ᠵᠠᠰᠠᠭ  ᠎ ᠤᠨ  ᠣᠷᠳᠣᠨ  ᠎ ᠤ  ᠠᠵᠢᠯ  ᠎ ᠤᠨ  ᠢᠯᠡᠳᠬᠡᠯ
ᠨᠡᠶᠢᠲᠡᠯᠡᠭᠰᠡᠨ ᠴᠠᠭ᠄
2021/3/15
    ᠵᠠᠰᠠᠭ  ᠎ ᠤᠨ   ᠣᠷᠳᠣᠨ  ᠎ ᠤ   ᠠᠵᠢᠯ  ᠎ ᠤᠨ   ᠢᠯᠡᠳᠬᠡᠯ               ᠲᠠᠶᠢᠹᠤᠰᠧ ᠬᠤᠰᠢᠭᠤᠨ ᠤ  ᠠᠷᠪᠠᠨ ᠲᠠᠪᠤᠳᠤᠭᠠᠷ ᠬᠤᠭᠤᠴᠠᠭᠠᠨ ᠤ ᠠᠷᠠᠳ ᠤᠨ               ᠲᠥᠯᠥᠭᠡᠯᠡᠭᠴᠢᠳ ᠤᠨ ᠶᠡᠭᠡ ᠬᠤᠷᠠᠯ ᠤᠨ ᠲᠦᠷᠪᠡᠳᠦᠬᠡᠷ ᠬᠤᠷᠠᠯᠳᠤᠭᠠᠨ ᠳᠡᠭᠡᠷ᠎ᠡ                         ︵2021 ᠣᠨ ᠤ 3 ᠰᠠᠷᠠᠶᠢᠨ 11᠎ ᠤ ᠡᠳᠦᠷ︶                                                                                                                                  ᠬᠤ᠋  ᠴᠧᠩ  ᠳ᠋ᠦᠩ ᠲᠦᠯᠦᠭᠡᠯᠡᠭᠴᠢᠳ ᠡ  ᠄     ᠤᠳᠤ  ᠪᠢ  ᠬᠤᠰᠢᠭᠤ  ᠵᠠᠰᠠᠭ  ᠎ ᠤᠨ ᠣᠷᠳᠣᠨ  ᠎ ᠢ ᠲᠦᠯᠦᠭᠡᠯᠡᠵᠦ  ᠶᠡᠭᠡ  ᠬᠤᠷᠠᠯ  ᠎ ᠳᠤ  ᠠᠵᠢᠯ ᠤᠨ  ᠢᠯᠡᠳᠭᠡᠯ  ᠬᠢᠶ᠎ᠡ  ᠂  ᠬᠢᠨᠠᠨ  ᠵᠥᠪᠯᠡᠬᠦ  ᠪᠣᠯᠪᠠᠤ  ᠂  ᠮᠦᠨ ᠴᠤ  ᠤᠯᠤᠰ  ᠲᠥᠷᠥ  ᠎ ᠶᠢᠨ  ᠵᠥᠪᠯᠡᠯᠭᠡᠨ  ᠎ ᠤ  ᠭᠡᠰᠢᠭᠦᠳ  ᠪᠣᠯᠣᠨ  ᠬᠤᠷᠠᠯ  ᠎ ᠳᠤ  ᠰᠤᠯᠨ ᠣᠷᠣᠯᠴᠠᠭᠰᠠᠨ  ᠨᠦᠬᠦᠳ  ᠎ ᠠᠴᠠ  ᠰᠠᠨᠠᠯ  ᠎ ᠢᠶᠠᠨ ᠲᠤᠷᠠᠳᠬᠤ ᠶᠢ ᠬᠦᠰᠡᠵᠦ ᠪᠠᠶᠢᠨ᠎ᠠ  ᠃  ᠨᠢᠭᠡ  ᠂  ︽ᠠᠷᠪᠠᠨ ᠭᠤᠷᠪᠠᠳᠤᠭᠠᠷ ᠲᠠᠪᠤᠨ ᠵᠢᠯ︾᠎ ᠤᠨ ᠬᠤᠭᠤᠴᠠᠭᠠᠨ ᠤ ᠬᠦᠭᠵᠢᠯᠳᠡ ᠶᠢᠨ ᠡᠷᠬᠢᠴᠡᠬᠦᠯᠦᠯ     ᠰᠠᠶ᠋ᠢᠬᠠᠨ ᠦᠩᠭᠡᠷᠡᠭᠰᠡᠨ ︽ᠠᠷᠪᠠᠨ ᠭᠤᠷᠪᠠᠳᠤᠭᠠᠷ ᠲᠠᠪᠤᠨ ᠵᠢᠯ  ︾  ᠪᠣᠯ ᠲᠠᠶᠢᠹᠤᠰᠧ ᠬᠤᠰᠢᠭᠤᠨ ᠤ ᠬᠥᠭᠵᠢᠯᠲᠡ ᠶᠢᠨ ᠲᠡᠦᠬᠡᠨ ᠳᠠᠬᠢ ᠲᠤᠶᠢᠯ ᠤᠨ ᠴᠢᠬᠤᠯᠠ ᠲᠠᠪᠤᠨ ᠵᠢᠯ ᠪᠣᠯᠤᠨ᠎ᠠ᠃ ᠨᠠᠷᠢᠨ ᠪᠤᠳᠤᠯᠢᠶᠠᠨᠲᠠᠢ ᠭᠠᠳᠠᠭᠠᠳᠤ ᠣᠷᠴᠢᠨ ᠪᠠ ᠬᠠᠲᠠᠭᠤ ᠪᠡᠷᠬᠡᠰᠢᠶᠡᠯᠲᠡᠢ ᠥᠭᠡᠷᠡᠴᠢᠯᠡᠯᠲᠡ ᠬᠥᠭᠵᠢᠯᠲᠡ ᠲᠣᠭᠲᠠᠭᠤᠨ ᠤ ᠡᠭᠦᠷᠭᠡ ᠶᠢᠨ ᠡᠮᠦᠨ᠎ᠡ᠂ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ  ᠬᠢᠭᠡᠳ ᠬᠤᠰᠢᠭᠤ ᠨᠠᠮ ᠤᠨ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠣᠣᠷ᠎ᠠ᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠤᠯᠤᠰ ᠲᠥᠷᠦ ᠶᠢᠨ ᠵᠥᠪᠯᠡᠯᠭᠡᠨ ᠤ ᠬᠢᠨᠠᠯᠲᠠ ᠪᠠ ᠳᠡᠮᠵᠢᠯᠭᠡ ᠳᠣᠣᠷ᠎ᠠ᠂ ᠪᠦᠬᠦ ᠬᠤᠰᠢᠭᠤ ᠪᠠᠷ ᠢᠶᠠᠨ  ᠪᠦᠯᠬᠦᠮᠳᠡᠨ ᠲᠡᠮᠡᠴᠡᠵᠦ᠂  ︽ᠠᠷᠪᠠᠨ ᠭᠤᠷᠪᠠᠳᠤᠭᠠᠷ ᠲᠠᠪᠤᠨ ᠵᠢᠯ  ︾  ᠎ ᠤᠨ ᠭᠤᠣᠯ ᠬᠠᠷᠠᠯᠲᠠ ᠡᠭᠦᠷᠭᠡ ᠶᠢ ᠠᠮᠵᠢᠯᠲᠠ ᠲᠠᠢ  ᠪᠡᠶᠡᠯᠡᠬᠦᠯᠦᠨ᠂ ᠴᠢᠨᠡᠭᠡᠯᠢᠭ ᠨᠡᠶᠢᠭᠡᠮ ᠢ ᠪᠦᠬᠦ ᠲᠠᠯ᠎ᠠ ᠪᠠᠷ  ᠪᠠᠶᠢᠭᠤᠯᠬᠤ ᠭᠤᠣᠯ  ᠵᠢᠭᠠᠯᠳᠠ ᠲᠤᠭ᠎ᠠ ᠶᠢ ᠦᠨᠳᠦᠰᠦᠨ ᠎ ᠳᠡᠭᠡᠨ ᠪᠡᠶᠡᠯᠡᠭᠦᠯᠵᠦ᠂ ᠠᠵᠤ ᠠᠬᠤᠢ ᠨᠡᠶᠢᠭᠡᠮ ᠤᠨ ᠴᠢᠨᠠᠷ ᠰᠠᠶᠢᠲᠠᠢ ᠬᠥᠭᠵᠢᠯᠲᠡ ᠶᠢᠨ ᠰᠢᠨ᠎ᠡ ᠪᠠᠶᠢᠳᠠᠯ ᠢ  ᠡᠬᠦᠳᠦᠭᠰᠡᠨ ᠪᠠᠶᠢᠨ᠎ᠠ᠃   ᠭᠤᠤᠯ ᠪᠣᠯᠬᠤ ᠠᠵᠤ ᠠᠬᠤᠶ ᠶᠢᠨ  ᠵᠢᠭᠠᠯᠳᠠ ᠲᠤᠭᠠᠨ ᠤ ᠨᠡᠮᠡᠭᠳᠡᠯ ᠤᠨ ᠬᠤᠷᠳᠤᠴᠠ ᠲᠣᠭᠲᠠᠭᠤᠨ ᠤ ᠳᠤᠮᠳᠠ  ᠲᠡᠭᠡᠭᠰᠢᠯᠡᠨ᠂  ᠤᠷᠤᠨ ᠨᠤᠳᠤᠭ ᠤᠨ ᠦᠶᠯᠡᠳᠪᠦᠷᠢᠯᠡᠯ ᠤᠨ ᠶᠡᠷᠦᠩᠬᠡᠶ ᠥᠷᠲᠡᠭ ᠵᠢᠯ ᠳᠤ 6.8 %᠎ ᠪᠠᠷ ᠨᠡᠮᠡᠭᠳᠡᠵᠦ᠂ ᠡᠩ ᠤᠨ ᠣᠯᠠᠨ ᠨᠡᠶᠢᠲᠡ ᠶᠢᠨ ᠲᠥᠰᠦᠪ ᠤᠨ ᠣᠷᠣᠯᠭ᠎ᠠ 13.7 %  ᠎ ᠪᠠᠷ  ᠨᠡᠮᠡᠭᠳᠡᠨ᠂ ᠲᠣᠭᠲᠠᠮᠠᠯ ᠬᠥᠷᠥᠩᠭᠡ ᠶᠢᠨ ᠪᠠᠯᠠ ᠣᠷᠣᠭᠤᠯᠤᠯᠲᠠ  10 %᠎ ᠪᠠᠷ ᠨᠡᠮᠡᠭᠳᠡᠵᠦ᠂ ᠨᠡᠶᠢᠭᠡᠮ ᠤᠨ ᠬᠡᠷᠡᠭᠯᠡᠭᠡᠨ ᠤ ᠵᠦᠶᠯ ᠤᠨ ᠵᠢᠵᠢᠭᠯᠡᠨ ᠪᠤᠷᠤᠯᠠᠭᠤᠯᠤᠭᠰᠠᠨ ᠶᠡᠷᠦᠩᠬᠡᠶ  ᠬᠡᠮᠵᠢᠶ᠎ᠡ 8 %  ᠎ ᠪᠠᠷ  ᠨᠡᠮᠡᠭᠳᠡᠨ᠂ ᠬᠤᠲᠠ ᠬᠥᠳᠡᠭᠡ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ  ᠲᠤᠰᠪᠤᠷᠢ  5.8 % ᠪᠠ 9 %᠎ ᠪᠠᠷ ᠨᠡᠮᠡᠭᠳᠡᠪᠠ᠃ ᠨᠡᠶᠢᠲᠡ 230 ᠭᠤᠣᠯᠳᠠᠯᠭ᠎ᠠ ᠲᠠᠢ ᠲᠥᠷᠥᠯ ᠵᠦᠢᠯ ᠢ ᠬᠡᠷᠡᠭᠵᠢᠭᠦᠯᠵᠦ᠂ ᠲᠣᠭᠲᠠᠮᠠᠯ ᠬᠥᠷᠥᠩᠭᠡ ᠶᠢᠨ ᠪᠡᠯᠡ ᠣᠷᠣᠭᠤᠯᠤᠯᠲᠠ 122.6 ᠳ᠋ᠦᠩᠰᠢᠭᠤᠷ ᠲᠥᠭᠦᠷᠢᠭ ᠲᠤ ᠬᠦᠷᠴᠦ᠂ ᠠᠵᠤ ᠦᠶᠯᠡᠳᠪᠦᠷᠢ ᠶᠢᠨ ᠪᠡᠯᠡ ᠣᠷᠣᠭᠤᠯᠤᠯᠲᠠ ᠶᠢᠨ ᠡᠵᠡᠯᠡᠬᠦ ᠬᠠᠷᠢᠴᠠᠯ  ᠮᠡᠳᠡᠭᠳᠡᠮ᠎ᠡ ᠲᠡᠭᠡᠭᠰᠢᠯᠡᠵᠡᠢ᠃     ( ᠨᠢᠬᠡ ) ᠤᠨᠢᠨ ᠳᠡᠭᠡᠷ᠎ᠡ ᠨᠢ ᠬᠦᠴᠦᠯᠡᠬᠦ ᠶᠢ ᠪᠠᠷᠢᠮᠲᠠᠯᠠᠵᠤ᠂ ᠭᠤᠷᠪᠠᠨ ᠶᠡᠭᠡ ᠪᠣᠭᠤᠮᠲᠠ ᠰᠢᠪᠲᠤᠯᠬᠤ ᠳᠠᠶᠢᠯᠠᠯᠳᠤᠭᠠᠨ ᠦᠨᠳᠦᠷ ᠠᠮᠵᠢᠯᠳᠠ ᠤᠯᠪᠠ᠃     ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠰᠢᠢᠳᠪᠦᠷᠢᠲᠦ ᠳᠠᠶᠢᠯᠠᠯᠳᠤᠭᠠᠨ ᠢ ᠬᠢᠵᠦ ᠰᠢᠢᠳᠪᠦᠷᠢᠲᠦ ᠢᠯᠠᠯᠲᠠ ᠶᠢ ᠤᠯᠤᠭᠰᠠᠨ  ᠃   ᠨᠠᠷᠢᠯᠢᠭ ᠣᠨᠣᠪᠴᠢᠲᠠᠶ ᠪᠠᠷ ᠶᠠᠳᠠᠭᠤ ᠶᠢ ᠲᠡᠳᠬᠦᠬᠦ᠂  ᠨᠠᠷᠢᠯᠢᠭ ᠣᠨᠣᠪᠴᠢᠲᠠᠶ ᠪᠠᠷ ᠶᠠᠳᠠᠭᠤ ᠠᠴᠠ ᠠᠩᠭᠢᠵᠢᠷᠠᠭᠤᠯᠬᠤ ᠦᠨᠳᠦᠰᠦᠨ ᠠᠷᠭ᠎ᠠ ᠪᠣᠳᠣᠯᠭ᠎ᠠ ᠶᠢ  ᠨᠢᠮᠪᠠᠢ ᠨᠠᠶᠢᠳᠠᠪᠤᠷᠢᠵᠢᠭᠤᠯᠵᠤ᠂  556 ᠨᠡᠷ᠎ᠡ ᠠᠵᠢᠯᠯᠠᠬᠤ ᠠᠩᠭᠢ ᠶᠢᠨ ᠭᠡᠰᠢᠭᠦᠨ ᠣᠷᠳᠣ ᠬᠤᠭᠤᠴᠠᠭ᠎ᠠ ᠪᠠᠷ ᠲᠣᠰᠬᠤᠨ ᠎ ᠳᠤ ᠰᠠᠭᠤᠵᠤ ᠬᠠᠪᠰᠤᠷᠤᠨ ᠲᠡᠳᠬᠦᠬᠦ ᠠᠵᠢᠯ ᠢᠶᠠᠨ ᠦᠷᠨᠢᠬᠦᠯᠦᠨ᠂  1943 ᠨᠡᠷ᠎ᠡ ᠠᠵᠢᠯᠳᠠᠨ ᠶᠠᠳᠠᠭᠤ ᠬᠦᠴᠢᠷᠳᠡᠯᠲᠡᠶ ᠡᠷᠦᠬᠡ ᠶᠢ ᠲᠠᠭᠠᠭᠠᠴᠢᠯᠠᠨ ᠲᠡᠳᠬᠦᠭᠰᠡᠨ ᠪᠠᠶᠢᠨ᠎ᠠ᠃ ︽3 + 3  ︾ ᠠᠵᠤ ᠦᠶᠯᠡᠰ ᠢᠶᠠᠷ ᠶᠠᠳᠠᠭᠤ ᠎ ᠶᠢ ᠲᠡᠳᠬᠦᠬᠦ ᠲᠣᠭᠲᠠᠴᠠ ᠶᠢᠨ ᠰᠢᠨ᠎ᠡ ᠶᠢ ᠡᠭᠦᠳᠦᠨ ᠭᠡᠷᠡᠭᠵᠢᠬᠦᠯᠵᠦ  ᠂  ᠲᠠᠭᠠᠭᠤᠯᠤᠭᠴᠢ ᠠᠵᠤ ᠠᠬᠤᠶᠢᠯᠠᠯ ᠳᠤ  ᠲᠦᠰᠢᠭᠯᠡᠨ  ᠂ ᠡᠳ᠋ ᠬᠥᠷᠥᠩᠭᠡ  ᠎ ᠪᠠᠷ ᠢᠶᠠᠨ ᠠᠰᠢᠭ ᠬᠦᠷᠳᠡᠬᠦ᠂  ᠦᠬᠡᠷ ᠬᠤᠨᠢ  ᠨᠠᠶᠢᠳᠠᠵᠤ ᠮᠠᠯᠵᠢᠭᠤᠯᠬᠤ᠂  ᠶᠠᠳᠠᠭᠤ ᠶᠢ ᠲᠡᠳᠬᠦᠬᠦ ᠦᠶᠯᠡᠳᠪᠦᠷᠢ ᠶᠢᠨ ᠲᠠᠰᠤᠭ ᠪᠠᠶᠢᠭᠤᠯᠬᠤ᠂  ︽ᠲᠠᠭᠠᠭᠤᠯᠤᠭᠴᠢ ᠠᠵᠤ ᠠᠬᠤᠶᠢᠯᠠᠯ ᠤᠨ ᠠᠵᠢᠯ ᠣᠯᠭᠤᠯᠲᠠ + ᠠᠵᠤ ᠦᠶᠯᠡᠰ ᠤᠨ ᠰᠠᠭᠤᠷᠢᠨ ᠭᠠᠵᠠᠷ  ︾᠂  ︽ᠤᠨᠴᠠᠯᠢᠭᠳᠤ  ᠲᠠᠷᠢᠶᠠᠯᠠᠩ ᠮᠠᠯᠵᠢᠯ + ᠬᠦᠷᠢᠶ᠎ᠡ ᠬᠠᠰᠢᠶᠠᠨ ᠤ ᠠᠵᠤ ᠠᠬᠤᠶ + ᠡᠯᠧᠺᠲᠷᠣᠨ ᠬᠤᠳᠠᠯᠳᠤᠭ᠎ᠠ  ︾  ᠂ ᠪᠡᠭᠡᠵᠢᠩ ᠥᠪᠥᠷ ᠮᠣᠩᠭᠤᠯ ᠤᠨ ᠶᠠᠳᠠᠭᠤ ᠶᠢ ᠳᠡᠳᠬᠦᠬᠦ ᠬᠠᠮᠳᠤᠷᠠᠯᠴᠠᠭ᠎ᠠ  ᠵᠡᠷᠭᠡ  6 ᠵᠦᠶᠯ ᠤᠨ ᠶᠠᠳᠠᠭᠤ ᠶᠢ ᠳᠡᠳᠬᠦᠬᠦ ᠬᠡᠯᠪᠡᠷᠢ ᠪᠠᠷ ᠲᠠᠮᠵᠢᠨ  ᠂ ᠶᠠᠳᠠᠭᠤ ᠬᠦᠴᠢᠷᠳᠡᠯᠳᠡᠢ ᠬᠦᠮᠦᠨ ᠠᠮᠠ  ᠎ ᠶᠢᠨ  ᠠᠰᠢᠭ ᠤᠷᠤᠯᠭ᠎ᠠ ᠶᠢᠨ ᠨᠡᠮᠡᠭᠳᠡᠯ ᠤᠨ ᠰᠠᠭᠤᠷᠢ ᠶᠢ ᠪᠠᠳᠤ ᠴᠤᠭᠴᠠᠯᠠᠪᠠ᠃《 ᠬᠤᠶᠠᠷ ᠲᠤ ᠦᠯᠦ ᠵᠣᠪᠠᠭ᠋ᠤ  ᠂ ᠭᠤᠷᠪᠠ ᠶᠢ ᠵᠠᠪᠠᠯ ᠪᠠᠲᠤᠯᠠᠬᠤ 》 ᠲᠣᠪᠣᠶᠢᠮ᠎ᠠ ᠠᠰᠠᠭᠤᠳᠠᠯ ᠎ ᠳᠤ ᠠᠩᠬᠠᠷᠤᠯ ᠢᠶᠠᠨ ᠲᠥᠪᠯᠡᠷᠡᠭᠦᠯᠵᠦ᠂ 《 ᠠᠷᠪᠠ ᠶᠢ ᠪᠠᠷᠢᠮᠵᠢᠶ᠎ᠠ ᠳᠤ ᠬᠦᠷᠭᠡᠬᠦ 》 ᠵᠡᠷᠭᠡ ᠲᠤᠰᠬᠠᠢ ᠲᠦᠷᠦᠯ ᠎ ᠤᠨ ᠠᠵᠢᠯᠯᠠᠭ᠎ᠠ ᠶᠢ ᠭᠦᠨᠵᠡᠭᠡᠶ  ᠦᠷᠨᠢᠬᠦᠯᠦᠨ᠂ ᠣᠷᠣᠨ ᠰᠠᠭᠤᠴᠠ᠂  ᠤᠰᠤ ᠤᠮᠳᠠ  ᠂ ᠠᠯᠪᠠᠨ ᠵᠢᠷᠤᠮ ᠤᠨ ᠰᠤᠷᠭᠠᠨ ᠬᠥᠮᠦᠵᠢᠯ᠂ ᠦᠨᠳᠦᠰᠦᠨ ᠡᠮ ᠡᠮᠨᠡᠯᠭᠡ  ᠎ ᠶᠢᠨ ᠪᠥᠬᠦ ᠲᠠᠯ᠎ᠠ ᠶᠢᠨ ᠪᠠᠲᠤᠯᠠᠭ᠎ᠠ ᠶᠢ ᠪᠡᠶᠡᠯᠡᠭᠦᠯᠪᠡ᠃  ᠨᠡᠶᠢᠲᠡ 2 .03 ᠳ᠋ᠦᠩᠰᠢᠭᠤᠷ ᠲᠥᠭᠦᠷᠢᠭ ᠤᠨ ᠶᠠᠳᠠᠭᠤ ᠶᠢ ᠲᠡᠳᠬᠦᠬᠦ ᠪᠡᠯᠡ ᠮᠥᠩᠭᠦ  ᠣᠷᠣᠭᠤᠯᠵᠤ᠂ 12 . 04  ᠳ᠋ᠦᠩᠰᠢᠭᠤᠷ ᠲᠥᠭᠦᠷᠢᠭ ᠤᠨ ᠲᠣᠭᠲᠠᠮᠠᠯ ᠬᠥᠷᠥᠩᠭᠡ ᠶᠢ ᠪᠤᠢ ᠪᠤᠯᠭᠠᠵᠠᠢ  ᠂ ᠡᠭᠦᠨ ᠳᠤ ᠡᠷᠦᠬᠡ ᠳᠤ ᠬᠦᠷᠦᠭᠰᠡᠨ ᠬᠥᠷᠥᠩᠭᠡ 4 . 74 ᠳ᠋ᠦᠩᠰᠢᠭᠤᠷ ᠲᠥᠭᠦᠷᠢᠭ᠂ ᠨᠡᠶᠢᠲᠡ ᠶᠢᠨ ᠠᠰᠠᠷᠠᠮᠵᠢ ᠶᠢᠨ ᠲᠥᠷᠥᠯ ᠤᠨ ᠬᠥᠷᠥᠩᠭᠡ 2 . 