠤᠨ ᠤᠰᠤ ᠶᠢ ᠤᠤᠭᠤᠬᠤ ᠳᠤ ᠮᠠᠰᠢ ᠵᠦᠭᠡᠯᠡᠨ ᠪᠦᠭᠡᠳ ᠰᠠᠶᠢᠬᠠᠨ ᠠᠮᠳᠠᠳᠠᠢ᠃       ᠲᠡᠦᠬᠡᠨ ᠲᠡᠮᠳᠡᠭᠯᠡᠯ ᠳᠤ《  ᠲᠠᠶᠢᠹᠤᠰᠧ ᠵᠡᠭᠦᠨ ᠭᠠᠷ ᠰᠦᠷᠦᠭ ᠠᠨᠤ ᠴᠢᠭᠤᠯᠤᠯᠳᠤ ᠬᠠᠭᠠᠯᠭ᠎ᠠ ᠠᠴᠠ ᠵᠡᠭᠦᠨ ᠬᠤᠶᠢᠰᠢ ᠪᠠᠨ ᠵᠠᠭᠤ ᠲᠦᠴᠢᠨ ᠭᠠᠵᠠᠷ ᠤᠨ ᠠᠯᠤᠰ ᠲᠠᠬᠢ ᠬᠠᠷ᠎ᠠ ᠨᠢᠳᠦᠨ ᠬᠤᠳᠳᠤᠭ ᠲᠤ ᠪᠤᠢ》ᠭᠡᠵᠦ ᠲᠡᠮᠳᠡᠭᠯᠡᠵᠦ ᠪᠠᠶᠢᠳᠠᠭ᠃ 1724 ᠤᠨ ᠳᠤ ᠵᠡᠭᠦᠨ ᠭᠠᠷ ᠰᠦᠷᠦᠭ ᠢ ᠡᠬᠢᠯᠡᠵᠦ ᠪᠠᠶᠢᠭᠤᠯᠬᠤ ᠦᠶ᠎ᠡ ᠠᠴᠠ ᠠᠪᠤᠭᠠᠳ   ᠲᠠᠶᠢᠹᠤᠰᠧ ᠵᠡᠭᠦᠨ ᠭᠠᠷ ᠬᠤᠰᠢᠭᠤ ᠪᠠᠶᠢᠭᠤᠯᠤᠬᠳᠠᠬᠤ ᠪᠤᠯᠳᠠᠯ᠎ᠠ ︵1936 ᠤᠨ︶ ᠪᠠᠷᠤᠭ ᠬᠤᠶᠠᠷ ᠵᠠᠭᠤ  ᠭᠠᠷᠤᠢ ᠵᠢᠯ ᠤᠨ ᠲᠤᠷᠰᠢ ᠬᠤᠰᠢᠭᠤ ᠵᠠᠰᠠᠭ ᠤᠨ ᠭᠠᠵᠠᠷ ᠨᠢ ᠦᠴᠢ ᠤᠪᠤᠭᠠᠨ ᠳᠤ ᠪᠠᠶᠢᠵᠤ  ᠂ ᠵᠡᠭᠦᠨ ᠭᠠᠷ  ᠲᠠᠶᠢᠹᠤᠰᠧ ᠤᠨ ᠤᠯᠤᠰ ᠲᠦᠷᠦ᠂  ᠴᠡᠷᠢᠭ ᠵᠠᠰᠠᠭ᠂ ᠠᠵᠤ ᠠᠬᠤᠢ᠂ ᠰᠤᠶᠤᠯ ᠤᠨ ᠲᠦᠪ ᠨᠢ ᠪᠤᠯᠵᠤ ᠪᠡᠭᠡᠵᠢᠩ  ᠠᠴᠠ ᠮᠤᠩᠭᠤᠯ᠂ ᠤᠷᠤᠰ ᠵᠢᠴᠢ  ᠡᠸᠦ᠋ᠷᠦᠫᠠ ᠤᠨ ᠤᠯᠤᠰ ᠤᠳ ᠲᠤ  ᠬᠦᠷᠬᠦ ᠬᠤᠳᠠᠯᠳᠤᠭᠠᠨ ᠪᠤᠯᠤᠨ ᠰᠤᠶᠤᠯ  ᠤᠨ ᠰᠤᠯᠢᠯᠴᠠᠭᠠᠨ ᠤ ᠭᠤᠤᠯ ᠵᠠᠮ ᠪᠤᠯᠵᠤ ᠪᠠᠶᠢᠵᠠᠢ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号