8 ᠳ᠋ᠦᠩᠰᠢᠭᠤᠷ ᠲᠥᠭᠦᠷᠢᠭ᠂ ᠡᠵᠡᠩᠨᠡᠯᠲᠡ ᠶᠢᠨ ᠲᠥᠷᠥᠯ ᠤᠨ ᠬᠥᠷᠥᠩᠭᠡ 4.5 ᠳ᠋ᠦᠩᠰᠢᠭᠤᠷ ᠲᠥᠭᠦᠷᠢᠭ ᠲᠤ ᠬᠦᠷᠪᠡ᠃ ᠳ᠋ᠧ ᠴᠢᠩ ᠶᠤᠸᠠᠨ ᠠᠯᠲᠠᠨ ᠲᠠᠬᠢᠶ᠎ᠠ᠂ 2 . 4 ᠲᠦᠮᠡᠨ ᠺᠢᠯᠣᠸᠠᠲ ᠤᠨ ᠲᠦᠪᠯᠡᠷᠡᠮᠡᠯ ᠮᠠᠶ᠋ᠢᠭ ᠤᠨ ᠬᠡᠷᠡᠯ ᠴᠡᠨᠡᠭ ᠤᠨ ᠴᠠᠬᠢᠯᠭᠠᠨ ᠥᠷᠲᠡᠭᠡ᠂ 2.03 ᠲᠦᠮᠡᠨ ᠺᠢᠯᠣᠸᠠᠲ ᠤᠨ ᠲᠣᠰᠬᠤᠨ ᠤ ᠲᠠᠰ ᠤᠨ ᠬᠡᠷᠡᠯ ᠴᠡᠨᠡᠭ ᠤᠨ ᠴᠠᠬᠢᠯᠭᠠᠨ ᠥᠷᠲᠡᠭᠡ᠂ 12  ᠰᠠᠭᠤᠷᠢ ᠶᠠᠳᠠᠭᠤ ᠶᠢ ᠲᠡᠳᠬᠦᠬᠦ ᠦᠶᠯᠡᠳᠪᠦᠷᠢ ᠶᠢᠨ ᠲᠠᠰᠤᠭ ᠵᠢᠴᠢ ᠪᠤᠰᠤᠳ 17 ᠡᠳ᠋ ᠬᠥᠷᠥᠩᠭᠡ ᠶᠢᠨ ᠠᠰᠢᠭ ᠣᠯᠵᠠᠪᠤᠷᠢ ᠶᠢᠨ ᠲᠥᠷᠥᠯ ᠤᠨ ᠲᠥᠷᠥᠯ ᠵᠦᠶᠯ ᠨᠢ ᠵᠢᠯ ᠪᠦᠷᠢ 4000 ᠲᠦᠮᠡᠨ ᠲᠥᠭᠦᠷᠢᠭ ᠤᠨ ᠲᠣᠭᠲᠠᠭᠤᠨ ᠠᠰᠢᠭ ᠣᠯᠵᠠᠪᠤᠷᠢ ᠶᠢ ᠪᠡᠶᠡᠯᠡᠬᠦᠯᠦᠭᠰᠡᠨ ᠪᠠᠶᠢᠨ᠎ᠠ᠃ ᠪᠥᠬᠦ ᠬᠤᠰᠢᠭᠤᠨ ᠤ 176 ᠭᠠᠴᠠᠭ᠎ᠠ ᠲᠣᠰᠬᠤᠨ ᠤ ᠬᠠᠮᠲᠤ ᠶᠢᠨ ᠠᠵᠤ ᠠᠬᠤᠶ ᠶᠢᠨ ᠣᠷᠣᠯᠭ᠎ᠠ ᠪᠦᠬᠦᠨ ᠢᠶᠠᠷ ᠢᠶᠠᠨ 7 ᠲᠦᠮᠡᠨ ᠲᠥᠭᠦᠷᠢᠭ ᠢ ᠳᠠᠪᠠᠵᠤ᠂ 73 ᠭᠤᠤᠯᠳᠠᠯᠭ᠎ᠠ ᠲᠠᠢ ᠭᠠᠴᠠᠭ᠎ᠠ ᠲᠣᠰᠬᠤᠨ  ᠎ ᠤ ᠬᠠᠮᠲᠤ ᠶᠢᠨ ᠠᠵᠤ ᠠᠬᠤᠶ ᠎ ᠶᠢᠨ ᠣᠷᠣᠯᠭ᠎ᠠ ᠪᠦᠬᠦᠨ ᠢᠶᠠᠷ ᠢᠶᠠᠨ 20 ᠲᠦᠮᠡᠨ ᠲᠥᠭᠦᠷᠢᠭ ᠢ  ᠲᠠᠪᠠᠵᠠᠢ᠃  ᠭᠤᠷᠪᠠᠳᠠᠬᠢ ᠡᠲᠡᠭᠡᠳ  ᠎ ᠤᠨ ᠰᠢᠯᠭᠠᠨ ᠪᠠᠶᠢᠴᠠᠭᠠᠯᠳᠠ ᠪᠠ ᠤᠯᠤᠰ ᠤᠨ ᠨᠡᠶᠢᠳᠡᠮ ᠪᠠᠶᠢᠴᠠᠭᠠᠯᠳᠠ ᠶᠢ  ᠠᠮᠵᠢᠯᠳᠠᠳᠠᠢ ᠦᠩᠭᠡᠷᠡᠭᠡᠵᠦ  ᠂  9960 ᠡᠷᠦᠬᠡ  ᠂ 20837 ᠶᠠᠳᠠᠭᠤ ᠬᠦᠴᠢᠷᠳᠡᠯᠲᠡᠶ ᠬᠥᠮᠦᠨ ᠠᠮᠠ᠂  73 ᠶᠠᠳᠠᠭᠤ ᠬᠦᠴᠢᠷᠳᠡᠯᠲᠡᠶ ᠲᠣᠰᠬᠤᠨ  ᠪᠦᠬᠦᠨ  ᠎ ᠢᠶᠠᠷ ᠢᠶᠠᠨ ᠶᠠᠳᠠᠭᠤ ᠠᠴᠠ  ᠠᠩᠬᠢᠵᠢᠷᠠᠵᠤ᠂ 25 ᠵᠢᠯ ᠤᠨ ᠤᠯᠤᠰ ᠤᠨ ᠲᠠᠰ ᠤᠨ ᠶᠠᠳᠠᠭᠤ ᠬᠦᠴᠢᠷᠳᠡᠯᠲᠡᠶ ᠬᠤᠰᠢᠭᠤ ᠶᠢᠨ ᠮᠠᠯᠠᠭᠠᠶ  ᠎ ᠪᠠᠨ ᠠᠪᠴᠤ ᠬᠠᠶᠠᠯ᠎ᠠ᠃ ᠴᠢᠶᠠᠨ ᠶᠢᠨ ᠭᠸᠤ ᠪᠠᠯᠭᠠᠰᠤ ᠪᠦᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ ᠲᠡᠷᠢᠭᠦᠨ ᠤ ᠬᠠᠮᠲᠤ  ᠎ ᠶᠢᠨ ᠢᠷᠠᠭᠤ ᠠᠯᠳᠠᠷ ᠢ ᠬᠦᠷᠳᠡᠵᠤ᠂ ᠪᠣᠤᠴᠠᠩ ᠪᠠᠯᠭᠠᠰᠤᠨ ᠤ ᠪᠢᠶᠠᠨ ᠴᠢᠶᠠᠩ ᠲᠣᠰᠬᠤᠨ ᠤ ᠨᠠᠮ ᠤᠨ ᠡᠭᠦᠷ ᠤᠨ ᠱᠦᠵᠢ ᠸᠠᠩ ᠸᠧᠨ ᠴᠧᠩ ᠪᠦᠬᠦ ᠤᠯᠤᠰ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠠᠵᠢᠯ ᠤᠨ ︽ᠤᠷᠤᠭᠰᠢᠯᠠᠯᠲᠠ︾ ᠱᠠᠩᠨᠠᠯ ᠢ  ᠲᠤᠰᠴᠤ᠂ ᠴᠢᠶᠠᠨ ᠶᠢᠨ ᠭᠸᠤ ᠪᠠᠯᠭᠠᠰᠤᠨ ᠤ ᠨᠠᠮ ᠤᠨ ᠬᠤᠷᠢᠶᠠᠨ ᠤ ᠳᠡᠳ᠋ ᠱᠦᠵᠢ ᠼᠠᠢ ᠬᠦᠶ ᠯᠢᠨ ᠥᠪᠡᠷᠲᠡᠭᠡᠨ ᠵᠠᠰᠠᠬᠤ ᠣᠷᠣᠨ ᠤ 《 5.1 》 ᠬᠦᠳᠡᠯᠮᠦᠷᠢᠴᠢᠳ ᠤᠨ ᠮᠧᠳᠠᠯ ᠢ ᠲᠤᠰᠤᠭᠰᠠᠨ ᠪᠠᠶᠢᠨ᠎ᠠ᠃ ᠪᠣᠬᠢᠷᠲᠤᠯ ᠢ ᠰᠡᠷᠭᠡᠶᠢᠯᠡᠨ ᠵᠠᠰᠠᠬᠤ ᠠᠵᠢᠯ ᠦᠷᠭᠦᠯᠵᠢᠯᠡᠨ ᠴᠢᠩᠭᠠᠷᠠᠭᠰᠠᠨ᠃  ᠠᠭᠠᠷ᠂ ᠤᠰᠤ᠂ ᠬᠦᠷᠦᠰᠦᠨ ᠤ ᠬᠠᠮᠠᠭᠠᠯᠠᠯᠳᠠ ᠶᠢᠨ ᠳᠠᠶᠢᠯᠠᠯᠳᠤᠭᠠᠨ ᠢ ᠦᠷᠭᠦᠯᠵᠢᠯᠡᠨ ᠦᠷᠨᠢᠬᠦᠯᠵᠦ᠂ ᠲᠥᠪ ᠤᠨ ᠣᠷᠴᠢᠨ ᠲᠣᠭᠤᠷᠢᠨ ᠤ ᠬᠠᠮᠠᠭᠠᠯᠠᠯᠲᠠ ᠶᠢᠨ  ᠱᠠᠭᠠᠷᠳᠠᠨ  ᠪᠠᠶᠢᠴᠠᠭᠠᠯᠲᠠ᠂ ᠥᠪᠡᠷᠲᠡᠭᠡᠨ ᠵᠠᠰᠠᠬᠤ ᠣᠷᠣᠨ ᠤ ᠣᠷᠴᠢᠨ ᠲᠣᠭᠤᠷᠢᠨ ᠤ ᠬᠠᠮᠠᠭᠠᠯᠠᠯᠲᠠ ᠶᠢᠨ ᠶᠡᠭᠡ ᠪᠠᠶᠢᠴᠠᠭᠠᠯᠲᠠ  ᠎ ᠳᠤ ᠬᠠᠷᠢᠭᠤ ᠲᠤᠰᠬᠠᠭᠰᠠᠨ ᠠᠰᠠᠭᠤᠳᠠᠯ ᠢ ᠪᠦᠬᠦᠨ ᠢ ᠴᠡᠭᠴᠡᠯᠡᠨ ᠰᠠᠶᠢᠵᠢᠷᠠᠭᠤᠯᠪᠠ᠃  10  ᠲᠤᠨ  ᠪᠠ ᠲᠡᠬᠦᠨ ᠠᠴᠠ ᠪᠠᠭ᠎ᠠ ᠬᠡᠮᠵᠢᠶ᠎ᠡ ᠲᠠᠢ ᠨᠡᠭᠦᠷᠡᠰᠦ ᠰᠢᠲᠠᠭᠠᠬᠤ ᠵᠤᠤᠬ᠎ᠠ  21᠎ ᠶᠢ ᠰᠢᠭᠰᠢᠭᠳᠡᠭᠦᠯᠵᠦ᠂ ᠠᠭᠠᠷ ᠎ ᠤᠨ  ᠴᠢᠨᠰᠠᠭᠠᠨ ᠤ  ᠰᠢᠯᠢᠳᠡᠭᠵᠢᠯ ᠤᠨ ᠨᠣᠷᠮ᠎ᠠ 95.6 %᠎ ᠳᠤ  ᠬᠦᠷᠴᠡᠢ᠃  ᠭᠤᠤᠯ ᠮᠥᠷᠡᠨ ᠨᠠᠭᠤᠷ ᠴᠥᠭᠦᠷᠥᠮ ᠤᠨ ᠳᠠᠷᠤᠭ᠎ᠠ ᠶᠢᠨ ᠲᠦᠷᠢᠮ ᠢ ᠪᠥᠬᠦ ᠲᠠᠯ᠎ᠠ ᠪᠠᠷ ᠬᠡᠷᠡᠭᠵᠢᠭᠦᠯᠵᠦ᠂  ᠤᠤᠭᠤᠬᠤ ᠤᠰᠤᠨ ᠤ ᠡᠬᠢ ᠰᠤᠷᠪᠤᠯᠵᠢ ᠶᠢᠨ ᠬᠢᠨᠠᠯᠲᠠ ᠬᠠᠮᠢᠶᠠᠷᠤᠯᠲᠠ ᠶᠢᠨ ᠡᠷᠴᠢᠮ ᠢ  ᠴᠢᠩᠭᠠᠷᠠᠭᠤᠯᠪᠠ᠃ ᠲᠠᠷᠢᠶᠠᠯᠠᠩ ᠤᠨ ᠣᠯᠠᠨ ᠡᠬᠢᠲᠦ ᠪᠣᠬᠢᠷᠲᠤᠯ ᠢ ᠵᠠᠰᠠᠬᠤ ᠠᠵᠢᠯᠯᠠᠭ᠎ᠠ ᠶᠢ ᠭᠦᠨᠵᠡᠭᠡᠶ ᠠᠬᠢᠭᠤᠯᠵᠤ᠂ 《 ᠳᠥᠷᠪᠡ ᠶᠢ  ᠡᠵᠡᠮᠳᠡᠬᠦ 》 ᠠᠷᠭ᠎ᠠ ᠠᠪᠴᠢᠯ ᠎ ᠢ ᠴᠢᠩᠭ᠎ᠠ ᠨᠠᠶᠢᠳᠠᠪᠤᠷᠢᠵᠢᠭᠤᠯᠤᠨ᠂ ᠭᠤᠤᠯ ᠪᠣᠯᠬᠤ ᠲᠠᠷᠢᠮᠠᠯ ᠳᠤ ᠬᠢᠮᠢ ᠶᠢᠨ ᠪᠣᠷᠲᠣᠭᠤᠷ᠂ ᠲᠠᠷᠢᠶᠠᠨ ᠡᠮ ᠬᠡᠷᠡᠭᠯᠡᠬᠦ ᠬᠡᠮᠵᠢᠶ᠎ᠡ ᠶᠢ ᠦᠷᠬᠦᠯᠵᠢᠯᠡᠨ ᠪᠠᠭᠠᠰᠬᠠᠪᠠ᠃ ᠮᠠᠯ ᠵᠢᠭᠦᠷᠲᠡᠨ ᠤ ᠢᠯᠭᠠᠳᠠᠰᠤ ᠶᠢ ᠡᠬᠢ ᠪᠠᠶᠠᠯᠢᠭᠵᠢᠭᠤᠯᠤᠨ ᠠᠰᠢᠭᠯᠠᠬᠤ ᠲᠥᠷᠥᠯ ᠵᠦᠶᠯ ᠢ   ᠭᠡᠷᠡᠭᠵᠢᠬᠦᠯᠵᠦ᠂ ᠢᠯᠭᠠᠳᠠᠰᠤ ᠶᠢᠨ ᠪᠣᠬᠢᠷᠲᠤᠯ ᠢ ᠰᠢᠶᠳᠪᠦᠷᠢᠯᠡᠬᠦ ᠲᠣᠨᠤᠭ ᠲᠥᠬᠦᠭᠡᠷᠦᠮᠵᠢ ᠶᠢᠨ ᠢᠵᠢ  ᠪᠦᠷᠢᠳᠦᠯ ᠤᠨ ᠨᠣᠷᠮ᠎ᠠ  ᠪᠠ  ᠶᠡᠷᠦᠩᠬᠡᠶᠢᠯᠡᠨ ᠠᠰᠢᠭᠯᠠᠬᠤ ᠨᠣᠷᠮ᠎ᠠ ᠮᠡᠳᠡᠭᠳᠡᠬᠦᠶᠢᠴᠡ ᠨᠡᠮᠡᠭᠳᠡᠭᠰᠡᠨ ᠪᠠᠶᠢᠨ᠎ᠠ᠃  ᠪᠡᠯᠴᠢᠭᠡᠷᠯᠡᠭᠦᠯᠬᠦ ᠶᠢ ᠴᠠᠭᠠᠵᠠᠯᠠᠬᠤ ᠪᠡᠯᠴᠢᠭᠡᠷ ᠰᠡᠷᠭᠦᠭᠡᠬᠦ ᠰᠡᠯᠭᠦᠨ ᠮᠠᠯᠵᠢᠬᠤ ᠪᠠ ᠮᠠᠯ ᠪᠡᠯᠴᠢᠭᠡᠷ ᠤᠨ ᠲᠡᠩᠴᠡᠭᠦᠷᠢ ᠎ ᠶᠢ ᠪᠠᠳᠤᠯᠠᠬᠤ ᠳᠦᠷᠢᠮ ᠢ ᠴᠢᠩᠭ᠎ᠠ ᠬᠡᠷᠡᠭᠵᠢᠭᠦᠯᠵᠦ᠂ ᠬᠤᠶᠠᠳᠤᠭᠠᠷ ᠡᠭᠡᠯᠵᠢ ᠶᠢᠨ ᠠᠮᠢ ᠠᠬᠤᠢ ᠶᠢᠨ ᠬᠠᠮᠠᠭᠠᠯᠠᠯᠲᠠ ᠎ ᠶᠢᠨ ᠨᠥᠬᠦᠪᠥᠷᠢ ᠱᠠᠩᠨᠠᠯ ᠤᠨ ᠲᠥᠷᠥ ᠶᠢᠨ ᠪᠣᠳᠣᠯᠭ᠎ᠠ ᠶᠢ ᠪᠦᠬᠦ ᠲᠠᠯ᠎ᠠ ᠪᠠᠷ  ᠨᠠᠶᠢᠳᠠᠪᠤᠷᠢᠵᠢᠭᠤᠯᠪᠠ᠃  《 ᠤᠢ ᠮᠤᠳᠤᠨ ᠤ ᠲᠠᠷᠤᠭ᠎ᠠ  ᠎ ᠶᠢᠨ ᠲᠦᠷᠢᠮ︾᠎ ᠢ ᠨᠢᠮᠪᠠᠢ  ᠭᠡᠷᠡᠭᠵᠢᠬᠦᠯᠦᠨ  ᠂ 21.6 ᠲᠦᠮᠡᠨ ᠮᠦ ᠭᠤᠣᠯᠳᠠᠯᠭ᠎ᠠ ᠲᠠᠢ ᠣᠢ ᠰᠢᠭᠤᠢ ᠶᠢᠨ ᠢᠨᠵᠧᠨᠧᠷᠢᠩ ᠢ  ᠪᠡᠶᠡᠯᠡᠬᠦᠯᠵᠦ᠂ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠶᠢᠨ ᠳᠤᠮᠳᠠᠴᠢ ᠪᠦᠷᠬᠦᠴᠡ ᠪᠠ ᠣᠢ ᠰᠢᠭᠤᠢ ᠶᠢᠨ ᠪᠦᠷᠬᠦᠴᠡ ᠶᠢᠨ ᠨᠣᠷᠮ᠎ᠠ《 ᠬᠤᠣᠰ ᠳᠡᠭᠡᠭᠰᠢᠯᠡᠯᠲᠡ 》᠎ ᠲᠠᠢ ᠪᠤᠯᠪᠠ  ᠃ ᠬᠦᠨᠳᠦ ᠶᠡᠭᠡ ᠲᠦᠭᠰᠢᠭᠦᠷᠢ ᠶᠢ ᠰᠡᠷᠭᠡᠶᠢᠯᠡᠨ ᠠᠷᠢᠯᠭᠠᠬᠤ ᠠᠵᠢᠯ  ᠡᠷᠴᠢᠮ ᠪᠦᠳᠦᠮᠵᠢ ᠲᠠᠢ ᠶᠠᠪᠤᠭᠳᠠᠭᠰᠠᠨ᠃  《 ᠭᠠᠳᠠᠨ᠎ᠠ ᠠᠴᠠ ᠬᠠᠯᠳᠠᠪᠤᠷᠢᠯᠠᠨ ᠣᠷᠣᠵᠤ ᠢᠷᠡᠬᠦ ᠶᠢ ᠰᠡᠷᠭᠡᠶᠢᠯᠡᠬᠦ 》 ᠪᠣᠭᠤᠮᠲᠠ ᠶᠢ ᠴᠢᠩᠭ᠎ᠠ ᠰᠠᠬᠢᠵᠤ᠂ ᠬᠤᠯᠪᠣᠭᠠᠯᠠᠨ ᠰᠡᠷᠭᠡᠶᠢᠯᠡᠵᠦ ᠬᠤᠯᠪᠣᠭᠠᠯᠠᠨ ᠡᠵᠡᠮᠳᠡᠬᠦ᠂ ᠣᠯᠠᠨ ᠢᠶᠠᠷ ᠢᠶᠠᠨ ᠰᠡᠷᠭᠡᠶᠢᠯᠡᠵᠦ ᠣᠯᠠᠨ ᠢᠶᠠᠷ ᠢᠶᠠᠨ ᠡᠵᠡᠮᠳᠡᠬᠦ ᠰᠡᠷᠭᠡᠶᠢᠯᠡᠯᠳᠡ ᠡᠵᠡᠮᠳᠡᠯ ᠤᠨ ᠰᠢᠰᠲ᠋ᠧᠮᠵᠢ ᠶᠢ  ᠪᠠᠶᠢᠭᠤᠯᠤᠨ᠂ 《 ᠨᠢᠬᠡ ᠶᠢ ᠴᠤ ᠣᠷᠣᠭᠤᠯᠬᠤ ᠥᠬᠡᠶ 》 ᠬᠠᠷᠠᠯᠲᠠ  ᠎ ᠶᠢ ᠪᠡᠶᠡᠯᠡᠬᠦᠯᠵᠡᠢ᠃ ᠬᠢᠵᠢᠭ  ᠰᠡᠷᠭᠡᠶᠢᠯᠡᠯᠳᠡ ᠶᠢ ᠪᠠᠶᠢᠩᠭᠤᠵᠢᠭᠤᠯᠬᠤ ᠲᠣᠭᠲᠠᠴᠠ ᠶᠢ ᠲᠡᠬᠦᠯᠳᠡᠷᠵᠢᠬᠦᠯᠵᠦ᠂  PCR ᠪᠥᠭᠡᠮ ᠬᠦᠴᠢᠯ  ᠎ ᠤᠨ  ᠪᠠᠶᠢᠴᠠᠭᠠᠯᠳᠠ ᠶᠢᠨ ᠲᠠᠰᠤᠭ 2᠎ ᠢ ᠪᠠᠶᠢᠭᠤᠯᠵᠤ ᠠᠰᠢᠭᠯᠠᠯᠲᠠ ᠳᠤ  ᠤᠷᠤᠭᠤᠯᠪᠠ᠃  ᠵᠠᠰᠠᠭ  ᠎ ᠤᠨ ᠣᠷᠳᠣᠨ ᠤ ᠥᠷᠢ ᠥᠭᠴᠡᠭᠡ ᠶᠢ ᠨᠡᠶᠢᠲᠡ 6 . 96 ᠳ᠋ᠦᠩᠰᠢᠭᠤᠷ ᠲᠥᠭᠦᠷᠢᠭ ᠰᠢᠢᠳᠪᠦᠷᠢᠯᠡᠵᠦ᠂ ᠥᠷᠢ ᠥᠭᠴᠡᠭᠡ ᠶᠢᠨ ᠬᠡᠮᠵᠢᠶ᠎ᠡ ᠶᠢ  ᠵᠦᠢ ᠵᠤᠬᠢᠰᠳᠠᠢ  ᠬᠡᠪᠴᠢᠶᠡᠨ ᠳᠤ ᠪᠠᠶᠢᠯᠭᠠᠪᠠ᠃ ᠣᠷᠣᠨ ᠨᠤᠲᠤᠭ ᠤᠨ ᠵᠠᠰᠠᠭ ᠤᠨ ᠣᠷᠳᠣᠨ ᠤ ᠵᠢᠭᠡᠯᠡᠯᠭᠡ ᠶᠢᠨ ᠲᠡᠮᠳᠡᠭᠲᠦ ᠶᠢ ᠨᠡᠶᠢᠲᠡ 19 . 15 ᠳ᠋ᠦᠩᠰᠢᠭᠤᠷ ᠲᠥᠭᠦᠷᠢᠭ ᠡᠷᠡᠮᠡᠯᠵᠡᠯᠡᠨ ᠣᠯᠵᠤ᠂ ᠭᠤᠤᠯᠳᠠᠯᠭ᠎ᠠ ᠲᠠᠢ ᠠᠷᠠᠳ ᠤᠨ ᠠᠮᠢᠳᠤᠷᠠᠯ ᠨᠡᠶᠢᠲᠡ ᠶᠢᠨ ᠠᠰᠠᠷᠠᠮᠵᠢ ᠶᠢᠨ ᠠᠵᠢᠯ ᠦᠶᠯᠡᠰ ᠤᠨ ᠡᠷᠡᠭᠦᠯ ᠢᠶᠠᠷ ᠬᠥᠭᠵᠢᠬᠦ ᠶᠢ ᠪᠠᠳᠤᠯᠠᠭᠰᠠᠨ ᠪᠠᠶᠢᠨ᠎ᠠ᠃     ( ᠬᠤᠶᠠᠷ ) ᠬᠡᠯᠪᠡᠷᠢ ᠪᠠᠨ ᠬᠤᠪᠢᠷᠠᠭᠤᠯᠬᠤ ᠶᠢ ᠠᠬᠢᠭᠤᠯᠵᠤ᠂ ᠠᠵᠤ ᠦᠢᠯᠡᠰ ᠤᠨ ᠪᠦᠲᠦᠴᠡ ᠶᠢ ᠠᠯᠬᠤᠮ ᠠᠯᠬᠤᠮ ᠢᠶᠠᠷ ᠰᠢᠯᠢᠳᠡᠭᠵᠢᠬᠦᠯᠪᠡ᠃     ᠲᠠᠷᠢᠶᠠᠯᠠᠩ ᠮᠠᠯ ᠠᠵᠤ ᠠᠬᠤᠢ ᠶᠢᠨ ᠠᠵᠤ ᠦᠢᠯᠡᠰᠵᠢᠯᠳᠡ ᠶᠢᠨ ᠲᠦᠪᠰᠢᠨ ᠢᠯᠡᠳᠲᠡ ᠲᠡᠭᠡᠭᠰᠢᠯᠡᠭᠰᠡᠨ᠃  ᠪᠦᠬᠦ ᠠᠶᠢᠮᠠᠭ ᠤᠨ《 ᠬᠤᠨᠢ ᠶᠢ ᠴᠥᠭᠡᠳᠬᠡᠨ ᠦᠬᠡᠷ ᠢ ᠦᠰᠭᠡᠬᠦ》 ᠠᠵᠢᠯ ᠤᠨ ᠪᠠᠶᠢᠷᠢᠯᠠᠭᠤᠯᠤᠯᠲᠠ ᠪᠠ 《 ᠲᠡᠵᠢᠭᠡᠬᠦ ᠶᠢᠨ ᠲᠥᠯᠥᠭᠡ ᠲᠠᠷᠢᠬᠤ᠂ ᠲᠠᠷᠢᠵᠤ ᠲᠡᠵᠢᠭᠡᠬᠦ ᠶᠢ ᠨᠢᠭᠡ ᠴᠣᠭᠴᠠᠵᠢᠭᠤᠯᠬᠤ 》 ᠬᠥᠭᠵᠢᠯᠲᠡ ᠶᠢᠨ ᠰᠡᠳᠬᠢᠴᠡ ᠶᠢ  ᠨᠢᠮᠪᠠᠢ ᠨᠠᠶᠢᠳᠠᠪᠤᠷᠢᠵᠢᠭᠤᠯᠵᠤ  ᠂ ᠲᠠᠪᠤᠨ ᠵᠢᠯ ᠳᠤ 21 . 6 ᠲᠦᠮᠡᠨ ᠬᠤᠨᠢ ᠶᠢ  ᠴᠦᠬᠡᠳᠬᠡᠨ  ᠂  ᠰᠠᠶᠢᠨ ᠡᠭᠦᠯᠳᠡᠷ ᠤᠨ ᠮᠢᠬᠠᠨ ᠤ ᠦᠬᠡᠷ ᠤᠨ ᠲᠤᠭ᠎ᠠ ᠲᠣᠯᠣᠭᠠᠢ  12 ᠲᠦᠮᠡ ᠳᠤ  ᠬᠦᠷᠴᠦ᠂ 《 ᠭᠤᠷᠪᠠᠨ ᠨᠣᠭᠤᠭᠠᠨ 》 ᠲᠠᠷᠢᠮᠠᠯ ᠤᠨ ᠲᠠᠯᠠᠪᠠᠢ  12 . 8 ᠲᠦᠮᠡᠨ ᠮᠦ ᠨᠡᠮᠡᠭᠳᠡᠵᠦ᠂ ᠮᠠᠯᠴᠢᠨ ᠲᠠᠷᠢᠶᠠᠴᠢᠨ ᠤ ᠮᠠᠯ ᠠᠵᠤ ᠠᠬᠤᠢ ᠶᠢᠨ ᠣᠷᠣᠯᠭ᠎ᠠ ᠶᠢᠨ  ᠡᠵᠡᠯᠡᠬᠦ ᠬᠠᠷᠢᠴᠠᠯ  21 ᠵᠠᠭᠤᠨ ᠤ ᠬᠤᠪᠢ ᠶᠢᠨ ᠴᠡᠭ ᠲᠡᠭᠡᠭᠰᠢᠯᠡᠵᠡᠢ᠃ 《 ᠲᠠᠭᠠᠭᠤᠯᠤᠭᠴᠢ ᠠᠵᠤ ᠠᠬᠤᠶᠢᠯᠠᠯ + ᠰᠠᠭᠤᠷᠢᠨ ᠭᠠᠵᠠᠷ 》 ᠮᠠᠶ᠋ᠢᠭ ᠤᠨ ᠠᠵᠤ  ᠦᠢᠯᠡᠵᠢᠭᠰᠡᠨ ᠠᠵᠤ ᠠᠬᠤᠶ ᠶᠢ ᠶᠡᠬᠡᠪᠡᠷ  ᠬᠦᠭᠵᠢᠬᠦᠯᠵᠦ᠂  7 ᠦᠶᠯᠡᠳᠪᠦᠷᠢᠯᠡᠬᠦ ᠡᠳ᠋ᠰᠢᠭᠦᠯᠬᠦ ᠪᠣᠷᠣᠯᠠᠭᠤᠯᠬᠤ ᠬᠡᠯᠬᠢᠶᠡᠰᠦ ᠠᠩᠬ᠎ᠠ ᠠᠯᠬᠤᠮ ᠭᠡᠪᠴᠢᠶᠡᠵᠢᠭᠡᠳ᠂ ᠬᠤᠩ ᠵᠢᠩ ᠶᠤᠸᠠᠨ ᠲᠤᠰᠤᠨ ᠤ ᠦᠢᠯᠡᠰ ᠢᠶᠠᠷ  7.5 ᠲᠦᠮᠡᠨ ᠮᠥ ᠴᠢᠨᠠᠷ ᠬᠤᠮᠠ ᠲᠠᠷᠢᠬᠤ ᠶᠢ ᠳᠠᠶᠢᠴᠢᠯᠠᠵᠤ᠂ ᠭᠧ  ᠷᠦᠢ  ᠳ᠋ᠧ ᠲᠦᠮᠦᠰᠦᠨ ᠤ ᠦᠶᠯᠡᠰ ᠢᠶᠠᠷ  5  ᠲᠦᠮᠡᠨ ᠮᠥ ᠲᠦᠮᠦᠰᠦ ᠲᠠᠷᠢᠬᠤ ᠶᠢ  ᠲᠠᠶᠢᠴᠢᠯᠠᠨ  ᠂ ᠪᠠᠶ ᠬᠤᠶ ᠱᠧᠩ ᠰᠢᠬᠢᠷ ᠤᠨ ᠦᠶᠯᠡᠰ ᠢᠶᠠᠷ   8.6 ᠲᠦᠮᠡᠨ ᠮᠥ ᠰᠢᠬᠢᠷ ᠯᠤᠤᠪᠠᠩ ᠲᠠᠷᠢᠬᠤ ᠶᠢ ᠳᠠᠶᠢᠴᠢᠯᠠᠵᠤ᠂ ᠱᠧᠩ ᠲᠠᠢ ᠡᠮ ᠤᠨ ᠦᠶᠯᠡᠰ ᠢᠶᠠᠷ 1 ᠲᠦᠮᠡᠨ ᠮᠥ  ᠡᠪᠡᠰᠦᠨ ᠡᠮ ᠲᠠᠷᠢᠬᠤ ᠶᠢ  ᠲᠠᠶᠢᠴᠢᠯᠠᠨ᠂ ᠬᠤᠸᠠ ᠱᠧᠩ  ᠪᠣᠬᠢᠷᠲᠤᠯ ᠥᠬᠡᠶ ᠡᠨᠧᠷᠭᠢ ᠶᠢᠨ  ᠠᠵᠤ ᠦᠢᠯᠡᠰ ᠢᠶᠠᠷ 5 ᠲᠦᠮᠡᠨ ᠮᠥ  ᠵᠢᠮᠢᠰ ᠨᠣᠭᠤᠭ᠎ᠠ ᠲᠠᠷᠢᠬᠤ ᠎ ᠶᠢ ᠲᠠᠶᠢᠴᠢᠯᠠᠵᠤ᠂  ᠿᠢ ᠱᠧᠩ ᠴᠠᠩ  ᠲᠠᠷᠢᠶᠠᠯᠠᠩ ᠤᠨ ᠰᠢᠨᠵᠢᠯᠡᠭᠡ ᠮᠡᠷᠭᠡᠵᠢᠯ ᠤᠨ ᠦᠢᠯᠡᠰ ᠢᠶᠠᠷ 10 ᠲᠦᠮᠡᠨ ᠮᠤ᠋ ᠨᠠᠷᠠᠨ ᠬᠤᠸᠠᠷ ᠲᠠᠷᠢᠬᠤ ᠶᠢ ᠲᠠᠶᠢᠴᠢᠯᠠᠪᠠ᠃  ᠡᠦ ᠹᠧᠩ ᠺᠤᠮᠫᠠᠨᠢ ᠶᠢᠨ 2000  ᠦᠬᠡᠷ ᠤᠨ ᠭᠡᠪᠴᠢᠶ᠎ᠡ ᠲᠠᠢ ᠲᠡᠵᠢᠭᠡᠨ ᠦᠷᠡᠵᠢᠭᠦᠯᠬᠦ ᠲᠠᠯᠠᠪᠠᠢ ᠠᠰᠢᠭᠯᠠᠯᠲᠠ ᠳᠤ ᠣᠷᠣᠵᠤ᠂ 2000  ᠦᠬᠡᠷ  ᠎ ᠤᠨ ᠭᠡᠪᠴᠢᠶ᠎ᠠ ᠲᠠᠢ ᠪᠣᠷᠳᠣᠨ ᠲᠠᠷᠭᠤᠯᠠᠭᠤᠯᠬᠤ ᠦᠢᠯᠡᠳᠪᠦᠷᠢ  2᠎ ᠢ ᠪᠠᠶᠢᠭᠤᠯᠤᠭᠠᠳ᠂ 15 ᠡᠷᠦᠬᠡ ᠲᠠᠢ ᠵᠠᠭᠤ ᠠᠴᠠ ᠲᠡᠭᠡᠭᠰᠢ ᠦᠬᠡᠷ ᠮᠠᠯᠵᠢᠬᠤ ᠭᠡᠷ᠎ᠡ ᠲᠣᠭᠲᠠᠪᠠ᠃ ᠲᠠᠷᠢᠶᠠᠯᠠᠩ ᠮᠠᠯᠵᠢᠯ ᠪᠠ ᠠᠵᠤ ᠠᠬᠤᠶᠢᠯᠠᠯ ᠤᠨ ᠠᠰᠢᠭ ᠲᠤᠰᠠ ᠶᠢᠨ ᠬᠤᠯᠪᠣᠭ᠎ᠠ ᠡᠳᠦᠷ ᠢᠷᠡᠬᠦᠶ᠎ᠡ ᠨᠢᠭᠲᠠᠷᠠᠵᠤ᠂ ᠲᠠᠷᠢᠵᠤ  ᠮᠠᠯᠵᠢᠬᠤ ᠦᠢᠯᠡᠰ ᠤᠨ  ᠭᠡᠪᠴᠢᠶᠡᠵᠢᠭᠰᠡᠨ  ᠮᠠᠰᠢᠨᠴᠢᠯᠠᠭᠰᠠᠨ ᠵᠣᠬᠢᠶᠠᠨ ᠪᠠᠶᠢᠭᠤᠯᠤᠯᠵᠢᠭᠰᠠᠨ  ᠪᠣᠬᠢᠷᠲᠤᠯ ᠦᠬᠡᠶᠢᠵᠢᠭᠰᠡᠨ  ᠬᠢᠷᠢ ᠲᠦᠪᠰᠢᠨ ᠲᠠᠰᠤᠷᠠᠯᠲᠠ ᠥᠬᠡᠶ  ᠲᠡᠭᠡᠭᠰᠢᠯᠡᠵᠡᠢ᠃ ᠠᠵᠤ ᠦᠶᠯᠡᠳᠪᠦᠷᠢ ᠪᠠᠷ ᠬᠤᠰᠢᠭᠤ ᠪᠠᠨ ᠬᠦᠴᠦᠷᠬᠡᠭᠵᠢᠭᠦᠯᠬᠦ ᠪᠠᠶᠢᠯᠳᠤᠬᠤ ᠪᠣᠳᠣᠯᠭ᠎ᠠ ᠬᠦᠨᠵᠡᠬᠡᠢ ᠠᠬᠢᠭᠰᠠᠨ᠃ ᠠᠷᠠᠯᠵᠢᠶᠠᠴᠢᠨ ᠤᠷᠢᠬᠤ᠂ ᠠᠵᠤ ᠦᠢᠯᠡᠰ ᠪᠣᠶᠢᠵᠢᠭᠤᠯᠬᠤ ᠶᠢ ᠪᠦᠬᠦ ᠬᠦᠴᠦᠨ ᠢᠶᠠᠷ ᠠᠳᠬᠤᠵᠤ᠂ ᠳ᠋ᠦᠩᠰᠢᠭᠤᠷ ᠲᠥᠭᠦᠷᠢᠭ ᠠᠴᠠ ᠳᠡᠭᠡᠭᠰᠢᠬᠢ ᠪᠡᠯᠡᠭ ᠣᠷᠣᠭᠤᠯᠤᠯᠲᠠ ᠲᠠᠢ ᠭᠤᠣᠯᠳᠠᠯᠭ᠎ᠠ ᠲᠠᠢ ᠲᠥᠷᠥᠯ ᠵᠦᠢᠯ 19᠎ ᠶᠢ  ᠤᠷᠤᠭᠤᠯᠤᠨ᠂ ᠬᠡᠪᠴᠢᠶᠡᠵᠢᠯ ᠠᠴᠠ ᠳᠡᠭᠡᠭᠰᠢᠬᠢ ᠠᠵᠤ ᠦᠶᠯᠡᠳᠪᠦᠷᠢ ᠶᠢᠨ ᠠᠵᠤ ᠠᠬᠤᠶᠢᠯᠠᠯ 16 ᠪᠤᠯᠵᠤ᠂  ᠠᠵᠤ ᠦᠢᠯᠡᠳᠪᠦᠷᠢ ᠶᠢᠨ ᠭᠠᠶᠢᠯᠢ ᠶᠢᠨ ᠬᠤᠷᠢᠶᠠᠯᠳᠠ ᠶᠢᠨ ᠡᠵᠡᠯᠡᠬᠦ ᠬᠠᠷᠢᠴᠠᠯ 45 %᠎ ᠶᠢ ᠳᠠᠪᠠᠪᠠ᠃ ᠲᠠᠯ᠎ᠠ ᠨᠤᠲᠤᠭ ᠠᠷᠢᠬᠢᠨ ᠦᠢᠯᠡᠳᠪᠦᠷᠢ᠂ ᠬᠤᠩ ᠵᠢᠩ ᠶᠤᠸᠠᠨ ᠲᠤᠰᠤᠨ ᠤ ᠦᠢᠯᠡᠳᠪᠦᠷᠢ ᠶᠢ ᠨᠡᠭᠦᠯᠭᠡᠨ ᠥᠷᠭᠡᠳᠬᠡᠬᠦ ᠥᠭᠡᠷᠡᠴᠢᠯᠡᠯᠲᠡ ᠤᠷᠤᠭᠰᠢᠲᠠᠶ  ᠪᠡᠶᠡᠯᠡᠭᠳᠡᠵᠦ᠂  ᠦᠢᠯᠡᠳᠪᠦᠷᠢᠯᠡᠯ ᠤᠨ ᠴᠢᠳᠠᠪᠤᠷᠢ᠂ ᠮᠡᠷᠭᠡᠵᠢᠯ ᠲᠣᠨᠣᠭᠯᠠᠯ  ᠎ ᠤᠨ ᠬᠢᠷᠢ  ᠲᠦᠪᠰᠢᠨ᠂ ᠦᠶᠯᠡᠳᠬᠦᠨ ᠤ ᠶᠠᠰᠤ ᠴᠢᠨᠠᠷ ᠪᠠ ᠵᠠᠬ᠎ᠠ ᠳᠡᠯᠭᠡᠭᠦᠷ ᠤᠨ ᠡᠵᠡᠯᠡᠬᠦ ᠨᠣᠷᠮ᠎ᠠ ᠶᠡᠬᠡᠪᠡᠷ ᠲᠡᠭᠡᠭᠰᠢᠯᠡᠵᠡᠢ᠃   ᠡᠤ  ᠹᠧᠩ ᠺᠤᠮᠫᠠᠨᠢ  10 ᠲᠦᠮᠡᠨ  ᠰᠠᠶᠢᠨ ᠡᠭᠦᠯᠳᠡᠷ ᠤᠨ ᠮᠢᠬᠠᠨ ᠤ ᠦᠬᠡᠷ ᠤᠨ ᠦᠢᠯᠡᠳᠪᠦᠷᠢᠯᠡᠯ ᠤᠨ ᠱᠤᠭᠤᠮ ᠢ ᠲᠤᠷᠰᠢᠨ ᠠᠵᠢᠯᠯᠠᠭᠤᠯᠵᠤ᠂  ᠳ᠋ᠧ ᠴᠢᠩ ᠶᠤᠸᠠᠨ ᠺᠤᠮᠫᠠᠨᠢ ᠡᠳᠦᠷ ᠲᠤ 180 ᠲᠦᠮᠡᠨ ᠦᠨᠳᠡᠭᠡᠨ ᠤ ᠬᠤᠷᠢᠶᠠᠯᠳᠠ ᠲᠠᠢ ᠪᠤᠯᠵᠤ᠂ ᠪᠠᠢ ᠬᠤᠢ ᠱᠧᠩ  ᠺᠤᠮᠫᠠᠨᠢ 12 ᠲᠦᠮᠡᠨ ᠲᠣᠨ ᠴᠠᠭᠠᠨ ᠰᠢᠬᠢᠷ  ᠦᠢᠯᠡᠳᠪᠦᠷᠢᠯᠡᠨ᠂  ᠦᠢᠯᠡᠳᠪᠦᠷᠢᠯᠡᠯ  ᠎ ᠤᠨ ᠥᠷᠲᠡᠭ ᠨᠢ 7 ᠳ᠋ᠦᠩᠰᠢᠭᠤᠷ ᠲᠥᠭᠦᠷᠢᠭ ᠲᠠᠪᠠᠵᠠᠢ᠃  ᠱᠧᠩ ᠲᠠᠢ ᠡᠯ ᠺᠤᠮᠫᠠᠨᠢ ᠵᠢᠯ ᠳᠤ 3 ᠲᠦᠮᠡᠨ ᠲᠣᠨ ᠲᠡᠵᠢᠭᠡᠯ ᠪᠣᠷᠳᠣᠭᠠᠨ ᠤ ᠨᠡᠮᠡᠯᠲᠡ ᠡᠳ᠋  ᠪᠤᠯᠪᠠᠰᠤᠷᠠᠭᠤᠯᠬᠤ ᠴᠢᠳᠠᠮᠵᠢ ᠲᠠᠢ ᠪᠤᠯᠵᠤ᠂ 3 ᠳ᠋ᠦᠩᠰᠢᠭᠤᠷ ᠲᠥᠭᠦᠷᠢᠭ  ᠦᠢᠯᠡᠳᠪᠦᠷᠢᠯᠡᠯ ᠤᠨ ᠥᠷᠲᠡᠭ  ᠪᠡᠶᠡᠯᠡᠬᠦᠯᠦᠨ᠂  ᠴᠠᠭᠠᠰᠤ ᠰᠦᠯᠢᠶᠣᠣ ᠎ ᠶᠢᠨ ᠠᠵᠤ ᠦᠢᠯᠡᠰ ᠤᠨ ᠬᠦᠷᠢᠶᠡᠯᠡᠩ  ᠎ ᠳᠠᠬᠢ 12 ᠠᠵᠤ ᠠᠬᠤᠶᠢᠯᠠᠯ ᠤᠨ ᠦᠢᠯᠡᠳᠪᠦᠷᠢᠯᠡᠯ ᠲᠣᠭᠲᠠᠭᠤᠨ ᠢᠶᠠᠷ  ᠶᠠᠪᠤᠭᠳᠠᠵᠤ᠂ ᠵᠢᠯ ᠤᠨ ᠦᠢᠯᠡᠳᠪᠦᠷᠢᠯᠡᠯ ᠤᠨ ᠥᠷᠲᠡᠭ 1.5 ᠳ᠋ᠦᠩᠰᠢᠭᠤᠷ ᠲᠥᠭᠦᠷᠢᠭ  ᠲᠠᠪᠠᠵᠠᠢ᠃ ᠵᠢᠯ ᠳᠤ 66 ᠳ᠋ᠦᠩᠰᠢᠭᠤᠷ ᠺᠠᠷᠠᠲ  ᠬᠢᠮᠡᠯ ᠠᠯᠮᠠᠰ ᠦᠢᠯᠡᠳᠪᠦᠷᠢᠯᠡᠬᠦ ᠲᠥᠷᠥᠯ ᠵᠦᠢᠯ  ᠎ ᠨᠢ 10 ᠲᠦᠮᠡᠨ  ᠬᠠᠪᠳᠠᠭᠠᠢ ᠳᠥᠷᠪᠡᠯᠵᠢᠨ ᠮᠧᠲᠷ ᠤᠨ ᠦᠶᠯᠡᠳᠪᠦᠷᠢ ᠶᠢᠨ ᠭᠡᠷ ᠪᠠᠶᠢᠰᠢᠩ ᠢ  ᠪᠠᠶᠢᠭᠤᠯᠤᠨ᠂  2 ᠦᠢᠯᠡᠳᠪᠦᠷᠢᠯᠡᠯ ᠤᠨ ᠱᠤᠭᠤᠮ  ᠂  60 ᠲᠤᠮᠤ ᠮᠠᠰᠢᠨ ᠲᠦᠬᠦᠭᠡᠷᠦᠮᠵᠢ  ᠎ ᠶᠢ ᠲᠤᠷᠰᠢᠨ  ᠠᠵᠢᠯᠯᠠᠭᠤᠯᠵᠤ᠂  ᠺᠧ ᠲᠠᠢ ᠯᠦᠩ ᠳ᠋ᠠ  ᠤᠰᠤ ᠴᠡᠪᠡᠷᠰᠢᠭᠦᠯᠬᠦ ᠲᠥᠬᠦᠭᠡᠷᠦᠮᠵᠢ ᠶᠢᠨ ᠦᠶᠯᠡᠳᠪᠦᠷᠢᠯᠡᠯ ᠤᠨ ᠱᠤᠭᠤᠮ ᠢ  ᠪᠠᠶᠢᠭᠤᠯᠤᠨ ᠠᠰᠢᠭᠯᠠᠯᠲᠠ ᠳᠤ ᠤᠷᠤᠭᠤᠯᠪᠠ ᠃  85 ᠲᠦᠮᠡᠨ ᠺᠢᠯᠣᠸᠠᠲ ᠤᠨ ᠰᠠᠯᠬᠢᠨ ᠬᠦᠴᠦᠨ ᠤ ᠴᠠᠬᠢᠯᠭᠠᠨ  ᠎ ᠤ ᠲᠦᠷᠦᠯ ᠵᠦᠢᠯ ᠢ ᠰᠢᠨ᠎ᠡ ᠪᠠᠷ ᠪᠠᠶᠢᠭᠤᠯᠤᠨ ᠠᠰᠢᠭᠯᠠᠯᠳᠠ ᠳᠤ ᠤᠷᠤᠭᠤᠯᠵᠤ᠂  ᠵᠠᠭᠤᠨ ᠲᠦᠮᠡᠨ ᠺᠢᠯᠣᠸᠠᠲ ᠤᠨ ᠰᠢᠨ᠎ᠡ ᠡᠨᠧᠷᠭᠢ ᠶᠢᠨ ᠰᠠᠭᠤᠷᠢᠨ ᠭᠠᠵᠠᠷ ᠢ ᠪᠠᠶᠢᠭᠤᠯᠤᠨ ᠪᠦᠲᠦᠭᠡᠬᠦ ᠬᠠᠷᠠᠯᠲᠠ ᠪᠡᠶᠡᠯᠡᠭᠳᠡᠪᠡ  ᠃ ᠪᠤᠤᠴᠠᠩ ᠤᠨ ᠲᠡᠭᠡᠳᠦ  ᠰᠢᠨ᠎ᠡ ᠮᠡᠷᠭᠡᠵᠢᠯ ᠤᠨ ᠠᠵᠤ ᠦᠢᠯᠡᠰ ᠎ ᠤᠨ ᠬᠦᠷᠢᠶᠡᠯᠡᠩ ᠨᠢ ᠥᠪᠡᠷᠲᠡᠭᠡᠨ ᠵᠠᠰᠠᠬᠤ ᠣᠷᠣᠨ ᠤ ᠬᠤᠶᠠᠳᠤᠭᠠᠷ ᠲᠥᠷᠥᠯ ᠤᠨ  ᠤᠷᠤᠨ ᠲᠣᠭᠤᠷᠢᠭ ᠪᠣᠯᠤᠨ ᠳᠡᠰ ᠳᠡᠪᠰᠢᠵᠦ᠂ ᠣᠷᠣᠵᠤ  ᠨᠤᠳᠤᠭᠰᠢᠭᠰᠠᠨ ᠠᠵᠤ ᠠᠬᠤᠶᠢᠯᠠᠯ 17  ᠪᠠᠶᠢᠭᠰᠠᠨ ᠠᠴᠠ ᠪᠠᠨ 55  ᠪᠤᠯᠵᠤ ᠨᠡᠮᠡᠭᠳᠡᠨ  ᠂ ᠠᠵᠤ ᠦᠶᠯᠡᠳᠪᠦᠷᠢ ᠶᠢᠨ ᠲᠥᠷᠥᠯ ᠵᠦᠢᠯ 4 ᠶᠡᠭᠡ ᠲᠥᠷᠥᠯ  ᠎ ᠠᠴᠠ ᠪᠠᠨ 10 ᠶᠡᠭᠡ ᠲᠥᠷᠥᠯ ᠪᠣᠯᠤᠨ ᠨᠡᠮᠡᠭᠳᠡᠵᠦ᠂ ᠠᠵᠤ ᠦᠶᠯᠡᠳᠪᠦᠷᠢ ᠶᠢᠨ  ᠪᠦᠳᠦᠭᠡᠭᠳᠡᠬᠦᠨ 10 ᠵᠦᠢᠯ ᠪᠠᠶᠢᠭᠰᠠᠨ ᠠᠴᠠ ᠪᠠᠨ ᠵᠠᠭᠤ ᠭᠠᠷᠤᠢ ᠵᠦᠢᠯ ᠪᠣᠯᠤᠨ ᠨᠡᠮᠡᠭᠳᠡᠵᠦ᠂   ᠬᠦᠷᠢᠶᠡᠯᠡᠩ ᠳᠤ ᠠᠵᠢᠯ ᠤᠯᠤᠭᠰᠠᠳ 1500 ᠪᠠᠶᠢᠭᠰᠠᠨ ᠠᠴᠠ ᠪᠠᠨ 3100 ᠬᠥᠮᠦᠨ ᠪᠤᠯᠵᠤ ᠨᠡᠮᠡᠭᠳᠡᠨ᠂ ᠮᠠᠯ ᠤᠨ ᠠᠰᠢᠭ ᠰᠢᠮ᠎ᠡ ᠲᠠᠷᠢᠶᠠᠯᠠᠩ  ᠎ ᠤᠨ ᠪᠦᠲᠦᠭᠡᠭᠳᠡᠬᠦᠨ᠂ ᠲᠣᠨᠤᠭ ᠲᠥᠬᠦᠭᠡᠷᠦᠮᠵᠢ  ᠂ ᠰᠢᠨ᠎ᠡ ᠮᠠᠲ᠋ᠧᠷᠢᠶᠠᠯ᠂  ᠲᠡᠭᠡᠳᠦ ᠰᠢᠨ᠎ᠡ ᠮᠡᠷᠭᠡᠵᠢᠯ ᠪᠣᠯᠤᠨ ᠬᠥᠩᠭᠡᠨ ᠠᠵᠤ ᠦᠶᠯᠡᠳᠪᠦᠷᠢ ᠪᠠᠷᠢᠯᠭ᠎ᠠ ᠶᠢᠨ ᠮᠠᠲ᠋ᠧᠷᠢᠶᠠᠯ ᠎ ᠤᠨ ᠠᠵᠢᠯ ᠲᠥᠷᠥᠯ ᠢᠶᠠᠷ  ᠪᠦᠷᠢᠯᠳᠦᠴᠡ ᠪᠣᠯᠭᠠᠭᠰᠠᠨ᠂ ᠴᠠᠬᠢᠯᠭᠠᠨ᠂ ᠠᠷᠢᠬᠢ᠂ ᠰᠢᠬᠢᠷ᠂ ᠲᠣᠰᠣ᠂ ᠥᠨᠳᠡᠭᠡ᠂ ᠮᠢᠬ᠎ᠠ᠂ ᠡᠮ᠂ ᠰᠦᠯᠢᠶᠣᠣ ᠪᠠᠷ ᠲᠤᠯᠭᠠᠭᠤᠷᠢ ᠪᠣᠯᠭᠠᠭᠰᠠᠨ ᠣᠳᠣ ᠦᠶ᠎ᠡ ᠶᠢᠨ ᠠᠵᠤ ᠦᠶᠯᠡᠳᠪᠦᠷᠢ ᠶᠢᠨ ᠰᠢᠰᠲ᠋ᠧᠮ ᠠᠩᠬ᠎ᠠ ᠠᠯᠬᠤᠮ ᠲᠦᠯᠦᠪᠰᠢᠭᠰᠡᠨ ᠪᠠᠶᠢᠨ᠎ᠠ᠃  ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠦᠷᠨᠢᠬᠦᠨ ᠬᠦᠭᠵᠢᠭᠰᠡᠨ᠃ ᠪᠦᠬᠦ ᠣᠷᠣᠨ ᠪᠦᠰᠡ ᠶᠢᠨ ᠵᠢᠭᠤᠯᠴᠢᠯᠠᠯ  ᠎ ᠤᠨ ᠡᠷᠡᠭᠦᠯ ᠬᠥᠭᠵᠢᠯᠲᠡ ᠶᠢ ᠯᠠᠪᠳᠠᠭᠤᠨ  ᠎ ᠢᠶᠠᠷ ᠠᠬᠢᠭᠤᠯᠵᠤ᠂ ᠬᠠᠭᠠᠨ ᠤ ᠠᠳᠤᠭᠤᠨ ᠵᠤᠰᠠᠭᠠᠯ ᠢ ᠲᠡᠰ ᠲᠡᠪᠰᠢᠬᠦᠯᠬᠦ᠂  ᠵᠢᠭᠤᠯᠴᠢᠯᠠᠭᠴᠢ ᠳᠤ ᠦᠢᠯᠡᠴᠢᠯᠡᠬᠦ ᠲᠥᠪ᠂ ᠪᠢᠶᠠᠨ ᠴᠢᠶᠠᠩ ᠠᠮᠢ ᠠᠬᠤᠢ ᠶᠢᠨ ᠵᠤᠭᠠᠴᠠᠯ ᠤᠨ ᠲᠣᠰᠬᠤᠨ ᠵᠡᠷᠭᠡ ᠭᠤᠣᠯᠳᠠᠯᠭ᠎ᠠ ᠲᠠᠢ ᠲᠥᠷᠥᠯ ᠵᠦᠢᠯ ᠢ ᠲᠦᠷᠭᠡᠳᠬᠡᠨ ᠠᠬᠢᠭᠤᠯᠵᠤ᠂ ᠲᠠᠯ᠎ᠠ ᠨᠤᠲᠤᠭ ᠤᠨ ᠦᠵᠡᠮᠵᠢ ᠶᠢᠨ ᠱᠤᠭᠤᠮ ᠤᠨ ᠥᠷᠲᠡᠭᠡᠨ ᠤ ᠲᠡᠮᠳᠡᠭ 3᠂   ᠢᠯᠡᠷᠭᠡᠶᠢᠯᠡᠯ ᠤᠨ ᠱᠤᠭᠤᠮᠠᠯ 1᠎ ᠶᠢ ᠪᠤᠰᠬᠠᠵᠤ᠂ ᠪᠠᠷᠢᠮᠵᠢᠶᠠᠲᠤ ᠣᠳᠣᠨ ᠲᠡᠰ ᠤᠨ ᠪᠠᠭᠤᠳᠠᠯ 3᠂   ᠦᠨᠳᠦᠰᠦᠲᠡᠨ ᠎ ᠤ ᠣᠨᠴᠠᠯᠢᠭᠲᠤ  ᠠᠶᠢᠯ ᠬᠤᠳᠠ 1᠂   ᠵᠢᠭᠤᠯᠴᠢᠯᠠᠭᠴᠢ ᠳᠤ ᠵᠤᠷᠢᠭᠤᠯᠤᠭᠰᠠᠨ ᠵᠣᠷᠯᠣᠩ 69᠎ ᠶᠢ ᠪᠠᠶᠢᠭᠤᠯᠵᠤ᠂ ᠪᠦᠬᠦ ᠬᠤᠰᠢᠭᠤᠨ ᠤ ᠰᠣᠶᠣᠯ  ᠵᠢᠭᠤᠯᠴᠢᠯᠠᠯ ᠤᠨ ᠨᠡᠷᠡᠲᠦ ᠲᠡᠮᠳᠡᠭᠲᠦ ᠦᠵᠡᠮᠵᠢ ᠶᠢᠨ ᠣᠷᠣᠨ 9  ᠂  ᠵᠢᠭᠤᠯᠴᠢᠯᠠᠯ ᠎ ᠤᠨ ᠦᠢᠯᠡᠰ ᠡᠷᠬᠢᠯᠡᠬᠦ ᠡᠷᠦᠬᠡ 90 ᠡᠷᠦᠬᠡ  ᠎ ᠳᠤ ᠬᠦᠷᠴᠦ᠂  ᠪᠢᠶᠠᠨ ᠴᠢᠶᠠᠩ ᠲᠤᠰᠬᠤᠨ ᠪᠦᠬᠦ ᠤᠯᠤᠰ ᠤᠨ ᠬᠦᠳᠡᠭᠡ ᠲᠤᠰᠬᠤᠨ ᠤ ᠵᠢᠭᠤᠯᠴᠢᠯᠠᠯ ᠤᠨ ᠭᠤᠤᠯᠳᠠᠯᠭᠠᠳᠠᠢ ᠲᠤᠰᠬᠤᠨ ᠪᠠ ᠦᠵᠡᠰᠬᠦᠯᠡᠩᠳᠦ ᠰᠠᠶᠢᠬᠠᠨ ᠰᠡᠯᠡᠬᠦᠴᠡᠯ ᠎ ᠤᠨ ᠲᠤᠰᠬᠤᠨ ᠢᠶᠠᠷ ᠦᠨᠡᠯᠡᠭᠳᠡᠵᠡᠢ᠃ ᠳᠤᠮᠳᠠᠳᠤ ᠤᠯᠤᠰ ᠤᠨ ᠲᠠᠯ᠎ᠠ ᠨᠤᠲᠤᠭ ᠤᠨ ᠮᠣᠩᠭᠤᠯ ᠠᠳᠤᠭᠤᠨ ᠤ ᠰᠣᠶᠣᠯ ᠤᠨ ᠨᠠᠶᠢᠷ᠂ ᠰᠢᠨ᠎ᠡ ᠳᠤᠮᠳᠠᠳᠤ ᠤᠯᠤᠰ ᠪᠠᠶᠢᠭᠤᠯᠤᠭᠳᠠᠭᠰᠠᠨ 70 ᠵᠢᠯ ᠤᠨ ᠣᠶ ᠶᠢ ᠪᠡᠯᠭᠡᠯᠡᠬᠦ ᠮᠠᠯᠴᠢᠳ ᠎ ᠤᠨ ᠨᠠᠭᠠᠳᠤᠮ ᠵᠡᠷᠭᠡ ᠰᠣᠶᠣᠯ ᠵᠢᠭᠤᠯᠴᠢᠯᠠᠯ ᠤᠨ ᠠᠵᠢᠯᠯᠠᠭ᠎ᠠ ᠶᠢ ᠴᠢᠨᠠᠷ ᠰᠠᠶᠢᠲᠠᠶ ᠡᠷᠭᠢᠯᠡᠪᠡ᠃ ᠤᠯᠤᠰ᠂ ᠣᠷᠣᠨ ᠎ ᠤ ᠲᠠᠰ ᠤᠨ ᠡᠯᠧᠺᠲᠷᠣᠨ ᠬᠤᠳᠠᠯᠳᠤᠭᠠᠨ ᠤ ᠶᠠᠪᠤᠳᠠᠯ ᠢ ᠬᠥᠳᠡᠭᠡ ᠲᠣᠰᠬᠤᠨ ᠳᠤ ᠣᠷᠣᠭᠤᠯᠬᠤ ᠬᠤᠤᠰ ᠵᠢᠱᠢᠶᠠᠨ ᠎ ᠤ ᠲᠥᠷᠥᠯ ᠵᠦᠶᠯ ᠢ ᠯᠠᠪᠳᠠᠭᠤᠨ ᠢᠶᠠᠷ ᠠᠬᠢᠭᠤᠯᠵᠤ᠂ ᠲᠦᠷᠭᠡᠨ  ᠬᠦᠷᠬᠡᠯᠳᠡ ᠶᠢᠨ ᠠᠵᠤ ᠠᠬᠤᠶᠢᠯᠠᠯ 10᠂ ᠡᠯᠧᠺᠲᠷᠣᠨ ᠬᠤᠳᠠᠯᠳᠤᠭᠠᠨ ᠤ ᠠᠵᠤ ᠠᠬᠤᠶᠢᠯᠠᠯ 41᠂ ᠰᠦᠯᠵᠢᠶᠡᠨ ᠤ ᠪᠤᠷᠤᠯᠠᠭᠤᠯᠤᠭᠴᠢ 943᠎ ᠳᠤ  ᠬᠦᠷᠴᠡᠢ᠃  ᠪᠡᠭᠡᠵᠢᠩ ᠬᠤᠳᠠ ᠳᠤ  ᠪᠦᠳᠦᠭᠡᠭᠳᠡᠬᠦᠨ ᠢᠶᠠᠨ ᠳᠡᠯᠭᠡᠨ ᠪᠣᠷᠣᠯᠠᠭᠤᠯᠬᠤ ᠳᠡᠯᠭᠡᠭᠦᠷ ( ᠣᠷᠳᠣᠨ᠂ ᠲᠣᠭᠤᠷᠢᠭ ) 11᠎ ᠶᠢ ᠪᠠᠶᠢᠭᠤᠯᠵᠤ᠂  ᠠᠷᠠᠯᠵᠢᠶ᠎ᠠ ᠰᠤᠯᠢᠯᠴᠠᠭᠠᠨ ᠤ ᠬᠡᠮᠵᠢᠶ᠎ᠡ ᠨᠢ 15 ᠳ᠋ᠦᠩᠰᠢᠭᠤᠷ ᠲᠥᠭᠦᠷᠢᠭ ᠳᠠᠪᠠᠪᠠ᠃ 4 ᠵᠤᠷᠪᠤᠰ ᠪᠣᠳᠠᠰ ᠤᠨ ᠭᠦᠢᠯᠭᠡᠭᠡᠨ ᠤ ᠲᠤᠬᠢᠷᠠᠭᠤᠯᠤᠨ ᠬᠦᠷᠭᠡᠬᠦ ᠵᠠᠮ ᠱᠤᠭᠤᠮ ᠪᠦᠬᠦ ᠲᠠᠯ᠎ᠠ ᠪᠠᠷ ᠨᠡᠪᠲᠡᠷᠡᠵᠦ᠂  ᠡᠯᠧᠺᠲᠷᠣᠨ ᠬᠤᠳᠠᠯᠳᠤᠭ᠎ᠠ ᠬᠥᠳᠡᠭᠡ ᠲᠣᠰᠬᠤᠨ ᠳᠤ ᠣᠷᠤᠭᠰᠠᠨ ᠤᠯᠤᠰ  ᠎ ᠤᠨ ᠲᠡᠰ ᠤᠨ  ᠵᠢᠱᠢᠶ᠎ᠡ ᠦᠵᠡᠭᠦᠯᠬᠦ ᠭᠠᠵᠠᠷ ᠤᠷᠤᠨ ᠪᠠᠷ  ᠦᠨᠡᠯᠡᠭᠳᠡᠪᠡ᠃ ᠡᠯ᠎ᠡ ᠲᠥᠷᠥᠯ ᠤᠨ ᠮᠥᠩᠭᠦᠨ ᠭᠦᠢᠯᠭᠡᠭᠡᠨ ᠤ ᠪᠠᠶᠢᠭᠤᠯᠤᠮᠵᠢ ᠶᠢᠨ ᠡᠵᠡᠩᠨᠡᠯᠲᠡ ᠶᠢᠨ ᠴᠡᠭ 28 ᠪᠣᠯᠵᠤ᠂ ᠬᠠᠳᠠᠭᠠᠯᠠᠮᠵᠢ ᠵᠢᠭᠡᠯᠡᠯᠭᠡ ᠶᠢᠨ ᠦᠯᠡᠳᠡᠪᠦᠷᠢ  ᠲᠤᠰᠪᠤᠷᠢ 75 ᠳ᠋ᠦᠩᠰᠢᠭᠤᠷ ᠲᠥᠭᠦᠷᠢᠭ ᠪᠠ 54 ᠳ᠋ᠦᠩᠰᠢᠭᠤᠷ ᠲᠥᠭᠦᠷᠢᠭ ᠲᠤ ᠬᠦᠷᠴᠦ᠂  2015 ᠣᠨ ᠬᠢ ᠠᠴᠠ ᠬᠤᠶᠠᠷ ᠳᠠᠬᠢᠨ ᠨᠡᠮᠡᠭᠳᠡᠰᠡᠨ ᠪᠠᠶᠢᠨ᠎ᠠ᠃      ( ᠭᠤᠷᠪᠠ ) ᠨᠢᠭᠡᠳᠦᠯᠲᠡᠶ ᠲᠥᠯᠥᠪᠯᠡᠨ ᠵᠣᠬᠢᠴᠠᠭᠤᠯᠬᠤ ᠶᠢ ᠪᠠᠷᠢᠮᠲᠠᠯᠠᠵᠤ᠂ ᠬᠤᠲᠠ ᠬᠥᠳᠡᠭᠡ ᠶᠢᠨ ᠦᠩᠬᠡ ᠲᠦᠷᠬᠦ ᠡᠳᠦᠷ ᠠᠴᠠ ᠡᠳᠦᠷ ᠰᠢᠨᠡᠳᠦᠨ ᠬᠤᠪᠢᠷᠠᠪᠠ᠃      ᠮᠠᠯᠵᠢᠬᠤ ᠲᠠᠷᠢᠶᠠᠯᠠᠬᠤ ᠣᠷᠣᠨ ᠤ ᠬᠠᠭᠤᠴᠢᠨ ᠲᠦᠷᠰᠦ ᠪᠠᠶᠢᠳᠠᠯ ᠶᠡᠭᠡᠪᠡᠷ ᠬᠤᠪᠢᠷᠠᠭᠰᠠᠨ᠃ ᠲᠠᠪᠤᠨ ᠵᠢᠯ ᠎ ᠳᠤ ᠨᠡᠶᠢᠳᠡ 23 ᠳ᠋ᠦᠩᠰᠢᠭᠤᠷ ᠲᠥᠭᠦᠷᠢᠭ ᠤᠨ ᠪᠡᠯᠡ ᠤᠷᠤᠭᠤᠯᠤᠨ᠂ 1.11 ᠲᠦᠮᠡᠨ ᠡᠷᠦᠬᠡ ᠶᠢᠨ ᠨᠤᠷᠠᠬᠤ ᠠᠶᠤᠯᠲᠠᠢ ᠭᠡᠷ ᠪᠠᠶᠢᠰᠢᠩ ᠢ  ᠰᠢᠨᠡᠳᠬᠡᠨ ᠪᠠᠶᠢᠭᠤᠯᠵᠤ᠂ 2 .77 ᠲᠦᠮᠡᠨ ᠭᠡᠷ ᠪᠠᠶᠢᠰᠢᠩ ᠢ ᠰᠡᠯᠪᠢᠨ ᠵᠠᠰᠠᠵᠤ᠂ 6 . 93 ᠲᠦᠮᠡᠨ ᠨᠤᠷᠠᠬᠤ ᠠᠶᠤᠯᠲᠠᠶ ᠰᠢᠪᠠᠷ ᠪᠠᠶᠢᠰᠢᠩ ᠢ ᠨᠤᠷᠠᠭᠠᠨ᠂ 238 ᠲᠦᠮᠡᠨ ᠮᠧᠲᠷ ᠬᠦᠷᠢᠶ᠎ᠡ ᠬᠠᠰᠢᠶ᠎ᠠ ᠶᠢ  ᠰᠢᠨᠡᠳᠬᠡᠨ ᠪᠠᠶᠢᠭᠤᠯᠪᠠ᠃  ᠭᠠᠴᠠᠭ᠎ᠠ ᠲᠣᠰᠬᠤᠨ ᠳᠤ ᠨᠡᠪᠲᠡᠷᠡᠬᠦ  579  ᠺᠢᠯᠤᠮᠧᠲᠷ ᠵᠠᠮ ᠢ ᠰᠢᠨ᠎ᠡ ᠪᠠᠷ ᠪᠠᠶᠢᠭᠤᠯᠬᠤ ᠪᠤᠶᠤ  ᠦᠷᠭᠡᠳᠭᠡᠨ ᠵᠠᠰᠠᠵᠤ᠂ 588 ᠺᠢᠯᠣᠮᠧᠲᠷ ᠵᠡᠭᠡᠯᠢ ᠭᠤᠳᠤᠮᠵᠢ ᠶᠢ  ᠬᠠᠳᠠᠭᠤᠷᠠᠭᠤᠯᠤᠨ᠂  8335 ᠢᠵᠢ 《 ᠡᠷᠦᠬᠡ ᠪᠣᠯᠭᠠᠨ ᠳᠤ ᠨᠡᠪᠲᠡᠷᠡᠬᠦ 》 ᠲᠦᠬᠦᠭᠡᠷᠦᠮᠵᠢ ᠤᠭᠰᠠᠷᠠᠵᠤ᠂ 21 ᠰᠤᠷᠭᠠᠭᠤᠯᠢ ᠶᠢᠨ ᠭᠡᠷ ᠪᠠᠶᠢᠰᠢᠩ ᠢ ᠰᠢᠨ᠎ᠡ ᠪᠠᠷ ᠪᠠᠶᠢᠭᠤᠯᠬᠤ ᠪᠤᠶᠤ ᠥᠭᠡᠷᠡᠴᠢᠯᠡᠨ ᠪᠠᠶᠢᠭᠤᠯᠵᠤ᠂ 109 ᠰᠠᠭᠤᠷᠢ  ᠪᠠᠷᠢᠮᠵᠢᠶᠠᠵᠢᠭᠰᠠᠨ ᠡᠷᠡᠭᠦᠯ ᠬᠠᠮᠠᠭᠠᠯᠠᠯ ᠤᠨ ᠦᠷᠦᠭᠡ ᠶᠢ ᠰᠢᠨ᠎ᠡ ᠪᠠᠷ ᠪᠠᠶᠢᠭᠤᠯᠬᠤ ᠪᠠ ᠰᠡᠯᠪᠢᠨ ᠵᠠᠰᠠᠵᠤ  ᠂ 175 ᠭᠠᠴᠠᠭ᠎ᠠ ᠲᠣᠰᠬᠤᠨ ᠤ ᠰᠣᠶᠣᠯ ᠤᠨ ᠦᠷᠦᠭᠡᠨ ᠤ ᠲᠥᠬᠦᠭᠡᠷᠦᠮᠵᠢ ᠶᠢ ᠪᠦᠷᠢᠳᠦᠬᠦᠯᠦᠨ᠂ ᠠᠷᠠᠳ ᠲᠤ ᠲᠥᠬᠦᠮ ᠦᠵᠡᠭᠦᠯᠬᠦ ᠴᠢᠯᠦᠬᠡᠳᠦ ᠳᠡᠯᠭᠡᠭᠦᠷ ᠪᠠ ᠭᠠᠴᠠᠭ᠎ᠠ ᠲᠣᠰᠬᠤᠨ ᠱᠠᠲᠤᠨ ᠤ ᠡᠯᠧᠺᠲᠷᠣᠨ ᠬᠤᠳᠠᠯᠳᠤᠭᠠᠨ ᠤ ᠦᠶᠯᠡᠴᠢᠯᠡᠭᠡᠨ ᠤ ᠥᠷᠲᠡᠭᠡ 167᠎ ᠶᠢ ᠪᠠᠶᠢᠭᠤᠯᠪᠠ᠃ ᠬᠤᠭ ᠲᠡᠭᠡᠭᠡᠪᠦᠷᠢᠯᠡᠬᠦ ᠵᠢᠵᠢᠭ ᠲᠡᠷᠭᠡ 100  ᠂  ᠬᠤᠭ ᠤᠨ ᠬᠠᠶᠢᠷᠴᠠᠭ 1791᠎ ᠶᠢ ᠲᠤᠬᠢᠷᠠᠭᠤᠯᠤᠨ᠂ ᠬᠤᠭ ᠨᠣᠪᠰᠢ ᠶᠢ ᠴᠤᠭᠯᠠᠭᠤᠯᠤᠨ ᠲᠡᠭᠡᠭᠡᠪᠦᠷᠢᠯᠡᠬᠦ ᠥᠷᠲᠡᠭᠡ 55  ᠂ ᠬᠤᠭ ᠤᠨ ᠤᠩᠭᠤᠴᠠ 1857᠂  ᠨᠡᠶᠢᠲᠡ ᠶᠢᠨ ᠵᠣᠷᠯᠣᠩ 508᠂  ᠰᠢᠨ᠎ᠡ ᠮᠠᠶ᠋ᠢᠭ ᠤᠨ ᠭᠡᠷ ᠤᠨ ᠵᠣᠷᠯᠣᠩ 3051᠎ ᠶᠢ ᠪᠠᠶᠢᠭᠤᠯᠤᠭᠰᠠᠨ ᠪᠦᠬᠡᠳ 38 ᠲᠦᠮᠡᠨ ᠮᠦ  ᠨᠢᠯᠬ᠎ᠠ ᠮᠣᠳᠣ ᠲᠠᠷᠢᠵᠤ᠂  ᠬᠥᠳᠡᠭᠡ ᠲᠣᠰᠬᠤᠨ ᠤ ᠣᠯᠠᠨ ᠨᠡᠶᠢᠲᠡ ᠎ ᠶᠢᠨ ᠦᠢᠯᠡᠴᠢᠯᠡᠭᠡᠨ ᠤ  ᠲᠦᠬᠦᠭᠡᠷᠦᠮᠵᠢ ᠶᠢ ᠠᠵᠢᠯᠯᠠᠭᠤᠯᠬᠤ ᠪᠠ ᠬᠠᠮᠢᠶᠠᠷᠬᠤ ᠤᠷᠲᠤ ᠬᠤᠭᠤᠴᠠᠭᠠᠨ ᠤ ᠪᠦᠳᠦᠮᠵᠢᠳᠦ ᠲᠣᠭᠲᠠᠴᠠ ᠠᠩᠬ᠎ᠠ ᠠᠯᠬᠤᠮ ᠪᠠᠶᠢᠭᠤᠯᠤᠭᠳᠠᠨ᠂ ᠮᠠᠯᠵᠢᠬᠤ ᠲᠠᠷᠢᠶᠠᠯᠠᠬᠤ ᠣᠷᠣᠨ ᠤ  ᠲᠦᠷᠰᠦ ᠪᠠᠶᠢᠳᠠᠯ ᠳᠤ ᠯᠤᠲᠤ ᠶᠡᠭᠡ ᠬᠤᠪᠢᠷᠠᠯᠲᠠ ᠭᠠᠷᠴᠤ᠂ ᠮᠠᠯᠴᠢᠨ ᠲᠠᠷᠢᠶᠠᠴᠢᠨ ᠤ ᠦᠢᠯᠡᠳᠪᠦᠷᠢᠯᠡᠯ ᠠᠮᠢᠳᠤᠷᠠᠯ ᠤᠨ ᠨᠥᠬᠦᠴᠡᠯ ᠢᠯᠡᠳᠲᠡ ᠰᠠᠶᠢᠵᠢᠷᠠᠭᠰᠠᠨ ᠪᠠᠶᠢᠨ᠎ᠠ᠃   ᠠᠭᠤᠯᠤᠮᠵᠢᠳᠤ ᠭᠡᠯᠪᠡᠷᠢ ᠪᠠᠷ ᠬᠦᠭᠵᠢᠭᠰᠡᠨ ᠬᠤᠲᠠ ᠪᠠᠯᠭᠠᠰᠤᠨ ᠎ ᠤ ᠪᠠᠶᠢᠭᠤᠯᠤᠯᠲᠠ ᠬᠠᠮᠢᠶᠠᠷᠤᠯᠲᠠ ᠶᠢᠨ ᠵᠠᠮ ᠢ  ᠬᠠᠶᠢᠭᠰᠠᠨ᠃ ᠬᠠᠭᠤᠴᠢᠨ ᠲᠣᠭᠤᠷᠢᠭ ᠤᠨ ᠴᠢᠳᠠᠮᠵᠢ ᠶᠢ ᠪᠦᠷᠢᠨᠰᠢᠬᠦᠯᠵᠦ ᠰᠢᠨ᠎ᠡ ᠲᠣᠭᠤᠷᠢᠭ ᠤᠨ ᠴᠢᠨᠠᠷ ᠢ ᠳᠡᠭᠡᠭᠰᠢᠯᠡᠭᠦᠯᠬᠦ ᠪᠠᠷ ᠭᠤᠣᠯᠳᠠᠯᠭ᠎ᠠ ᠪᠤᠯᠭᠠᠨ᠂ ᠠᠵᠢᠯᠯᠠᠵᠤ ᠠᠮᠢᠳᠤᠷᠠᠬᠤ ᠳᠤ ᠲᠣᠬᠢᠷᠠᠮᠵᠢᠲᠠᠢ ᠠᠮᠢ ᠠᠬᠤᠢ ᠶᠢᠨ ᠰᠡᠯᠡᠭᠦᠴᠡᠯ ᠤᠨ ᠵᠢᠵᠢᠭ ᠪᠠᠯᠭᠠᠰᠤ ᠶᠢ  ᠪᠠᠶᠢᠭᠤᠯᠬᠤ ᠪᠠᠷ ᠴᠢᠷᠮᠠᠶᠢᠪᠠ᠃ 3.1 ᠳ᠋ᠦᠩᠰᠢᠭᠤᠷ ᠲᠥᠭᠦᠷᠢᠭ ᠤᠨ ᠪᠡᠯᠡ  ᠤᠷᠤᠭᠤᠯᠵᠤ᠂  23.2  ᠺᠢᠯᠤᠮᠧᠲᠷ ᠬᠤᠲᠠ ᠶᠢᠨ ᠵᠠᠮ  ᠎ ᠢ ᠰᠢᠨ᠎ᠡ ᠪᠠᠷ  ᠲᠡᠪᠢᠰᠦᠨ᠂ 20.5 ᠲᠦᠮᠡᠨ ᠬᠠᠪᠳᠠᠭᠠᠢ ᠳᠥᠷᠪᠡᠯᠵᠢᠨ  ᠮᠧᠲᠷ ᠢ ᠬᠠᠳᠠᠭᠤᠷᠠᠭᠤᠯᠵᠤ᠂ 2180 ᠢᠵᠢ ᠵᠠᠮ ᠤᠨ ᠳ᠋ᠧᠩ ᠤᠭᠰᠠᠷᠠᠵᠠᠢ᠃ 4 ᠵᠤᠷᠪᠤᠰ ᠮᠤᠬᠤᠷ ᠵᠠᠮ ᠢ ᠨᠡᠪᠲᠡᠷᠡᠭᠦᠯᠵᠦ᠂ ᠢᠯᠠᠩᠭᠤᠶ᠎ᠠ ᠵᠡᠭᠦᠨ ᠲᠣᠭᠤᠷᠢᠯ ᠵᠠᠮ ᠢ ᠪᠠᠶᠢᠭᠤᠯᠤᠭᠰᠠᠨ ᠰᠠᠭᠤᠷᠢᠨ ᠳᠡᠭᠡᠷ᠎ᠡ᠂  ᠪᠠᠷᠠᠭᠤᠨ ᠠᠭᠤᠯᠠ ᠶᠢᠨ ᠵᠠᠮ ᠪᠠ ᠵᠡᠭᠦᠨ ᠡᠮᠦᠨ᠎ᠡ ᠲᠣᠭᠤᠷᠢᠯ ᠵᠠᠮ ᠢ  ᠨᠡᠪᠳᠡᠷᠡᠬᠦᠯᠦᠬᠡᠳ᠂  ᠵᠠᠮ ᠬᠠᠷᠢᠯᠴᠠᠭᠠᠨ ᠤ ᠭᠤᠣᠯ ᠱᠤᠭᠤᠮ ᠤᠨ ᠲᠦᠭᠵᠢᠷᠡᠯ ᠤᠨ ᠠᠰᠠᠭᠤᠳᠠᠯ ᠢ ᠲᠤᠶᠢᠯᠪᠤᠷᠢᠲᠠᠶ ᠰᠢᠶᠳᠪᠦᠷᠢᠯᠡᠪᠡ᠃ 1.07 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂ 1 ᠲᠦᠭᠡᠭᠡᠯ ᠤᠰᠤᠨ ᠤ ᠦᠢᠯᠡᠳᠪᠦᠷᠢ ᠶᠢ ᠰᠢᠨ᠎ᠡ ᠪᠠᠷ ᠪᠠᠶᠢᠭᠤᠯᠤᠨ᠂ 1 ᠬᠠᠭᠤᠴᠢᠨ ᠤᠰᠤᠨ ᠤ ᠦᠢᠯᠡᠳᠪᠦᠷᠢ ᠶᠢ ᠥᠭᠡᠷᠡᠴᠢᠯᠡᠨ ᠪᠠᠶᠢᠭᠤᠯᠵᠤ᠂ 59 ᠺᠢᠯᠤᠮᠧᠲᠷ ᠤᠰᠤ ᠬᠠᠩᠭᠠᠬᠤ ᠬᠤᠭᠤᠯᠠᠢ  ᠎ ᠶᠢ ᠢᠵᠢ ᠪᠦᠷᠢᠳᠦᠭᠦᠯᠦᠨ ᠪᠠᠶᠢᠭᠤᠯᠬᠤ ᠪᠠ ᠥᠭᠡᠷᠡᠴᠢᠯᠡᠨ ᠪᠠᠶᠢᠭᠤᠯᠤᠭᠠᠳ᠂ ᠤᠰᠤ ᠬᠠᠩᠭᠠᠬᠤ ᠴᠢᠳᠠᠪᠤᠷᠢ ᠳᠠᠬᠢᠨ ᠢᠶᠠᠷ ᠳᠡᠭᠡᠭᠰᠢᠯᠡᠵᠦ᠂  ᠥᠨᠳᠥᠷ ᠳᠠᠪᠬᠤᠷᠭ᠎ᠠ ᠎ ᠶᠢᠨ ᠠᠰᠠᠷ ᠤᠨ ᠤᠤᠭᠤᠬᠤ ᠤᠰᠤᠨ ᠤ ᠬᠦᠴᠢᠷᠳᠡᠯ ᠲᠤᠶᠢᠯᠪᠤᠷᠢᠲᠠᠢ ᠰᠢᠢᠳᠪᠦᠷᠢᠯᠡᠭᠳᠡᠭᠰᠡᠨ ᠪᠠᠶᠢᠨ᠎ᠠ᠃ 1.53 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂ 144  ᠺᠢᠯᠤᠮᠧᠲᠷ  ᠪᠣᠷᠣᠭᠠᠨ ᠤ ᠤᠰᠤ ᠪᠣᠬᠢᠷ ᠤᠰᠤᠨ ᠤ ᠬᠤᠭᠤᠯᠠᠢ  ᠎ ᠶᠢ ᠰᠢᠨ᠎ᠡ ᠪᠠᠷ ᠪᠠᠶᠢᠭᠤᠯᠤᠭᠰᠠᠨ ᠪᠠ ᠥᠭᠡᠷᠡᠴᠢᠯᠡᠨ ᠵᠠᠰᠠᠵᠤ᠂  ᠬᠤᠲᠠ ᠶᠢᠨ  ᠭᠤᠤᠯ ᠲᠣᠭᠤᠷᠢᠭ ᠲᠤ ᠪᠣᠷᠣᠭᠠᠨ ᠤ ᠤᠰᠤ ᠪᠠ ᠪᠣᠬᠢᠷ ᠤᠰᠤ ᠶᠢ  ᠰᠠᠯᠭᠠᠵᠤ ᠤᠷᠤᠰᠬᠠᠬᠤ ᠶᠢ ᠦᠨᠳᠦᠰᠦᠨ ᠳᠡᠭᠡᠨ ᠪᠡᠶᠡᠯᠡᠭᠦᠯᠵᠦ᠂  ᠪᠤᠬᠢᠷ ᠤᠰᠤ ᠶᠢ ᠬᠤᠷᠢᠶᠠᠨ ᠴᠤᠭᠯᠠᠭᠤᠯᠬᠤ ᠨᠣᠷᠮ᠎ᠠ 76 %  ᠪᠠᠶᠢᠭᠰᠠᠨ ᠠᠴᠠ ᠪᠠᠨ 92 %  ᠪᠤᠯᠵᠤ ᠳᠡᠭᠡᠭᠰᠢᠯᠡᠪᠡ᠃ 8.46 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂ ᠢᠯᠴᠢ ᠴᠠᠬᠢᠯᠭᠠᠨ ᠤ  ᠬᠠᠮ ᠦᠢᠯᠡᠳᠪᠦᠷᠢᠯᠡᠯ ᠤᠨ ᠲᠥᠷᠦᠯ ᠵᠦᠢᠯ ᠢ  ᠪᠠᠶᠢᠭᠤᠯᠤᠨ᠂ 17.1  ᠺᠢᠯᠤᠮᠧᠲᠷ  ᠢᠯᠴᠢ ᠬᠠᠩᠭᠠᠬᠤ ᠬᠤᠭᠤᠯᠠᠢ ᠶᠢ ᠲᠥᠬᠦᠷᠵᠢᠭᠦᠯᠦᠨ ᠪᠠᠶᠢᠭᠤᠯᠵᠤ᠂ 37.5 ᠺᠢᠯᠤᠮᠧᠲᠷ ᠬᠠᠭᠤᠴᠢᠨ ᠲᠦᠬᠦᠭᠡᠷᠦᠮᠵᠢ ᠶᠢ ᠦᠬᠡᠷᠡᠴᠢᠯᠡᠨ᠂  ᠬᠠᠩᠭᠠᠯᠭ᠎ᠠ ᠶᠢᠨ ᠴᠢᠨᠠᠷ  ᠪᠠ ᠦᠢᠯᠡᠴᠢᠯᠡᠭᠡᠨ ᠤ ᠲᠦᠪᠰᠢᠨ ᠮᠡᠳᠡᠭᠳᠡᠮ᠎ᠡ ᠳᠡᠭᠡᠭᠰᠢᠯᠡᠪᠡ᠃ 9000 ᠲᠦᠮᠡᠨ ᠲᠥᠭᠦᠷᠢᠭ ᠤᠨ  ᠪᠡᠯᠡ ᠤᠷᠤᠭᠤᠯᠵᠤ᠂  ᠬᠠᠭᠤᠴᠢᠨ ᠰᠠᠭᠤᠭᠠᠯᠢ ᠲᠣᠭᠤᠷᠢᠭ 32᠎ ᠢ ᠥᠭᠡᠷᠡᠴᠢᠯᠡᠨ ᠰᠠᠶᠢᠵᠢᠷᠠᠭᠤᠯᠵᠤ᠂ 4518 ᠡᠷᠦᠬᠡ ᠳᠤ ᠠᠰᠢᠭ ᠬᠦᠷᠳᠡᠭᠡᠨ᠂  ᠤᠷᠤᠰᠢᠨ ᠰᠠᠭᠤᠷᠢᠰᠢᠬᠤ ᠣᠷᠴᠢᠨ ᠨᠦᠬᠦᠴᠡᠯ ᠢᠯᠡᠳᠲᠡ ᠰᠠᠶᠢᠵᠢᠷᠠᠭᠰᠠᠨ ᠪᠠᠶᠢᠨ᠎ᠠ  ᠃ 2.1 ᠳ᠋ᠦᠩᠰᠢᠭᠤᠷ ᠲᠥᠭᠦᠷᠢᠭ ᠤᠨ ᠪᠡᠯᠡ ᠣᠷᠣᠭᠤᠯᠵᠤ᠂  ᠤᠰᠤ ᠴᠡᠪᠡᠷᠰᠢᠬᠦᠯᠬᠦ ᠦᠢᠯᠡᠳᠪᠦᠷᠢ 1᠎ ᠶᠢ ᠪᠠᠶᠢᠭᠤᠯᠤᠨ᠂  9.5  ᠺᠢᠯᠤᠮᠧᠲᠷ ᠤᠰᠤ ᠴᠡᠪᠡᠷᠰᠢᠬᠦᠯᠬᠦ ᠬᠤᠭᠤᠯᠠᠢ ᠤᠭᠰᠠᠷᠠᠵᠤ᠂ ᠬᠤᠲᠠ ᠪᠠᠯᠭᠠᠰᠤᠨ ᠤ ᠪᠣᠬᠢᠷ ᠤᠰᠤ ᠰᠢᠢᠳᠪᠦᠷᠢᠯᠡᠬᠦ ᠦᠶᠯᠡᠳᠪᠦᠷᠢ ᠶᠢᠨ ᠭᠠᠳᠠᠭᠰᠢᠯᠠᠭᠤᠯᠤᠯᠲᠠ ᠶᠢᠨ ᠪᠠᠷᠢᠮᠵᠢᠶ᠎ᠠ ᠶᠢ ᠨᠢᠭᠡᠳᠦᠭᠡᠷ  ᠵᠡᠷᠭᠡ ᠶᠢᠨ A ᠳᠡᠰ  ᠪᠤᠯᠭᠠᠵᠤ ᠲᠡᠭᠡᠭᠰᠢᠯᠡᠬᠦᠯᠦᠨ᠂ ᠹᠣᠰᠹᠣᠷ ᠠᠽᠣᠲ ᠭᠠᠳᠠᠭᠰᠢᠯᠠᠭᠤᠯᠬᠤ ᠬᠡᠮᠵᠢᠶ᠎ᠡ ᠶᠢ ᠪᠦᠬᠦ ᠲᠠᠯ᠎ᠠ ᠪᠠᠷ ᠪᠠᠷᠢᠮᠵᠢᠶ᠎ᠠ ᠳᠤ ᠬᠦᠷᠭᠡᠵᠦ᠂ ᠠᠵᠤ ᠦᠶᠯᠡᠳᠪᠦᠷᠢ ᠶᠢᠨ ᠤᠷᠤᠨ ᠲᠣᠭᠤᠷᠢᠭ ᠤᠨ ᠪᠣᠬᠢᠷ ᠤᠰᠤ ᠰᠢᠢᠳᠪᠦᠷᠢᠯᠡᠬᠦ ᠦᠢᠯᠡᠳᠪᠦᠷᠢ ᠶᠢ  ᠪᠠᠶᠢᠭᠤᠯᠵᠤ ᠡᠬᠢᠯᠡᠪᠡ᠃  ᠤᠰᠤ  ᠴᠡᠪᠡᠷᠰᠢᠬᠦᠯᠦᠨ ᠠᠰᠢᠭᠯᠠᠬᠤ ᠠᠵᠢᠯ ᠢ ᠰᠠᠶᠢᠨ ᠬᠢᠵᠦ᠂ 1.79 ᠳ᠋ᠦᠩᠰᠢᠭᠤᠷ ᠲᠥᠭᠦᠷᠢᠭ ᠤᠨ ᠪᠠᠯᠠ ᠣᠷᠣᠭᠤᠯᠵᠤ᠂ PPP ᠵᠠᠭᠪᠤᠷ ᠢ ᠬᠡᠷᠡᠭᠯᠡᠨ ᠪᠣᠤᠴᠠᠩ ᠰᠣᠶᠣᠯ ᠤᠨ ᠴᠡᠴᠡᠷᠯᠢᠭ ᠢ  ᠰᠢᠨ᠎ᠡ ᠎ ᠪᠠᠷ  ᠲᠦᠯᠦᠪᠵᠢᠬᠦᠯᠦᠨ ᠪᠠᠶᠢᠭᠤᠯᠤᠭᠠᠳ᠂ ᠪᠣᠤᠴᠠᠩ ᠪᠠᠯᠭᠠᠰᠤᠨ ᠳᠤ ᠴᠡᠴᠡᠷᠯᠢᠭ ᠦᠬᠡᠢ ᠪᠠᠶᠢᠭᠰᠠᠨ ᠲᠡᠦᠬᠡ ᠶᠢ ᠡᠴᠦᠰᠯᠡᠭᠦᠯᠪᠡ᠃ 1.44 ᠳ᠋ᠦᠩᠰᠢᠭᠤᠷ ᠲᠥᠭᠦᠷᠢᠭ ᠤᠨ  ᠪᠡᠯᠡ ᠣᠷᠣᠭᠤᠯᠵᠤ᠂ ᠬᠤᠲᠠ ᠪᠠᠯᠭᠠᠰᠤᠨ ᠤ ᠨᠣᠭᠤᠭᠠᠷᠠᠭᠤᠯᠤᠯᠲᠠ ᠶᠢᠨ ᠲᠠᠯᠠᠪᠠᠢ ᠶᠢ 37.4 ᠲᠦᠮᠡᠨ ᠬᠠᠪᠳᠠᠭᠠᠢ ᠳᠥᠷᠪᠡᠯᠵᠢᠨ ᠮᠧᠲᠷ ᠨᠡᠮᠡᠭᠳᠡᠭᠦᠯᠵᠦ᠂ 25 ᠲᠦᠮᠡᠨ ᠬᠠᠪᠳᠠᠭᠠᠢ ᠳᠥᠷᠪᠡᠯᠵᠢᠨ ᠮᠧᠲᠷ ᠢ  ᠨᠦᠬᠦᠨ ᠲᠠᠷᠢᠵᠤ᠂ ᠥᠷᠲᠡᠭᠡᠨ ᠡᠮᠦᠨᠡᠬᠢ ᠲᠠᠯᠠᠪᠠᠢ ᠶᠢᠨ ᠪᠠᠶᠢᠭᠤᠯᠤᠯᠳᠠ᠂ ᠵᠡᠬᠦᠨ ᠠᠭᠤᠯᠠᠨ ᠤ ᠨᠣᠭᠤᠭᠠᠷᠠᠭᠤᠯᠤᠯᠲᠠ᠂  ᠲᠥᠪ ᠲᠠᠯᠠᠪᠠᠢ ᠶᠢᠨ ᠵᠠᠰᠠᠯᠲᠠ᠂ ᠭᠤᠣᠯ ᠵᠠᠮ ᠪᠠ ᠬᠤᠲᠠ ᠪᠠᠯᠭᠠᠰᠤᠨ ᠤ ᠭᠠᠷᠬᠤ ᠵᠠᠮ ᠤᠨ ᠨᠣᠭᠤᠭᠠᠷᠠᠭᠤᠯᠤᠯᠲᠠ ᠭᠡᠷᠡᠯᠲᠦᠭᠦᠯᠭᠡ ᠵᠡᠷᠭᠡ ᠲᠥᠷᠥᠯ ᠵᠦᠢᠯ ᠢ ᠬᠡᠷᠡᠭᠵᠢᠭᠦᠯᠵᠦ᠂ ᠬᠤᠲᠠ ᠪᠠᠯᠭᠠᠰᠤᠨ ᠤ ᠨᠣᠭᠤᠭᠠᠷᠠᠭᠤᠯᠤᠯᠲᠠ ᠶᠢᠨ ᠨᠣᠷᠮ᠎ᠠ 18.7 %᠎ ᠳᠤ ᠬᠦᠷᠪᠡ᠃  ᠤᠰᠤᠨ ᠵᠠᠶᠢᠯᠠᠭᠤᠷᠳᠤ ᠨᠡᠶᠢᠳᠡ ᠶᠢᠨ ᠵᠣᠷᠯᠣᠩ 24᠎ ᠶᠢ ᠰᠢᠨ᠎ᠡ ᠪᠠᠷ ᠪᠠᠶᠢᠭᠤᠯᠤᠨ᠂ ᠬᠤᠲᠠ ᠶᠢᠨ ᠲᠣᠭᠤᠷᠢᠭ ᠤᠨ ᠣᠷᠴᠢᠨ ᠲᠣᠭᠤᠷᠢᠨ ᠤ ᠠᠷᠢᠭᠤᠨ ᠴᠡᠪᠡᠷ ᠤᠨ ᠵᠠᠬ᠎ᠠ ᠳᠡᠯᠭᠡᠭᠦᠷᠴᠢᠯᠡᠭᠰᠡᠨ ᠡᠵᠡᠩᠨᠡᠯᠲᠡ ᠶᠢ ᠬᠡᠷᠡᠭᠵᠢᠭᠦᠯᠵᠦ᠂ ᠶᠡᠷᠦᠩᠬᠡᠢ ᠬᠥᠮᠥᠷᠭᠡ ᠶᠢᠨ ᠪᠠᠭᠲᠠᠭᠠᠮᠵᠢ ᠨᠢ 76 ᠲᠦᠮᠡᠨ ᠪᠣᠰᠤᠭ᠎ᠠ ᠳᠥᠷᠪᠡᠯᠵᠢᠨ ᠮᠧᠲᠷ ᠬᠦᠷᠬᠦ ᠬᠤᠲᠠ ᠪᠠᠯᠭᠠᠰᠤᠨ ᠤ ᠠᠮᠢᠳᠤᠷᠠᠯ ᠤᠨ ᠬᠤᠭ ᠨᠣᠪᠰᠢ ᠶᠢ ᠬᠤᠣᠷ  ᠦᠬᠡᠶᠢᠳᠡᠬᠦᠯᠦᠨ ᠰᠢᠢᠳᠪᠦᠷᠢᠯᠡᠬᠦ ᠲᠠᠯᠠᠪᠠᠢ ᠶᠢ ᠪᠠᠶᠢᠭᠤᠯᠤᠨ ᠠᠰᠢᠭᠯᠠᠯᠲᠠ ᠳᠤ ᠤᠷᠤᠭᠤᠯᠵᠤ᠂ ᠰᠠᠭᠤᠭᠠᠯᠢ ᠲᠣᠭᠤᠷᠢᠭ ᠤᠨ ᠣᠷᠴᠢᠨ ᠲᠣᠭᠤᠷᠢᠨ ᠤ ᠠᠷᠢᠭᠤᠨ ᠴᠡᠪᠡᠷ  ᠎ ᠤᠨ ᠠᠰᠠᠭᠤᠳᠠᠯ ᠢ ᠲᠤᠶᠢᠯᠪᠤᠷᠢᠲᠠᠢ ᠰᠢᠢᠳᠪᠦᠷᠢᠯᠡᠵᠡᠢ᠃  20 ᠰᠠᠭᠤᠭᠠᠯᠢ ᠲᠣᠭᠤᠷᠢᠭ ᠰᠢᠨ᠎ᠡ ᠪᠠᠷ ᠪᠠᠶᠢᠭᠤᠯᠤᠭᠳᠠᠨ᠂ ᠵᠢᠷᠤᠭ ᠲᠥᠯᠥᠪᠯᠡᠭᠡ ᠶᠢᠨ ᠬᠢᠷᠢ ᠲᠦᠪᠰᠢᠨ ᠪᠠ ᠪᠦᠲᠦᠭᠡᠨ ᠪᠠᠶᠢᠭᠤᠯᠤᠯᠲᠠ ᠶᠢᠨ  ᠴᠢᠨᠠᠷ ᠳᠡᠰ  ᠢᠯᠡᠳᠳᠡ ᠲᠡᠭᠡᠭᠰᠢᠯᠡᠭᠰᠡᠨ ᠪᠦᠬᠡᠳ 4137 ᠡᠷᠦᠬᠡ ᠶᠢᠨ ᠳᠥᠭᠦᠮ ᠪᠦᠲᠦᠴᠡᠲᠦ ᠣᠷᠣᠨ ᠰᠠᠭᠤᠴᠠ ᠶᠢ ᠵᠠᠰᠠᠨ ᠰᠢᠨᠡᠳᠬᠡᠵᠦ᠂ 1100 ᠮᠤ᠋  ᠭᠠᠵᠠᠷ ᠢ ᠰᠤᠯᠠᠯᠠᠨ᠂ ᠬᠤᠲᠠ ᠪᠠᠯᠭᠠᠰᠤᠨ ᠤ ᠬᠥᠭᠵᠢᠯᠲᠡ ᠳᠤ ᠰᠢᠨ᠎ᠡ ᠣᠷᠣᠨ ᠵᠠᠢ  ᠨᠡᠭᠡᠭᠡᠭᠰᠡᠨ ᠪᠠᠶᠢᠨ᠎ᠠ᠃ ᠬᠤᠲᠠ ᠬᠥᠳᠡᠭᠡ ᠶᠢᠨ ᠬᠥᠭᠵᠢᠯᠲᠡ ᠶᠢᠨ ᠳᠤᠲᠠᠭᠤᠳᠠᠯ ᠢ  ᠬᠦᠴᠦ ᠲᠠᠯᠪᠢᠵᠤ ᠨᠦᠬᠦᠪᠦᠷᠢᠯᠡᠭᠰᠡᠨ᠃ 《 ᠳᠥᠷᠪᠡᠨ ᠰᠠᠶᠢᠨᠳᠠᠢ ᠬᠥᠳᠡᠭᠡ ᠲᠣᠰᠬᠤᠨ ᠤ ᠵᠠᠮ 》᠎ ᠤᠨ ᠪᠠᠶᠢᠭᠤᠯᠤᠯᠲᠠ ᠶᠢ ᠯᠠᠪᠳᠠᠭᠤᠨ ᠢᠶᠠᠷ ᠠᠬᠢᠭᠤᠯᠵᠤ᠂   392.3 ᠺᠢᠯᠤᠮᠧᠲᠷ ᠰᠤᠮᠤ ᠰᠢᠶᠠᠩ ᠪᠠᠯᠭᠠᠰᠤᠨ ᠳᠤ ᠨᠡᠪᠳᠡᠷᠡᠬᠦ ᠵᠠᠰᠠᠮᠠᠯ ᠵᠠᠮ ᠢ ᠰᠢᠨ᠎ᠡ ᠪᠠᠷ ᠪᠠᠶᠢᠭᠤᠯᠬᠤ ᠪᠤᠶᠤ ᠥᠭᠡᠷᠡᠴᠢᠯᠡᠨ ᠵᠠᠰᠠᠵᠤ᠂ ᠠᠶᠠᠯᠠᠬᠤ ᠳᠤ ᠬᠦᠴᠢᠷ ᠪᠠᠶᠢᠭᠰᠠᠨ ᠵᠠᠮ ᠢ ᠪᠦᠬᠦᠨ ᠢ  ᠵᠠᠰᠠᠵᠤ ᠰᠠᠶᠢᠵᠢᠷᠠᠭᠤᠯᠤᠭᠰᠠᠨ ᠤ ᠬᠠᠮᠳᠤ᠂ ᠪᠥᠬᠦ ᠬᠤᠰᠢᠭᠤᠨ ᠤ ᠬᠥᠭᠵᠢᠯᠲᠡ ᠶᠢ ᠣᠷᠳᠣ ᠬᠤᠭᠤᠴᠠᠭ᠎ᠠ ᠪᠠᠷ ᠬᠢᠵᠠᠭᠠᠷᠯᠠᠵᠤ  ᠪᠠᠶᠢᠭᠰᠠᠨ ︽304︾ ᠮᠤᠵᠢ ᠶᠢᠨ ᠵᠠᠮ ᠤᠨ ᠪᠠᠶᠢᠭᠤᠯᠤᠯᠳᠠ ᠶᠢ ᠵᠢᠩᠬᠢᠨᠢ ᠪᠠᠷ ᠡᠬᠢᠯᠡᠬᠦᠯᠪᠡ᠃ ᠡᠯ᠎ᠡ ᠲᠠᠯ᠎ᠠ ᠶᠢᠨ ᠴᠢᠷᠮᠠᠶᠢᠯᠭ᠎ᠠ ᠪᠠᠷ ᠳᠠᠮᠵᠢᠨ  ᠎ ᠲᠠᠢ ᠽᠢ ᠴᠡᠩ ᠠᠴᠠ ᠰᠢᠯᠢᠩᠬᠤᠳᠠ ᠬᠦᠷᠬᠦ ᠲᠡᠮᠦᠷ ᠵᠠᠮ ᠨᠢ ᠲᠠᠶᠢᠹᠤᠰᠧ ᠬᠤᠰᠢᠭᠤ ᠪᠠᠷ ᠥᠩᠭᠡᠷᠡᠬᠦ ᠶᠢᠨ ᠬᠠᠮᠲᠤ ᠥᠷᠲᠡᠭᠡ ᠪᠠᠶᠢᠭᠤᠯᠬᠤ ᠪᠠᠷ ᠲᠤᠭᠳᠠᠭᠠᠳ᠂  ᠠᠰᠢᠭᠯᠠᠯᠳᠠ ᠳᠤ ᠤᠷᠤᠭᠰᠠᠨ ᠤ ᠲᠠᠷᠠᠭ᠎ᠠ ᠮᠠᠨ ᠤ ᠬᠤᠰᠢᠭᠤ ᠠᠴᠠ ᠪᠡᠭᠡᠵᠢᠩ ᠣᠷᠣᠬᠤ ᠴᠠᠭ  ᠎ ᠨᠢ ᠴᠠᠭ ᠬᠠᠭᠠᠰ ᠪᠣᠯᠭᠠᠨ ᠪᠤᠭᠤᠨᠢᠰᠴᠤ᠂  ᠲᠠᠶᠢᠹᠤᠰᠧ ᠬᠤᠰᠢᠭᠤᠨ ᠳᠤ ᠲᠡᠮᠦᠷ ᠵᠠᠮ ᠦᠭᠡᠢ ᠪᠠᠶᠢᠭᠰᠠᠨ ᠲᠡᠦᠬᠡ ᠶᠢ ᠡᠴᠦᠰᠯᠡᠬᠦᠯᠬᠦ ᠪᠠᠷ ᠪᠤᠯᠵᠠᠢ᠃  ᠠᠶᠤᠯᠬᠦᠢ ᠤᠰᠤ ᠤᠮᠳᠠ ᠶᠢᠨ ᠢᠨᠵᠧᠨᠧᠷᠢᠩ ᠢ ᠬᠦᠴᠦᠯᠡᠨ ᠬᠡᠷᠡᠭᠵᠢᠭᠦᠯᠵᠦ᠂  13 ᠲᠦᠮᠡᠨ ᠮᠠᠯᠴᠢᠨ ᠲᠠᠷᠢᠶᠠᠴᠢᠨ ᠤ ᠠᠶᠤᠯ ᠦᠭᠡᠶ  ᠤᠰᠤ ᠤᠮᠳᠠ ᠶᠢᠨ ᠠᠰᠠᠭᠤᠳᠠᠯ ᠢ ᠰᠢᠶᠳᠪᠦᠷᠢᠯᠡᠪᠡ᠃ ᠬᠤ᠋ ᠯᠦ ᠢᠤᠢ ᠭᠤᠣᠯ ᠤᠨ ᠭᠸᠦ ᠮᠧᠨ ᠳᠠᠬᠢ ᠬᠡᠰᠡᠭ᠂ ᠪᠣᠤᠴᠠᠩ ᠪᠠᠯᠭᠠᠰᠤᠨ ᠤ ᠡᠮᠦᠨ᠎ᠡ ᠭᠤᠣᠯ ᠤᠨ ᠭᠤᠯᠳᠤᠷᠢᠯ᠂ ᠪᠢᠶᠠᠨ ᠴᠢᠶᠠᠩ ᠲᠣᠰᠬᠤᠨ ᠤ ᠦᠶᠡᠷ ᠰᠡᠷᠭᠡᠶᠢᠯᠡᠬᠦ ᠢᠨᠵᠧᠨᠧᠷᠢᠩ ᠢ ᠪᠡᠶᠡᠯᠡᠭᠦᠯᠵᠦ᠂ 117.5  ᠬᠠᠪᠳᠠᠭᠠᠢ ᠳᠥᠷᠪᠡᠯᠵᠢᠨ  ᠺᠢᠯᠤᠮᠧᠲᠷ ᠪᠠᠭ᠎ᠠ ᠰᠠᠪᠠ ᠭᠠᠵᠠᠷ ᠤᠨ ᠵᠠᠰᠠᠯᠲᠠ  ᠎ ᠶᠢ  ᠬᠢᠪᠡ᠃  110 kv᠂ 35 kv  ᠎ ᠤᠨ ᠴᠠᠬᠢᠯᠭᠠᠨ ᠱᠤᠭᠤᠮ ᠢ 26 ᠺᠢᠯᠤᠮᠧᠲᠷ ᠪᠠᠶᠢᠭᠤᠯᠵᠤ᠂ 176  ᠺᠢᠯᠤᠮᠧᠲᠷ  ᠬᠥᠳᠡᠭᠡ ᠲᠣᠰᠬᠤᠨ ᠤ ᠴᠠᠬᠢᠯᠭᠠᠨ ᠲᠣᠣᠷ  ᠎ ᠲᠤ ᠦᠬᠡᠷᠡᠴᠢᠯᠡᠯᠳᠡ ᠬᠢᠵᠦ᠂ ᠮᠠᠯᠵᠢᠬᠤ ᠲᠠᠷᠢᠶᠠᠯᠠᠬᠤ ᠣᠷᠣᠨ ᠤ ᠬᠠᠭᠤᠴᠢᠨ ᠴᠠᠬᠢᠯᠭᠠᠨ ᠬᠦᠴᠦᠨ ᠤ ᠲᠥᠬᠦᠭᠡᠷᠦᠮᠵᠢ ᠶᠢ ᠦᠬᠡᠷᠡᠴᠢᠯᠡᠨ ᠰᠢᠨᠡᠳᠭᠡᠭᠰᠡᠨ ᠨᠣᠷᠮ᠎ᠠ  100 %᠎ ᠳᠤ ᠬᠦᠷᠴᠡᠢ᠃  4G᠎ ᠶᠢᠨ ᠳᠣᠬᠢᠶᠠᠨ ᠤ ᠪᠦᠷᠬᠦᠴᠡ 96%᠎ ᠳᠤ ᠬᠦᠷᠴᠦ  ᠂ 5G᠎ ᠶᠢᠨ ᠰᠠᠭᠤᠷᠢ ᠥᠷᠲᠡᠭᠡ 12 ᠪᠠᠶᠢᠭᠤᠯᠤᠭᠳᠠᠪᠠ᠃     ( ᠲᠦᠷᠪᠡ ) ᠠᠷᠠᠳ ᠲᠦᠮᠡᠨ ᠢ ᠳᠡᠭᠡᠳᠦᠯᠡᠬᠦ ᠶᠢ ᠪᠠᠷᠢᠮᠲᠠᠯᠠᠵᠤ᠂ ᠠᠷᠠᠳ ᠤᠨ ᠠᠮᠢᠳᠤᠷᠠᠯ ᠢ ᠨᠠᠩ ᠪᠠᠶᠠᠨ ᠴᠢᠨᠡᠭᠡᠯᠢᠭ ᠪᠤᠯᠭᠠᠪᠠ᠃        ᠠᠷᠠᠳ ᠤᠨ ᠠᠮᠢᠳᠤᠷᠠᠯ ᠤᠨ  ᠪᠠᠳᠤᠯᠠᠭᠠᠨ ᠤ ᠲᠦᠪᠰᠢᠨ ᠲᠣᠭᠲᠠᠭᠤᠨ ᠢᠶᠠᠷ  ᠲᠡᠭᠡᠭᠰᠢᠯᠡᠭᠰᠡᠨ᠃  ᠲᠠᠪᠤᠨ ᠵᠢᠯ ᠤᠨ ᠲᠤᠷᠰᠢ᠂ ᠠᠷᠠᠳ ᠤᠨ ᠠᠮᠢᠳᠤᠷᠠᠯ ᠢ ᠰᠠᠶᠢᠵᠢᠷᠠᠭᠤᠯᠬᠤ ᠳᠤ  ᠡᠳ᠋ ᠤᠨ ᠵᠠᠰᠠᠭ ᠠᠴᠠ ᠨᠡᠶᠢᠳᠡ  90 ᠳ᠋ᠦᠩᠰᠢᠭᠤᠷ ᠲᠥᠭᠦᠷᠢᠭ ᠤᠷᠤᠭᠤᠯᠤᠨ᠂   ᠲᠡᠭᠰᠢᠳᠭᠡᠭᠡᠳ ᠵᠢᠯ ᠤᠨ 18 ᠳ᠋ᠦᠩᠰᠢᠭᠤᠷ ᠲᠥᠭᠦᠷᠢᠭ ᠲᠤ  ᠬᠦᠷᠴᠦ ᠂ ᠠᠷᠠᠳ ᠲᠦᠮᠡᠨ ᠤ ᠠᠰᠢᠭ ᠬᠦᠷᠳᠡᠮᠵᠢ ᠢᠯᠡᠷᠭᠡᠢ ᠨᠡᠮᠡᠭᠳᠡᠪᠡ᠃  4.7 ᠲᠦᠮᠡᠨ ᠠᠵᠢᠯ ᠤᠨ ᠪᠠᠶᠢᠷᠢ ᠡᠯᠰᠡᠵᠦ᠂ ᠮᠠᠯᠵᠢᠬᠤ ᠲᠠᠷᠢᠶᠠᠯᠠᠬᠤ ᠣᠷᠣᠨ ᠤ 2.7 ᠲᠦᠮᠡᠨ ᠬᠥᠳᠡᠯᠮᠦᠷᠢ ᠬᠦᠴᠦᠨ ᠢ ᠰᠢᠯᠵᠢᠭᠦᠯᠦᠨ ᠠᠵᠢᠯ ᠣᠯᠭᠤᠵᠤ᠂ 5276 ᠲᠦᠮᠡᠨ ᠲᠥᠭᠦᠷᠢᠭ ᠤᠨ ᠦᠢᠯᠡᠰ ᠪᠦᠳᠦᠭᠡᠬᠦ ᠪᠠᠲᠤᠯᠠᠭᠠᠲᠤ ᠵᠢᠭᠡᠯᠡᠯᠭᠡ ᠲᠠᠷᠬᠠᠭᠠᠵᠠᠢ᠃  ᠪᠥᠬᠦ ᠬᠤᠰᠢᠭᠤᠨ ᠎ ᠤ 17.78 ᠲᠦᠮᠡᠨ ᠬᠤᠲᠠ ᠬᠥᠳᠡᠭᠡ ᠶᠢᠨ ᠰᠠᠭᠤᠭᠠᠯᠢ ᠠᠷᠠᠳ ᠪᠠ ᠬᠤᠲᠠ ᠪᠠᠯᠭᠠᠰᠤᠨ ᠤ ᠠᠵᠢᠯᠲᠠᠨ ᠠᠵᠢᠯᠴᠢᠨ ᠦᠨᠳᠦᠰᠦᠨ ᠡᠮᠨᠡᠯᠭᠡ ᠶᠢᠨ ᠳᠠᠭᠠᠳᠬᠠᠯ ᠳᠤ ᠣᠷᠣᠵᠤ᠂ ᠡᠮ ᠡᠮᠨᠡᠯᠭᠡ ᠶᠢᠨ ᠲᠥᠷᠥ ᠶᠢᠨ ᠪᠣᠳᠣᠯᠭ᠎ᠠ ᠶᠢᠨ ᠳᠣᠲᠣᠷᠠᠬᠢ ᠲᠠᠩᠰᠠ ᠴᠠᠶᠢᠷᠠᠭᠤᠯᠬᠤ ᠬᠠᠷᠢᠴᠠᠯ 5 %᠎ ᠪᠠᠷ ᠳᠡᠭᠡᠭᠰᠢᠯᠡᠪᠡ᠃ ᠬᠤᠲᠠ ᠬᠥᠳᠡᠭᠡ ᠶᠢᠨ ᠨᠠᠭᠠᠳᠤ ᠵᠠᠬ᠎ᠠ ᠎ ᠶᠢᠨ ᠠᠮᠢᠳᠤᠷᠠᠯ ᠤᠨ ᠪᠠᠲᠤᠯᠠᠭ᠎ᠠ᠂ ᠣᠨᠴᠠ ᠬᠦᠴᠢᠷᠳᠡᠯᠲᠡᠶ ᠬᠥᠮᠦᠰ ᠤᠨ ᠠᠰᠠᠷᠠᠮᠵᠢ ᠬᠠᠷᠠᠭᠠᠯᠵᠠᠯ᠂ ᠵᠡᠮᠳᠡᠭᠴᠦᠳ  ᠎ ᠲᠤ ᠤᠯᠭᠤᠬᠤ ᠨᠥᠬᠦᠪᠥᠷᠢ ᠶᠢᠨ ᠪᠠᠷᠢᠮᠵᠢᠶ᠎ᠠ ᠶᠢ ᠦᠷᠭᠦᠯᠵᠢᠯᠡᠨ ᠲᠡᠭᠡᠭᠰᠢᠯᠡᠬᠦᠯᠵᠦ᠂ ᠥᠨᠳᠥᠷ ᠨᠠᠰᠤᠨ ᠤ  ᠨᠦᠬᠦᠪᠦᠷᠢ ᠣᠯᠭᠤᠬᠤ ᠬᠡᠪᠴᠢᠶ᠎ᠡ ᠶᠢ ᠪᠦᠬᠦᠯᠢ 77 ᠨᠠᠰᠤᠨ ᠠᠴᠠ ᠳᠡᠭᠡᠭᠰᠢ ᠬᠦᠷᠲᠡᠯ᠎ᠡ ᠦᠷᠭᠡᠳᠭᠡᠨ᠂ ᠠᠵᠤ ᠠᠬᠤᠶᠢᠯᠠᠯ ᠤᠨ ᠠᠵᠢᠯ ᠠᠴᠠ ᠪᠠᠨ ᠠᠮᠠᠷᠠᠭᠰᠠᠳ ᠤᠨ ᠨᠠᠰᠤᠵᠢᠯ ᠤᠨ ᠠᠰᠠᠷᠠᠮᠵᠢ ᠶᠢᠨ  ᠮᠦᠩᠬᠦ《 ᠠᠷᠪᠠᠨ ᠵᠢᠷᠭᠤᠭᠠᠨ ᠵᠢᠯ ᠳᠠᠷᠠᠭᠠᠯᠠᠨ  ᠨᠡᠮᠡᠭᠳᠡᠬᠦ 》᠎ ᠶᠢ ᠪᠡᠶᠡᠯᠡᠭᠦᠯᠪᠡ᠃ ᠣᠷᠣᠨ ᠪᠦᠰᠡ ᠶᠢᠨ ᠴᠢᠨᠠᠷᠲᠠᠢ ᠠᠰᠠᠷᠠᠮᠵᠢ ᠡᠮᠴᠢᠯᠡᠭᠡ ᠤᠶᠠᠯᠳᠤᠭᠰᠠᠨ ᠨᠠᠰᠤᠳᠠᠶᠢᠴᠤᠳ ᠤᠨ ᠠᠰᠠᠷᠠᠮᠵᠢ ᠶᠢᠨ ᠬᠦᠷᠢᠶᠡᠯᠡᠩ ᠠᠰᠢᠭᠯᠠᠯᠲᠠ ᠳᠤ ᠣᠷᠣᠵᠤ᠂ ᠲᠥᠪᠯᠡᠷᠡᠭᠦᠯᠦᠨ ᠠᠰᠠᠷᠠᠬᠤ ᠨᠥᠬᠦᠴᠡᠯ ᠮᠡᠳᠡᠭᠳᠡᠬᠦᠶᠢᠴᠡ ᠰᠠᠶᠢᠵᠢᠷᠠᠵᠤ᠂  ᠪᠦᠬᠦ ᠤᠯᠤᠰ ᠤᠨ《 ᠨᠠᠰᠤᠲᠠᠨ  ᠎ ᠢᠶᠠᠨ ᠬᠦᠨᠳᠦᠯᠡᠭᠰᠡᠨ ᠪᠣᠯᠪᠠᠰᠤᠨ ᠨᠢᠬᠡᠴᠡ 》᠎ ᠪᠠᠷ  ᠴᠤᠯᠠᠯᠠᠭᠳᠠᠵᠤ᠂  ᠬᠤᠩ ᠵᠢᠩ ᠶᠤᠸᠠᠨ ᠺᠣᠮᠫᠠᠨᠢ ᠶᠢᠨ ᠠᠵᠢᠯᠲᠠᠨ ᠬᠤᠤ ᠶᠦᠩ ᠵᠢᠦᠢ ᠪᠥᠬᠦ ᠤᠯᠤᠰ ᠤᠨ ᠬᠥᠳᠡᠯᠮᠦᠷᠢ ᠶᠢᠨ ᠵᠢᠱᠢᠶᠡᠴᠢ  ᠪᠤᠯᠤᠭᠰᠠᠨ ᠪᠠᠶᠢᠨ᠎ᠠ᠃  ᠨᠡᠶᠢᠭᠡᠮ ᠤᠨ ᠦᠶᠯᠡᠰ ᠴᠡᠴᠡᠭᠯᠡᠨ ᠬᠦᠭᠵᠢᠭᠰᠡᠨ᠃ ᠪᠦᠬᠦ ᠠᠷᠠᠳ ᠢᠶᠠᠷ ᠢᠶᠠᠨ ᠰᠤᠷᠭᠠᠨ ᠬᠥᠮᠦᠵᠢᠯ ᠢ ᠬᠥᠭᠵᠢᠭᠦᠯᠬᠦ ᠢᠨᠵᠧᠨᠧᠷᠢᠩ ᠦᠨᠳᠦᠷ ᠪᠦᠲᠦᠮᠵᠢ ᠣᠯᠵᠤ᠂ ᠠᠯᠪᠠᠨ ᠵᠢᠷᠤᠮ ᠤᠨ ᠰᠤᠷᠭᠠᠨ ᠬᠥᠮᠦᠵᠢᠯ ᠤᠨ ᠲᠡᠩᠴᠡᠭᠦᠷᠢᠲᠡᠢ ᠬᠥᠭᠵᠢᠯᠲᠡ ᠤᠯᠤᠰ ᠎ ᠤᠨ ᠰᠢᠯᠭᠠᠨ ᠪᠠᠶᠢᠴᠠᠭᠠᠯᠲᠠ ᠳᠤ ᠬᠢᠷᠢ  ᠲᠡᠩᠴᠡᠭᠡᠳ᠂ ᠰᠤᠷᠭᠠᠨ ᠬᠥᠮᠦᠵᠢᠯ ᠤᠨ  ᠬᠢᠷᠢ ᠪᠦᠲᠦᠮᠵᠢ ᠶᠢᠨ ᠱᠠᠩᠨᠠᠯ ᠎ ᠤᠨ ᠮᠥᠩᠭᠦ  ᠎ ᠶᠢ ᠨᠡᠶᠢᠲᠡ 500 ᠲᠦᠮᠡᠨ ᠲᠥᠭᠦᠷᠢᠭ ᠲᠠᠷᠬᠠᠭᠠᠵᠤ᠂ ᠠᠵᠢᠯ ᠦᠢᠯᠡᠰ ᠤᠨ ᠣᠷᠣᠨ ᠲᠤᠭ᠎ᠠ ᠳᠤ 109 ᠨᠡᠷ᠎ᠡ᠂   ᠣᠨᠴᠠᠭᠠᠢ ᠠᠵᠢᠯ ᠤᠨ ᠪᠠᠶᠢᠷᠢ  ᠎ ᠳᠤ 32 ᠨᠡᠷ᠎ᠡ  ᠂  ᠬᠡᠦᠬᠡᠳ ᠤᠨ ᠴᠡᠴᠡᠷᠯᠢᠭ ᠤᠨ ᠨᠡᠶᠢᠲᠡ ᠶᠢᠨ ᠠᠰᠠᠷᠠᠮᠵᠢ ᠶᠢᠨ ᠴᠢᠨᠠᠷᠲᠠᠢ ᠠᠵᠢᠯ ᠤᠨ ᠪᠠᠶᠢᠷᠢᠨ ᠳᠤ 195 ᠨᠡᠷ᠎ᠡ  ᠪᠠᠭᠰᠢ ᠶᠢ  ᠡᠯᠰᠡᠨ ᠭᠡᠷᠡᠭᠯᠡᠵᠦ᠂  1 .2 ᠲᠦᠮᠡᠨ ᠬᠥᠮᠦᠨ ︵ᠤᠳᠠᠭ᠎ᠠ  ︶ ᠡᠯ᠎ᠡ ᠱᠠᠲᠤᠨ ᠤ ᠡᠯ᠎ᠡ ᠲᠥᠷᠥᠯ ᠤᠨ ᠪᠣᠯᠪᠠᠰᠤᠷᠠᠯ  ᠎ ᠳᠤ ᠤᠷᠤᠯᠴᠠᠨ᠂ ᠮᠣᠩᠭᠤᠯ ᠰᠤᠷᠭᠠᠭᠤᠯᠢ ᠶᠢᠨ ᠥᠨᠳᠥᠷ ᠳᠤᠮᠳᠠᠳᠤ  ᠎ ᠳᠤ ᠲᠡᠪᠰᠢᠬᠦ ᠰᠢᠯᠭᠠᠯᠲᠠ ᠶᠢᠨ ᠬᠢᠷᠢ ᠪᠦᠲᠦᠮᠵᠢ 4 ᠵᠢᠯ ᠳᠠᠷᠠᠭᠠᠯᠠᠨ ᠪᠦᠬᠦ ᠠᠶᠢᠮᠠᠭ ᠲᠤ ᠲᠡᠷᠢᠬᠦᠯᠡᠵᠡᠢ᠃  ᠠᠯᠪᠠᠨ ᠠᠴᠠ ᠡᠷᠬᠢᠯᠡᠭᠰᠡᠨ ᠬᠡᠦᠬᠡᠳ ᠤᠨ ᠴᠡᠴᠡᠷᠯᠢᠭ 4᠂   ᠬᠥᠳᠡᠭᠡ ᠲᠣᠰᠬᠤᠨ ᠎ ᠤ ᠵᠢᠭᠠᠨ ᠰᠤᠷᠭᠠᠬᠤ  ᠴᠡᠭ 2᠎ ᠢ ᠪᠠᠶᠢᠭᠤᠯᠵᠤ᠂   ᠠᠵᠢᠯ ᠮᠡᠷᠭᠡᠵᠢᠯ ᠤᠨ ᠰᠤᠷᠭᠠᠨ ᠬᠥᠮᠦᠵᠢᠯ ᠤᠨ ᠲᠥᠪ᠂ ᠮᠣᠩᠭᠤᠯ  ᠰᠤᠷᠭᠠᠭᠤᠯᠢ ᠶᠢᠨ ᠶᠡᠷᠦᠩᠬᠡᠶᠢᠯᠡᠭᠰᠡᠨ ᠠᠰᠠᠷ᠂ ᠲᠠᠪᠤᠳᠤᠭᠠᠷ ᠪᠠᠭ᠎ᠠ ᠰᠤᠷᠭᠠᠭᠤᠯᠢ ᠶᠢᠨ ᠶᠡᠷᠦᠩᠬᠡᠶᠢᠯᠡᠭᠰᠡᠨ ᠠᠰᠠᠷ᠂ ᠣᠯᠠᠨ ᠨᠡᠶᠢᠲᠡ ᠶᠢᠨ ᠳᠠᠳᠤᠯᠭ᠎ᠠ ᠪᠣᠯᠪᠠᠰᠤᠷᠠᠯ ᠤᠨ ᠰᠠᠭᠤᠷᠢᠨ ᠭᠠᠵᠠᠷ ᠵᠢᠴᠢ 10 ᠲᠤᠮᠳᠠᠳᠤ  ᠪᠠᠭ᠎ᠠ ᠰᠤᠷᠭᠠᠭᠤᠯᠢ ᠶᠢᠨ ᠰᠦᠯᠢᠶᠤᠤ ᠭᠤᠮ ᠪᠦᠳᠦᠴᠡᠳᠦ ᠲᠠᠮᠢᠷ ᠤᠨ ᠲᠠᠯᠠᠪᠠᠶ᠂ 5 ᠰᠤᠷᠭᠠᠭᠤᠯᠢ ᠶᠢᠨ ᠰᠠᠷᠠᠪᠴᠢᠳᠤ ᠲᠠᠮᠢᠷ ᠎ ᠤᠨ ᠲᠠᠯᠠᠪᠠᠶ ᠵᠡᠷᠭᠡ  ᠪᠦᠳᠦᠬᠡᠨ ᠪᠠᠶᠢᠭᠤᠯᠤᠯᠳᠠ  ᠎ ᠶᠢᠨ ᠲᠦᠷᠦᠯ ᠵᠦᠢᠯ ᠢ ᠤᠷᠤᠭᠰᠢᠲᠠᠶ ᠭᠡᠷᠡᠭᠵᠢᠬᠦᠯᠦᠨ᠂ ᠰᠤᠷᠭᠠᠨ ᠬᠥᠮᠦᠵᠢᠯ ᠤᠨ ᠦᠢᠯᠡᠰ ᠤᠨ ᠲᠡᠩᠴᠡᠭᠦᠷᠢᠲᠡᠶ ᠪᠥᠭᠡᠳ ᠴᠢᠨᠠᠷ ᠰᠠᠶᠢᠲᠠᠶ ᠬᠥᠭᠵᠢᠯᠲᠡ ᠶᠢ ᠪᠠᠳᠤᠯᠠᠭᠰᠠᠨ ᠪᠠᠶᠢᠨ᠎ᠠ᠃  ᠡᠮ ᠡᠮᠨᠡᠯᠭᠡ ᠡᠷᠡᠭᠦᠯ ᠬᠠᠮᠠᠭᠠᠯᠠᠯ ᠤᠨ ᠪᠠᠶᠢᠭᠤᠯᠤᠮᠵᠢ ᠶᠢᠨ ᠥᠭᠡᠷᠡᠴᠢᠯᠡᠯᠲᠡ ᠶᠢ  ᠬᠦᠨᠵᠡᠬᠡᠶᠢᠷᠡᠬᠦᠯᠵᠦ᠂ ᠬᠢᠲᠠᠳ ᠮᠣᠩᠭᠤᠯ ᠡᠮᠨᠡᠯᠭᠡ ᠶᠢᠨ ᠬᠤᠷᠢᠶ᠎ᠠ᠂ ᠡᠬᠡ ᠨᠢᠯᠬᠠᠰ ᠤᠨ ᠡᠷᠡᠬᠦᠯ ᠬᠠᠮᠠᠭᠠᠯᠠᠯ ᠪᠠ ᠲᠥᠯᠥᠪᠯᠡᠭᠡᠲᠦ ᠦᠷᠡᠵᠢᠯ ᠤᠨ ᠦᠢᠯᠡᠴᠢᠯᠡᠭᠡᠨ ᠤ ᠲᠥᠪ᠂ 3 ᠰᠠᠭᠤᠷᠢ ᠡᠷᠡᠭᠦᠯ ᠬᠠᠮᠠᠭᠠᠯᠠᠯ ᠤᠨ ᠬᠤᠷᠢᠶ᠎ᠠ ᠪᠠ 11 ᠰᠠᠭᠤᠷᠢ ᠮᠣᠩᠭᠤᠯ ᠬᠢᠲᠠᠳ ᠡᠮᠨᠡᠯᠭᠡ ᠶᠢᠨ ᠭᠠᠵᠠᠷ ᠠᠰᠢᠭᠯᠠᠯᠲᠠ ᠳᠤ ᠤᠷᠤᠵᠤ᠂  ᠬᠤᠰᠢᠭᠤ ᠡᠮᠨᠡᠯᠭᠡ ᠶᠢᠨ ᠬᠤᠷᠢᠶ᠎ᠠ ᠨᠢ ᠬᠠᠯᠳᠠᠪᠤᠷᠢᠲᠤ ᠡᠪᠡᠳᠴᠢᠨ᠂ ᠮᠡᠳᠡᠷᠡᠯ ᠤᠨ ᠡᠪᠡᠳᠴᠢᠨ ᠤ ᠲᠤᠰᠬᠠᠢ ᠰᠠᠯᠠᠭ᠎ᠠ ᠲᠠᠰᠤᠭ ᠢ ᠰᠢᠨ᠎ᠡ ᠪᠠᠷ  ᠪᠠᠶᠢᠭᠤᠯᠤᠨ᠂ ᠴᠢᠰᠤ ᠨᠡᠪᠴᠢᠭᠦᠯᠦᠨ ᠢᠯᠭᠠᠷᠠᠭᠤᠯᠬᠤ᠂ ᠴᠥᠮ᠎ᠡ ᠶᠢᠨ ᠰᠣᠷᠢᠨᠵᠢᠨ ᠢᠶᠠᠷ ᠪᠠᠶᠢᠴᠠᠭᠠᠬᠤ  ᠂ 64  ᠮᠦᠷᠳᠦ CT ᠵᠡᠷᠭᠡ ᠲᠡᠷᠢᠭᠦᠨ ᠤ  ᠲᠥᠬᠦᠭᠡᠷᠦᠮᠵᠢ ᠶᠢ ᠤᠷᠤᠭᠤᠯᠵᠤ  ᠭᠡᠷᠡᠭᠯᠡᠪᠡ᠃ ᠬᠤᠰᠢᠭᠤ ᠡᠮᠨᠡᠯᠭᠡ ᠶᠢᠨ ᠬᠤᠷᠢᠶᠠᠨ ᠤ ᠬᠠᠯᠳᠠᠪᠤᠷᠢᠲᠤ ᠡᠪᠡᠳᠴᠢᠨ ᠤ ᠲᠣᠭᠤᠷᠢᠭ᠂ ᠬᠤᠰᠢᠭᠤᠨ ᠤ ᠡᠪᠡᠳᠴᠢᠨ ᠡᠮᠭᠡᠭ ᠢ ᠰᠡᠷᠭᠡᠶᠢᠯᠡᠨ ᠡᠵᠡᠮᠳᠡᠬᠦ ᠲᠥᠪ ᠤᠨ ᠬᠤᠯᠤᠭᠠᠨ᠎ᠠ ᠎ ᠶᠢᠨ ᠬᠢᠵᠢᠭ ᠪᠠᠶᠢᠴᠠᠭᠠᠬᠤ ᠲᠥᠷᠥᠯ ᠵᠦᠢᠯ ᠢ ᠡᠬᠢᠯᠡᠨ ᠬᠡᠷᠡᠭᠵᠢᠭᠦᠯᠵᠦ᠂   ᠤᠵᠢᠭ ᠡᠪᠡᠳᠴᠢᠨ ᠢ ᠰᠡᠷᠭᠡᠶᠢᠯᠡᠨ ᠡᠵᠡᠮᠳᠡᠬᠦ ᠤᠷᠤᠨ ᠤ ᠲᠡᠰ ᠤᠨ  ᠵᠢᠱᠢᠶ᠎ᠡ ᠦᠵᠡᠬᠦᠯᠬᠦ ᠬᠤᠰᠢᠭᠤ ᠪᠠ  ᠡᠷᠡᠬᠦᠯ ᠬᠠᠮᠠᠭᠠᠯᠠᠯ ᠤᠨ ᠬᠤᠳᠠ ᠪᠠᠯᠭᠠᠰᠤ ᠶᠢ ᠠᠮᠵᠢᠯᠳᠠᠳᠠᠢ ᠡᠬᠦᠳᠦᠨ ᠪᠠᠶᠢᠭᠤᠯᠤᠭᠠᠳ᠂  ᠡᠮᠨᠡᠯᠭᠡ ᠶᠢᠨ ᠪᠠᠳᠤᠯᠠᠭᠠᠨ ᠤ  ᠬᠢᠷᠢ ᠲᠦᠪᠰᠢᠨ ᠪᠠ ᠪᠠᠴᠢᠮ ᠪᠠᠶᠢᠳᠠᠯ ᠢ ᠠᠷᠭᠠᠴᠠᠨ ᠰᠢᠢᠳᠪᠦᠷᠢᠯᠡᠬᠦ  ᠬᠢᠷᠢ ᠴᠢᠳᠠᠪᠤᠷᠢ ᠮᠡᠳᠡᠭᠳᠡᠮ᠎ᠡ ᠲᠡᠭᠡᠭᠰᠢᠯᠡᠯᠳᠡ ᠲᠠᠢ ᠪᠤᠯᠵᠠᠢ᠃ ᠨᠡᠶᠢᠭᠡᠮ ᠲᠣᠭᠤᠷᠢᠭ ᠤᠨ ᠦᠢᠯᠡᠴᠢᠯᠡᠭᠡᠨ ᠤ  ᠰᠠᠭᠤᠷᠢᠨ ᠭᠠᠵᠠᠷ ᠪᠣᠯᠤᠨ ᠡᠷᠡᠭᠦᠯ ᠬᠠᠮᠠᠭᠠᠯᠠᠯ ᠤᠨ ᠦᠢᠯᠡᠴᠢᠯᠡᠭᠡᠨ ᠤ ᠲᠥᠪ 3᠎ ᠶᠢ ᠰᠢᠨ᠎ᠡ ᠪᠠᠷ ᠪᠠᠶᠢᠭᠤᠯᠵᠤ᠂ ᠵᠡᠮᠳᠡᠭᠴᠦᠳ ᠢ ᠨᠠᠶᠢᠳᠠᠨ ᠠᠰᠠᠷᠠᠬᠤ ᠲᠥᠪ᠂ ᠭᠠᠯ ᠤᠨᠲᠠᠷᠠᠭᠠᠬᠤ ᠥᠷᠲᠡᠭᠡ ᠵᠢᠴᠢ ᠪᠡᠶ᠎ᠡ  ᠴᠢᠬᠢᠷᠠᠭᠵᠢᠭᠤᠯᠬᠤ ᠣᠷᠳᠣᠨ ᠢ  ᠰᠢᠨ᠎ᠡ ᠪᠠᠷ ᠪᠠᠶᠢᠭᠤᠯᠵᠤ ᠠᠰᠢᠭᠯᠠᠯᠲᠠ ᠳᠤ ᠣᠷᠣᠭᠤᠯᠤᠨ᠂ ᠣᠷᠣᠰᠢᠭᠤᠯᠭ᠎ᠠ ᠶᠢᠨ ᠦᠢᠯᠡᠴᠢᠯᠡᠭᠡᠨ ᠤ ᠲᠥᠪ ᠪᠣᠯᠤᠨ ᠨᠡᠶᠢᠲᠡ ᠶᠢᠨ ᠣᠩᠭᠤᠨ ᠤ  ᠪᠠᠶᠢᠭᠤᠯᠤᠯᠳᠠ ᠶᠢ  ᠡᠬᠢᠯᠡᠬᠦᠯᠪᠡ᠃ 3045 ᠨᠡᠷ᠎ᠡ ᠴᠡᠷᠢᠭ ᠤᠨ ᠠᠯᠪᠠ ᠠᠴᠠ ᠬᠠᠯᠠᠭᠳᠠᠭᠰᠳ ᠪᠠ ᠪᠤᠰᠤᠳ ᠬᠠᠷᠠᠭᠠᠯᠵᠠᠬᠤ ᠨᠢᠭᠤᠷᠯᠠᠯ ᠤᠨ ᠮᠡᠳᠡᠭᠡ ᠵᠠᠩᠬᠢ ᠶᠢ ᠴᠤᠭᠯᠠᠭᠤᠯᠵᠤ ᠬᠠᠷᠭᠤᠭᠤᠯᠬᠤ ᠠᠵᠢᠯ ᠢ ᠬᠢᠵᠦ᠂ ᠦᠷᠡᠭᠳᠡᠭᠰᠡᠨ ᠪᠠᠭᠠᠳᠤᠷ ᠤᠨ ᠭᠡᠷ ᠪᠦᠯᠢ᠂ ᠴᠡᠷᠢᠭ ᠤᠨ ᠭᠡᠷ ᠪᠦᠯᠢ ᠪᠤᠯᠤᠨ ᠬᠠᠯᠠᠭᠳᠠᠭᠰᠠᠨ ᠴᠡᠷᠢᠭ ᠵᠡᠷᠭᠡ ᠳᠤ ᠢᠷᠠᠭᠤ ᠠᠯᠳᠠᠷ ᠤᠨ ᠢᠯᠡᠷᠭᠡᠶᠢᠯᠡᠯ ᠤᠯᠭᠤᠭᠰᠠᠨ ᠤ ᠬᠠᠮᠳᠤ ᠦᠷᠡᠭᠳᠡᠭᠰᠡᠨ ᠪᠠᠭᠠᠳᠤᠷᠴᠤᠳ ᠤᠨ ᠤᠩᠭᠤᠨ ᠤ ᠡᠬᠡ ᠤᠷᠤᠨᠴᠢ ᠦᠵᠡᠯ ᠤᠨ ᠬᠦᠮᠦᠵᠢᠯ ᠤᠨ ᠰᠠᠭᠤᠷᠢᠨ ᠭᠠᠵᠠᠷ ᠢ ᠵᠠᠰᠠᠨ ᠦᠷᠭᠡᠳᠭᠡᠪᠡ᠃  ᠲᠣᠮᠣ ᠬᠡᠯᠪᠡᠷᠢ ᠶᠢᠨ ᠴᠢᠯᠦᠬᠡᠳᠦ ᠳᠡᠯᠭᠡᠭᠦᠷ 3᠎ ᠶᠢ ᠰᠢᠨ᠎ᠡ ᠪᠠᠷ ᠪᠠᠶᠢᠭᠤᠯᠤᠭᠰᠠᠨ ᠪᠠ ᠥᠭᠡᠷᠡᠴᠢᠯᠡᠨ ᠰᠠᠶᠢᠵᠢᠷᠠᠭᠤᠯᠵᠤ᠂ ᠠᠵᠢᠯᠲᠠᠨ ᠠᠵᠢᠯᠴᠢᠨ ᠤ ᠰᠣᠶᠣᠯ  ᠲᠠᠮᠢᠷ ᠤᠨ ᠬᠦᠳᠡᠯᠪᠦᠷᠢ ᠶᠢᠨ ᠲᠥᠪ  4᠎ ᠶᠢ  ᠪᠠᠶᠢᠭᠤᠯᠤᠨ᠂ ᠪᠦᠬᠦ ᠠᠶᠢᠮᠠᠭ ᠤᠨ ᠬᠤᠰᠢᠭᠤ ᠰᠢᠶᠠᠨ ᠱᠠᠳᠤᠨ ᠤ ᠠᠩᠬᠠᠳᠠᠭᠴᠢ ᠺᠢᠨᠣ᠋ ᠶᠢᠨ ᠣᠷᠳᠣᠨ 2017 ᠣᠨ ᠳᠤ ᠠᠰᠢᠭᠯᠠᠯᠲᠠ ᠳᠤ ᠤᠷᠤᠵᠠᠢ᠃ ᠰᠣᠶᠣᠯ ᠤᠨ ᠠᠵᠢᠯᠯᠠᠭ᠎ᠠ ᠪᠠ ᠲᠠᠮᠢᠷ ᠤᠨ ᠬᠦᠳᠡᠯᠬᠡᠬᠡᠨ ᠢ ᠢᠳᠡᠪᠬᠢᠳᠡᠢ ᠦᠷᠨᠢᠬᠦᠯᠵᠦ  ᠂ ᠤᠯᠠᠭᠠᠨᠮᠥ᠋ᠴᠢᠷ ᠤᠨ ᠤᠷᠠᠯᠢᠭ ᠤᠨ ᠲᠥᠪ ᠪᠠ ᠬᠤᠰᠢᠭᠤᠨ ᠤ ᠤᠮᠪᠠᠯᠲᠠ ᠶᠢᠨ ᠣᠷᠳᠣᠨ ᠤ ᠪᠠᠷᠢᠯᠭ᠎ᠠ ᠶᠢ ᠡᠬᠢᠯᠡᠭᠰᠡᠨ ᠪᠠᠶᠢᠨ᠎ᠠ᠃   ᠨᠡᠶᠢᠭᠡᠮ ᠤᠨ ᠶᠡᠭᠡ ᠲᠠᠯ᠎ᠠ ᠡᠶ᠎ᠡ ᠵᠣᠬᠢᠴᠠᠯ ᠲᠠᠢ ᠠᠮᠤᠷ ᠲᠣᠭᠲᠠᠭᠤᠨ ᠪᠠᠶᠢᠳᠠᠯ ᠎ ᠢᠶᠠᠨ ᠬᠠᠳᠠᠭᠠᠯᠠᠭᠰᠠᠨ᠃ ᠬᠠᠤᠯᠢ ᠶᠢᠨ ᠥᠭᠡᠷᠡᠴᠢᠯᠡᠯᠲᠡ ᠶᠢ ᠢᠳᠡᠪᠬᠢᠲᠡᠢ ᠠᠬᠢᠭᠤᠯᠵᠤ᠂ 《 ᠣᠶᠤᠨᠴᠢ ᠬᠠᠤᠯᠢ ᠴᠠᠭᠠᠵᠠ 》᠎ ᠶᠢᠨ ᠦᠢᠯᠡᠴᠢᠯᠡᠭᠡᠨ ᠤ ᠲᠠᠪᠴᠠᠩ  ᠎ ᠢ ᠠᠰᠢᠭᠯᠠᠯᠲᠠ ᠳᠤ ᠤᠷᠤᠭᠤᠯᠤᠨ᠂  ᠤᠳᠤᠷᠢᠳᠤᠯᠭ᠎ᠠ ᠬᠡᠷᠡᠭ ᠳᠠᠭᠠᠭᠠᠴᠢᠯᠠᠬᠤ ᠲᠦᠷᠢᠮ᠂ ᠵᠠᠬᠢᠳᠠᠯ ᠰᠤᠷᠪᠤᠯᠵᠢᠯᠠᠭ᠎ᠠ ᠶᠢᠨ  ᠬᠤᠯᠪᠤᠭᠠᠳᠤ ᠬᠤᠷᠠᠯᠳᠤᠭᠠᠨ ᠤ ᠳᠦᠷᠢᠮ  ᠵᠡᠷᠭᠡ ᠶᠢ  ᠨᠢᠮᠪᠠᠢ ᠨᠠᠶᠢᠳᠠᠪᠤᠷᠢᠵᠢᠭᠤᠯᠵᠤ᠂   ᠨᠢᠬᠡ ᠪᠦᠯᠦᠭ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠪᠠ ᠬᠦᠴᠢᠷ ᠲᠦᠪᠡᠭᠲᠡᠢ ᠠᠰᠠᠭᠤᠳᠠᠯ ᠢ  ᠰᠢᠢᠳᠪᠦᠷᠢᠯᠡᠪᠡ᠃ ᠠᠶᠤᠯᠬᠦᠢ ᠦᠶᠯᠡᠳᠪᠦᠷᠢᠯᠡᠯ ᠤᠨ ᠬᠠᠷᠢᠭᠤᠴᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂  ᠠᠶᠤᠯᠬᠦᠢ ᠦᠶᠯᠡᠳᠪᠦᠷᠢᠯᠡᠯ ᠤᠨ ᠲᠣᠭᠲᠠᠭᠤᠨ ᠪᠠᠶᠢᠳᠠᠯ ᠢ  ᠪᠠᠳᠤᠯᠠᠭᠰᠠᠨ ᠪᠠᠶᠢᠨ᠎ᠠ᠃  ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠲᠤᠰᠬᠠᠶ ᠲᠡᠮᠡᠴᠡᠯ ᠢ ᠭᠦᠨᠵᠡᠭᠡᠶ ᠦᠷᠨᠢᠬᠦᠯᠦᠨ᠂ ᠬᠠᠷ᠎ᠠ ᠪᠦᠯᠦᠭᠳᠡᠨ ᠬᠠᠷᠭᠢᠰ ᠬᠦᠴᠦᠨ ᠳᠤ ᠬᠤᠯᠪᠣᠭᠳᠠᠭᠰᠠᠨ 10 ᠬᠡᠷᠡᠭ ᠢ ᠳᠡᠩᠨᠡᠨ ᠢᠯᠡᠷᠡᠭᠦᠯᠵᠦ᠂ 46 ᠨᠡᠷ᠎ᠡ  ᠶᠠᠯ᠎ᠠ ᠬᠢᠭᠰᠡᠨ ᠰᠡᠵᠢᠭᠳᠡᠨ ᠢ ᠪᠠᠷᠢᠪᠴᠢᠯᠠᠵᠠᠢ᠃  271 ᠤᠳᠠᠭᠠᠨ ᠤ ᠡᠷᠡᠭᠦᠦ ᠶᠢᠨ ᠬᠡᠷᠡᠭ ᠢ ᠢᠯᠡᠷᠡᠭᠦᠯᠵᠦ᠂ 1099 ᠤᠳᠠᠭᠠᠨ ᠤ ᠠᠮᠤᠷ ᠢ ᠬᠠᠮᠠᠭᠠᠯᠠᠬᠤ ᠬᠡᠷᠡᠭ ᠢ ᠪᠠᠶᠢᠴᠠᠭᠠᠨ ᠰᠢᠶᠳᠪᠦᠷᠢᠯᠡᠪᠡ᠃ ᠦᠨᠳᠦᠰᠦᠨ ᠱᠠᠲᠤᠨ ᠤ ᠴᠠᠭᠳᠠᠭᠠᠨ ᠎ ᠤ ᠶᠠᠪᠤᠳᠠᠯ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ  ᠴᠢᠩᠭᠠᠳᠬᠠᠨ᠂ 112 ᠲᠤᠰᠠᠯᠠᠬᠤ ᠴᠠᠭᠳᠠᠭ᠎ᠠ ᠶᠢ  ᠡᠯᠰᠡᠨ ᠬᠡᠷᠡᠭᠯᠡᠵᠦ᠂ 176 ᠭᠠᠴᠠᠭ᠎ᠠ ᠲᠣᠰᠬᠤᠨ ᠳᠤ ᠴᠠᠭᠳᠠᠭᠠᠨ ᠤ ᠶᠠᠪᠤᠳᠠᠯ ᠤᠨ ᠲᠤᠰᠠᠯᠠᠭᠴᠢ ᠲᠤᠬᠢᠷᠠᠭᠤᠯᠤᠭᠠᠳ᠂ 《  ᠭᠠᠴᠠᠭ᠎ᠠ ᠲᠣᠰᠬᠤᠨ ᠪᠤᠯᠭᠠᠨ ᠳᠤ ᠴᠠᠭᠳᠠᠭ᠎ᠠ ᠲᠠᠢ ᠪᠠᠶᠢᠬᠤ 》 ᠬᠠᠷᠠᠯᠲᠠ ᠶᠢ ᠪᠡᠶᠡᠯᠡᠭᠦᠯᠪᠡ᠃ ᠲᠠᠶᠢᠹᠤᠰᠧ ᠬᠤᠰᠢᠭᠤᠨ ᠤ ᠰᠢᠭᠦᠬᠦ ᠬᠤᠷᠢᠶ᠎ᠠ  ᠎ ᠨᠢ《 ᠪᠦᠬᠦ ᠤᠯᠤᠰ ᠤᠨ ᠰᠢᠯᠢᠳᠡᠭ ᠰᠢᠭᠦᠬᠦ ᠬᠤᠷᠢᠶ᠎ᠠ 》᠎ ᠪᠠᠷ ᠴᠤᠯᠠᠯᠠᠭᠳᠠᠵᠤ᠂ ᠰᠢᠨ᠎ᠡ  ᠎ ᠪᠠᠷ ᠪᠠᠶᠢᠭᠤᠯᠤᠭᠰᠠᠨ ᠰᠢᠭᠦᠨ ᠲᠠᠰᠤᠯᠬᠤ ᠲᠢᠩᠬᠢᠮ ᠤᠨ ᠪᠠᠷᠢᠯᠭ᠎ᠠ ᠲᠡᠬᠦᠰᠴᠡᠢ᠃ ᠪᠦᠬᠦ ᠤᠯᠤᠰ᠂ ᠪᠦᠬᠦ ᠣᠷᠣᠨ ᠤ ᠭᠤᠣᠯᠳᠠᠯᠭ᠎ᠠ ᠲᠠᠢ ᠴᠠᠭ  ᠬᠤᠭᠤᠴᠠᠭᠠᠨ ᠤ ᠠᠮᠤᠷ ᠢ ᠬᠠᠮᠠᠭᠠᠯᠠᠬᠤ ᠡᠭᠦᠷᠭᠡ ᠶᠢ ᠠᠮᠵᠢᠯᠲᠠ ᠲᠠᠢ ᠪᠡᠶᠡᠯᠡᠭᠦᠯᠵᠦ᠂ ᠳᠣᠲᠣᠭᠠᠳᠤ ᠶᠢ ᠬᠠᠮᠠᠭᠠᠯᠠᠬᠤ ᠶᠠᠮᠤᠨ ᠠᠴᠠ ᠰᠠᠨ ᠬᠤᠤ ᠳ᠋ᠢ ᠪᠠᠶᠢᠴᠠᠭᠠᠬᠤ ᠥᠷᠲᠡᠭᠡ  ᠎ ᠶᠢ《 ᠪᠦᠬᠦ ᠤᠯᠤᠰ  ᠎ ᠤᠨ ᠳᠣᠲᠣᠭᠠᠳᠤ ᠶᠢ ᠬᠠᠮᠠᠭᠠᠯᠠᠬᠤ  ᠠᠵᠢᠯ ᠤᠨ ᠦᠨᠳᠦᠰᠦᠨ ᠱᠠᠲᠤᠨ ᠤ ᠰᠢᠯᠢᠳᠡᠭ ᠨᠢᠭᠡᠴᠡ 》᠎ ᠪᠠᠷ ᠴᠤᠯᠠᠯᠠᠭᠰᠠᠨ ᠪᠠᠶᠢᠨ᠎ᠠ᠃    (  ᠲᠠᠪᠤ ) ᠡᠭᠦᠷᠭᠡ ᠬᠠᠷᠢᠭᠤᠴᠠᠯᠭ᠎ᠠ ᠪᠠᠨ ᠰᠠᠶᠢᠳᠤᠷ ᠭᠦᠶᠴᠡᠳᠬᠡᠬᠦ ᠶᠢ ᠪᠠᠷᠢᠮᠲᠠᠯᠠᠵᠤ᠂ ᠵᠠᠰᠠᠭ ᠵᠠᠬᠢᠷᠭᠠᠨ ᠤ ᠦᠢᠯᠡᠳᠦᠯ ᠴᠢᠳᠠᠮᠵᠢ ᠶᠢ ᠲᠠᠰᠤᠷᠠᠯᠲᠠ ᠥᠬᠡᠶ ᠳᠡᠭᠡᠭᠰᠢᠯᠡᠭᠦᠯᠪᠡ᠃    ᠨᠠᠮ ᠢ ᠪᠥᠬᠦ ᠲᠠᠯ᠎ᠠ ᠪᠠᠷ ᠴᠢᠩᠭ᠎ᠠ ᠵᠠᠰᠠᠬᠤ ᠭᠤᠤᠯ ᠴᠣᠭᠴᠠ ᠶᠢᠨ ᠬᠠᠷᠢᠭᠤᠴᠠᠯᠭ᠎ᠠ ᠶᠢ ᠴᠢᠩᠭᠠᠳᠬᠠᠨ ᠪᠣᠳᠠᠲᠠᠶᠢᠵᠢᠭᠤᠯᠵᠤ᠂ ᠲᠥᠪ ᠤᠨ ᠨᠠᠶᠮᠠᠨ ᠲᠣᠭᠲᠠᠭᠠᠯ ᠵᠢᠴᠢ ᠬᠡᠷᠡᠭᠵᠢᠭᠦᠯᠬᠦ ᠨᠠᠷᠢᠨ ᠲᠦᠷᠢᠮ ᠤᠨ ᠵᠣᠷᠢᠭ ᠰᠠᠨᠠᠭ᠎ᠠ ᠎ ᠶᠢ ᠨᠠᠷᠢᠨ ᠨᠢᠮᠪᠠᠢ ᠲᠤᠤᠱᠯᠠᠭᠤᠯᠤᠨ᠂ 《 ᠵᠠᠰᠠᠭ ᠤᠨ ᠣᠷᠳᠣᠨ ᠠᠷᠪᠢᠯᠠᠨ ᠠᠮᠢᠳᠤᠷᠠᠵᠤ᠂ ᠣᠯᠠᠨ ᠲᠦᠮᠡᠨ ᠰᠠᠶᠢᠬᠠᠨ ᠠᠮᠢᠳᠤᠷᠠᠬᠤ 》 ᠠᠷᠭ᠎ᠠ  ᠪᠤᠳᠤᠯᠭ᠎ᠠ ᠶᠢ ᠭᠡᠷᠡᠭᠵᠢᠬᠦᠯᠵᠦ᠂ ᠡᠳ᠋ ᠤᠨ ᠵᠠᠰᠠᠭ ᠤᠨ ᠪᠠᠯᠠ ᠮᠥᠩᠭᠦ ᠶᠢ  ᠬᠠᠮᠢᠶᠠᠷᠴᠤ  ᠭᠡᠷᠡᠭᠯᠡᠬᠦ ᠪᠠᠨ ᠴᠢᠩᠭᠠᠳᠬᠠᠪᠠ᠃《 ᠭᠤᠷᠪᠠᠨ ᠴᠢᠬᠤᠯᠠ ᠨᠢᠭᠡ ᠶᠡᠭᠡ 》 ᠶᠠᠪᠤᠳᠠᠯ ᠳᠤ ᠬᠠᠮᠲᠤ ᠪᠠᠷ  ᠰᠢᠢᠳᠪᠦᠷᠢ ᠭᠠᠷᠭᠠᠬᠤ ᠲᠦᠷᠢᠮ ᠢ  ᠴᠢᠩᠭ᠎ᠠ ᠭᠡᠷᠡᠭᠵᠢᠬᠦᠯᠦᠨ᠂ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠵᠢᠴᠢ ᠲᠡᠭᠦᠨ ᠤ ᠪᠠᠶᠢᠩᠭᠤ ᠶᠢᠨ ᠬᠤᠷᠢᠶᠠᠨ ᠤ ᠬᠠᠤᠯᠢ ᠶᠢᠨ ᠬᠢᠨᠠᠯᠲᠠ ᠪᠠ ᠤᠯᠤᠰ ᠲᠦᠷᠦ ᠶᠢᠨ ᠵᠥᠪᠯᠡᠯᠭᠡᠨ ᠤ ᠠᠷᠠᠳᠴᠢᠯᠠᠭᠰᠠᠨ ᠬᠢᠨᠠᠯᠲᠠ ᠶᠢ ᠰᠠᠨᠠᠭᠠᠴᠢᠯᠠᠭ᠎ᠠ ᠠᠴᠠ ᠪᠠᠨ ᠬᠦᠯᠢᠶᠡᠵᠦ᠂ ᠠᠷᠠᠳ ᠤᠨ ᠲᠥᠯᠥᠭᠡᠯᠡᠭᠴᠢᠳ ᠤᠨ ᠰᠠᠨᠠᠯ ᠰᠠᠨᠠᠭᠤᠯᠭ᠎ᠠ ᠪᠠ ᠤᠯᠤᠰ ᠲᠦᠷᠦ ᠶᠢᠨ ᠵᠥᠪᠯᠡᠯᠭᠡᠨ ᠤ ᠭᠡᠰᠢᠭᠦᠳ ᠤᠨ ᠰᠠᠨᠠᠯ ᠲᠤᠷᠠᠳᠤᠯᠭ᠎ᠠ ᠶᠢ ᠨᠡᠶᠢᠲᠡ 1048 ᠬᠤᠪᠢ  ᠬᠦᠢᠴᠡᠳᠭᠡᠵᠦ᠂  ᠬᠦᠢᠴᠡᠳᠭᠡᠭᠰᠡᠨ ᠨᠤᠷᠮ᠎ᠠ 100 %᠎ ᠳᠤ ᠬᠦᠷᠴᠡᠢ᠃ 《 ᠪᠠᠭᠤᠯᠭᠠᠬᠤ ᠬᠠᠮᠢᠶᠠᠷᠬᠤ ᠦᠶᠯᠡᠴᠢᠯᠡᠬᠦ 》 ᠥᠭᠡᠷᠡᠴᠢᠯᠡᠯᠲᠡ ᠶᠢ ᠭᠦᠨᠵᠡᠭᠡᠶᠢᠷᠡᠭᠦᠯᠵᠦ᠂ ᠵᠠᠰᠠᠭ ᠤᠨ ᠶᠠᠪᠤᠳᠠᠯ ᠤᠨ ᠦᠶᠯᠡᠴᠢᠯᠡᠭᠡᠨ ᠤ ᠰᠢᠨ᠎ᠡ ᠲᠢᠩᠬᠢᠮ ᠢ ᠠᠰᠢᠭᠯᠠᠯᠲᠠ ᠳᠤ ᠣᠷᠣᠭᠤᠯᠤᠨ᠂ ᠲᠢᠩᠬᠢᠮ ᠳᠤ  ᠤᠷᠤᠭᠰᠠᠨ ᠨᠢᠭᠡᠴᠡ 30 ᠪᠤᠯᠤᠨ ᠨᠡᠮᠡᠭᠳᠡᠵᠦ᠂  ᠦᠢᠯᠡᠴᠢᠯᠡᠬᠦ ᠲᠠᠪᠴᠠᠩ 114  ᠪᠤᠯᠵᠤ ᠨᠡᠮᠡᠭᠳᠡᠨ᠂ 220 ᠭᠠᠷᠤᠶ ᠵᠦᠢᠯ ᠤᠨ ᠠᠵᠢᠯ ᠶᠠᠪᠤᠳᠠᠯ ᠢ ᠦᠶᠯᠡᠴᠢᠯᠡᠭᠡᠨ ᠎ ᠤ ᠲᠢᠩᠬᠢᠮ ᠳᠤ ᠣᠷᠣᠭᠤᠯᠵᠤ᠂ 179 ᠦᠶᠯᠡᠴᠢᠯᠡᠭᠡᠨ ᠤ ᠵᠦᠶᠯᠡᠰ ᠢ 《  ᠨᠢᠬᠡᠯᠡ ᠤᠳᠠᠭ᠎ᠠ ᠳᠤ ᠭᠦᠶᠴᠡᠳᠬᠡᠬᠦ 》᠎ ᠶᠢ ᠪᠡᠶᠡᠯᠡᠬᠦᠯᠦᠨ᠂ ᠰᠦᠯᠵᠢᠶ᠎ᠡ  ᠲᠡᠭᠡᠷ᠎ᠡ ᠭᠦᠶᠴᠡᠳᠬᠡᠬᠦ ᠨᠣᠷᠮ᠎ᠠ 88 .3 %᠎ ᠳᠤ  ᠬᠦᠷᠪᠡ᠃  ᠰᠤᠮᠤ ᠰᠢᠶᠠᠩ ᠪᠠᠯᠭᠠᠰᠤᠨ ᠤ ᠠᠵᠢᠯ ᠦᠶᠯᠡᠰ ᠤᠨ ᠥᠷᠲᠡᠭᠡ ᠰᠠᠯᠪᠤᠷᠢ ᠪᠠ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠪᠠᠶᠢᠭᠤᠯᠤᠯ ᠤᠨ ᠥᠭᠡᠷᠡᠴᠢᠯᠡᠯᠲᠡ ᠶᠢ ᠪᠡᠶᠡᠯᠡᠭᠦᠯᠵᠦ᠂ 77  ᠲᠦᠷᠦᠯ ᠤᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠡᠷᠭᠡ ᠶᠢ ᠳᠣᠷᠣᠭᠰᠢ  ᠪᠠᠭᠤᠯᠭᠠᠪᠠ᠃ ᠵᠠᠰᠠᠭ ᠤᠨ ᠣᠷᠳᠣᠨ ᠤ ᠪᠠᠶᠢᠭᠤᠯᠤᠮᠵᠢ ᠶᠢᠨ ᠥᠭᠡᠷᠡᠴᠢᠯᠡᠯᠲᠡ ᠂ ᠶᠡᠷᠦᠩᠬᠡᠶᠢᠯᠡᠭᠰᠡᠨ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠥᠭᠡᠷᠡᠴᠢᠯᠡᠯᠲᠡ ᠶᠢ ᠠᠮᠵᠢᠯᠲᠠ ᠲᠠᠢ ᠪᠡᠶᠡᠯᠡᠬᠦᠯᠦᠨ᠂ ᠮᠠᠯᠵᠢᠬᠤ ᠲᠠᠷᠢᠶᠠᠯᠠᠬᠤ ᠣᠷᠣᠨ ᠤ ᠬᠠᠮᠲᠤ ᠶᠢᠨ ᠥᠮᠴᠢᠯᠡᠯ ᠤᠨ ᠡᠷᠬᠡ ᠶᠢᠨ ᠲᠦᠷᠢᠮ᠂ ᠭᠠᠵᠠᠷ ᠰᠢᠷᠣᠶ ᠨᠤᠲᠤᠭ ᠪᠡᠯᠴᠢᠭᠡᠷ ᠤᠨ ᠦᠮᠴᠢᠯᠡᠯ ᠤᠨ ᠡᠷᠬᠡ ᠶᠢᠨ ᠨᠤᠳ᠋ᠯᠠᠯᠳᠠ ᠵᠡᠷᠭᠡ ᠭᠤᠤᠯᠳᠠᠯᠭ᠎ᠠ ᠲᠠᠢ ᠥᠭᠡᠷᠡᠴᠢᠯᠡᠯᠲᠡ ᠶᠢ ᠪᠥᠬᠦ ᠲᠠᠯ᠎ᠠ ᠎ ᠪᠠᠷ  ᠦᠷᠨᠢᠬᠦᠯᠪᠡ᠃ ᠬᠤᠳᠠᠯᠳᠤᠭ᠎ᠠ ᠡᠵᠡᠩᠨᠡᠬᠦ ᠣᠷᠴᠢᠨ ᠨᠥᠬᠦᠴᠡᠯ ᠢ ᠦᠷᠭᠦᠯᠵᠢᠯᠡᠨ ᠰᠢᠯᠢᠳᠡᠭᠵᠢᠭᠦᠯᠵᠦ᠂ ᠭᠤᠤᠯᠳᠠᠯᠭ᠎ᠠ ᠲᠠᠢ ᠬᠦᠷᠢᠶ᠎ᠡ ᠴᠠᠷ᠎ᠠ ᠶᠢᠨ ᠪᠥᠬᠦ ᠶᠠᠪᠤᠴᠠ ᠳᠤ ᠬᠠᠮᠢᠶᠠᠷᠤᠨ ᠡᠵᠡᠮᠳᠡᠬᠦ ᠪᠠ  ᠬᠢᠨᠠᠯᠲᠠ ᠲᠠᠯᠪᠢᠬᠤ ᠶᠢ  ᠴᠢᠩᠭᠠᠳᠬᠠᠨ᠂ ᠡᠯ᠎ᠡ ᠲᠥᠷᠥᠯ ᠤᠨ ᠰᠠᠬᠢᠯᠭ᠎ᠠ ᠪᠠᠲᠤ ᠬᠠᠤᠯᠢ ᠲᠦᠷᠢᠮ ᠵᠥᠷᠢᠴᠡᠭᠰᠡᠨ ᠠᠰᠠᠭᠤᠳᠠᠯ ᠢ ᠴᠢᠩᠭ᠎ᠠ ᠪᠠᠶᠢᠴᠠᠭᠠᠨ ᠰᠢᠢᠳᠪᠦᠷᠢᠯᠡᠵᠡᠢ᠃  ᠬᠠᠤᠯᠢᠵᠢᠭᠰᠠᠨ ᠵᠠᠰᠠᠭ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ ᠴᠢᠩᠭᠠᠳᠬᠠᠵᠤ᠂ 《 ᠳᠣᠯᠣᠳᠤᠭᠠᠷ ᠲᠠᠪᠤᠨ ᠵᠢᠯ 》᠎ ᠤᠨ ᠬᠠᠤᠯᠢ ᠲᠦᠭᠡᠮᠡᠯᠵᠢᠭᠦᠯᠬᠦ ᠡᠭᠦᠷᠭᠡ ᠶᠢ ᠤᠷᠤᠭᠰᠢᠲᠠᠢ ᠪᠡᠶᠡᠯᠡᠬᠦᠯᠵᠦ᠂ ᠳᠣᠯᠣᠳᠤᠭᠠᠷ ᠤᠳᠠᠭᠠᠨ ᠤ ᠪᠦᠬᠦ ᠤᠯᠤᠰ ᠤᠨ ᠬᠥᠮᠦᠨ ᠠᠮᠠ ᠶᠢᠨ ᠨᠡᠶᠢᠳᠡᠮ ᠪᠠᠶᠢᠴᠠᠭᠠᠯᠲᠠ ᠶᠢᠨ ᠠᠵᠢᠯ ᠢ ᠲᠡᠭᠦᠰ ᠠᠮᠵᠢᠯᠲᠠ ᠲᠠᠢ ᠪᠡᠶᠡᠯᠡᠬᠦᠯᠦᠨ᠂ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ ᠨᠠᠶᠢᠳᠠᠪᠤᠷᠢᠵᠢᠭᠤᠯᠵᠤ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ ᠪᠥᠬᠦ ᠬᠦᠴᠦᠨ ᠢᠶᠠᠷ ᠢᠶᠠᠨ  ᠪᠠᠳᠤᠳᠬᠠᠨ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠶᠡᠭᠡ ᠰᠠᠶᠢᠨ ᠪᠠᠶᠢᠳᠠᠯ ᠢ ᠦᠷᠭᠦᠯᠵᠢᠯᠡᠨ ᠪᠠᠬᠢᠵᠢᠬᠦᠯᠦᠭᠰᠡᠨ ᠪᠠᠶᠢᠨ᠎ᠠ᠃       ᠲᠥᠯᠥᠭᠡᠯᠡᠭᠴᠢᠳ ᠡ᠂ 《 ᠠᠷᠪᠠᠨ ᠭᠤᠷᠪᠠᠳᠤᠭᠠᠷ ᠲᠠᠪᠤᠨ ᠵᠢᠯ 》᠎ ᠳᠤ ᠪᠡᠶᠡᠯᠡᠭᠰᠡᠨ ᠲᠠᠶᠢᠹᠤᠰᠧ ᠬᠤᠰᠢᠭᠤᠨ ᠤ  ᠬᠥᠭᠵᠢᠯᠲᠡ ᠪᠠ ᠳᠠᠪᠰᠢᠯᠲᠠ  ᠪᠤᠯ ᠠᠶᠢᠮᠠᠭ ᠤᠨ ᠨᠠᠮ ᠤᠨ ᠬᠤᠷᠢᠶ᠎ᠠ᠂ ᠠᠶᠢᠮᠠᠭ ᠤᠨ ᠵᠠᠬᠢᠷᠭ᠎ᠠ ᠎ ᠠᠴᠠ ᠡᠯ᠎ᠡ ᠲᠠᠯ᠎ᠠ ᠶᠢᠨ ᠬᠦᠴᠦᠨ ᠢ ᠳᠠᠶᠢᠴᠢᠯᠠᠨ  ᠬᠦᠴᠦᠳᠡᠢ ᠲᠡᠮᠵᠢᠯᠬᠡ ᠦᠵᠡᠬᠦᠯᠦᠭᠰᠡᠨ ᠤ ᠦᠷ᠎ᠡ ᠪᠦᠳᠦᠭᠡᠯ  ᠂  ᠦᠩᠭᠡᠷᠡᠭᠰᠡᠨ ᠬᠤᠭᠤᠴᠠᠭᠠᠨ ᠤ ᠤᠳᠤᠷᠢᠳᠬᠤ ᠪᠠᠭ ᠤᠨ  ᠰᠢᠷᠭᠠᠭᠤ ᠬᠠᠳᠠᠭᠤᠵᠢᠯᠳᠠᠢ ᠵᠢᠳᠬᠦᠯ  ᠴᠢᠷᠮᠠᠶᠢᠯᠭ᠎ᠠ ᠶᠢᠨ ᠰᠠᠭᠤᠷᠢ ᠲᠡᠭᠡᠷ᠎ᠡ ᠴᠤᠭᠴᠠᠯᠠᠭᠰᠠᠨ ᠦᠷ᠎ᠡ ᠪᠦᠳᠦᠭᠡᠯ  ᠪᠤᠯᠬᠤ ᠶᠤᠮ᠃  ᠲᠠᠪᠤᠨ ᠵᠢᠯ ᠤᠨ ᠲᠤᠷᠰᠢ᠂ ᠪᠢᠳᠠ ᠪᠦᠬᠦ ᠠᠶᠢᠮᠠᠭ ᠤᠨ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ᠂  ᠰᠢᠯᠢ ᠶᠢᠨ ᠭᠤᠣᠯ ᠠᠶᠢᠮᠠᠭ ᠤᠨ ᠰᠢᠨ᠎ᠡ ᠡᠨᠧᠷᠭᠢ ᠶᠢᠨ ᠰᠠᠭᠤᠷᠢᠨ ᠭᠠᠵᠠᠷ ᠢ ᠪᠠᠶᠢᠭᠤᠯᠤᠨ ᠡᠬᠢ ᠪᠠᠶᠠᠯᠢᠭ ᠢᠶᠠᠷ ᠠᠵᠤ ᠦᠢᠯᠡᠰ ᠢ ᠰᠣᠯᠢᠬᠤ ᠲᠦᠷᠦ ᠶᠢᠨ ᠪᠤᠳᠤᠯᠭ᠎ᠠ ᠶᠢ ᠭᠤᠣᠯᠳᠠᠯᠭ᠎ᠠ ᠲᠠᠢ  ᠬᠡᠯᠪᠡᠶᠢᠯᠭᠡᠬᠦ᠂ ᠪᠡᠭᠡᠵᠢᠩ ᠲᠢᠶᠠᠨᠵᠢᠨ ᠾᠧᠪᠸᠢ ᠶᠢᠨ ᠠᠵᠤ ᠦᠢᠯᠡᠰ ᠢ ᠰᠢᠯᠵᠢᠭᠦᠯᠬᠦ ᠭᠤᠷᠪᠠᠨ ᠶᠡᠭᠡ ᠠᠵᠠ ᠲᠣᠬᠢᠶᠠᠯ  ᠎ ᠢ ᠪᠠᠳᠤ  ᠡᠵᠡᠮᠳᠡᠨ᠂  ᠴᠢᠩ ᠰᠡᠳᠬᠢᠯ ᠢᠶᠠᠷ ᠪᠠᠷ ᠠᠷᠠᠯᠵᠢᠶᠠᠴᠢᠨ  ᠤᠷᠢᠵᠤ᠂ ᠦᠨᠡᠨᠴᠢ  ᠢᠳᠡᠭᠡᠮᠵᠢ ᠪᠠᠷ ᠠᠷᠠᠯᠵᠢᠶᠠᠴᠢᠨ ᠢ  ᠲᠤᠭᠳᠠᠪᠤᠷᠢᠵᠢᠭᠤᠯᠤᠨ᠂ ᠣᠷᠴᠢᠨ ᠨᠦᠬᠦᠴᠡᠯ ᠢᠶᠠᠷ ᠠᠷᠠᠯᠵᠢᠶᠠᠴᠢᠨ ᠢ ᠪᠠᠶᠠᠵᠢᠭᠤᠯᠵᠦ᠂  ᠠᠰᠢᠭ ᠤᠷᠤᠯᠭ᠎ᠠ ᠶᠢ ᠦᠷᠭᠦᠯᠵᠢᠯᠡᠨ  ᠨᠡᠮᠡᠭᠳᠡᠬᠦᠯᠬᠦ  ᠪᠠ ᠳᠠᠶᠢᠴᠢᠯᠠᠬᠤ ᠴᠢᠳᠠᠪᠤᠷᠢ ᠲᠠᠢ ᠨᠢᠭᠡ ᠪᠦᠯᠦᠭ ᠤᠨᠴᠠᠯᠢᠬᠳᠤ ᠳᠠᠪᠠᠭᠤᠯᠢᠭ ᠲᠦᠷᠦᠯ ᠵᠦᠢᠯ ᠢ ᠤᠷᠤᠭᠤᠯᠤᠨ ᠪᠠᠶᠢᠭᠤᠯᠵᠤ᠂ ᠬᠥᠳᠡᠭᠡ ᠠᠵᠤ ᠠᠬᠤᠢ ᠶᠢᠨ ᠤᠷᠳᠤ  ᠤᠳᠠᠭᠠᠨ ᠤ  ᠬᠥᠭᠵᠢᠯᠲᠡ ᠶᠢᠨ ᠪᠦᠳᠦᠴᠡ ᠶᠢ  ᠬᠤᠪᠢᠷᠠᠭᠤᠯᠤᠭᠠᠳ᠂ ᠡᠯ᠎ᠡ ᠱᠠᠲᠤᠨ ᠎ ᠤ ᠺᠠᠳ᠋ᠷ ᠤᠨ ᠰᠢᠨ᠎ᠡ ᠶᠢ  ᠡᠬᠦᠳᠦᠨ ᠵᠢᠳᠬᠦᠯ ᠴᠢᠷᠮᠠᠶᠢᠯᠭ᠎ᠠ ᠭᠠᠷᠭᠠᠬᠤ ᠢᠲᠡᠭᠡᠯ ᠪᠠ ᠴᠢᠳᠠᠪᠤᠷᠢ ᠶᠢ  ᠪᠤᠯᠪᠠᠰᠤᠷᠠᠭᠤᠯᠵᠤ᠂ ᠠᠵᠤ ᠠᠬᠤᠢ ᠶᠢᠨ ᠬᠥᠭᠵᠢᠯᠲᠡ ᠶᠢᠨ ᠨᠥᠭᠡᠴᠡ ᠬᠦᠴᠦᠨ ᠢ ᠶᠡᠭᠡ ᠪᠠᠷ  ᠴᠢᠩᠭᠠᠷᠠᠭᠤᠯᠤᠭᠰᠠᠨ ᠶᠤᠮ  ᠃ ᠪᠢᠳᠡ ᠳᠠᠷᠤᠤ ᠬᠢᠴᠢᠶᠡᠩᠭᠦᠢ ᠪᠣᠳᠠᠲᠠᠢ ᠶᠢ ᠡᠷᠬᠢᠮᠯᠡᠬᠦ ᠰᠢᠯᠢᠳᠡᠭ ᠰᠤᠷᠲᠠᠯ ᠢ ᠪᠠᠷᠢᠮᠲᠠᠯᠠᠵᠤ᠂ ᠣᠷᠣᠯᠭ᠎ᠠ ᠎ ᠪᠠᠨ ᠦᠵᠡᠵᠦ ᠵᠠᠷᠤᠯᠭ᠎ᠠ ᠪᠠᠨ ᠲᠤᠬᠢᠷᠠᠭᠤᠯᠬᠤ᠂ ᠴᠢᠳᠠᠯ ᠤᠨ ᠢᠶᠠᠨ ᠬᠢᠷᠢ ᠪᠠᠷ ᠴᠢᠷᠮᠠᠶᠢᠬᠤ ᠶᠢ ᠪᠠᠷᠢᠮᠲᠠᠯᠠᠨ᠂ ᠬᠢᠵᠠᠭᠠᠷ ᠲᠠᠢ ᠪᠡᠯᠡ ᠮᠥᠩᠭᠦ ᠪᠠᠨ ᠴᠢᠬᠤᠯᠠᠲᠠᠢ ᠭᠠᠵᠠᠷ ᠲᠤᠨᠢ ᠬᠡᠷᠡᠭᠯᠡᠵᠦ᠂ ᠯᠠᠷᠵᠢᠶ᠎ᠠ ᠶᠠᠩᠪᠠ ᠲᠠᠲᠠᠬᠤ ᠦᠭᠡᠢ᠂ ᠬᠤᠭᠤᠰᠣᠨ ᠤᠷᠢᠶ᠎ᠠ ᠬᠠᠰᠬᠢᠷᠬᠤ ᠦᠭᠡᠢ ᠪᠠᠶᠢᠵᠤ᠂ ᠬᠥᠭᠵᠢᠯᠲᠡ ᠶᠢ ᠬᠢᠵᠠᠭᠠᠷᠯᠠᠵᠤ ᠪᠠᠶᠢᠭ᠎ᠠ ᠪᠣᠭᠤᠮᠢ ᠶᠢᠨ ᠠᠰᠠᠭᠤᠳᠠᠯ ᠪᠠ ᠠᠷᠠᠳ ᠤᠯᠠᠨ ᠤ ᠲᠣᠯᠣᠭᠠᠢ  ᠎ ᠶᠢ ᠡᠪᠡᠳᠦᠬᠦᠯᠦᠭᠰᠡᠨ ᠬᠦᠴᠢᠷ ᠶᠠᠪᠤᠳᠠᠯ ᠢ ᠯᠠᠪᠳᠠᠭᠤᠨ ᠪᠠᠲᠤᠲᠠᠢ ᠪᠠᠷ ᠰᠢᠢᠳᠪᠦᠷᠢᠯᠡᠨ᠂ ᠠᠵᠤ ᠠᠬᠤᠢ ᠨᠡᠶᠢᠭᠡᠮ ᠤᠨ ᠲᠣᠭᠲᠠᠭᠤᠨ ᠪᠥᠭᠡᠳ ᠦᠷᠭᠦᠯᠵᠢᠯᠡᠨ ᠥᠭᠡᠳᠡᠯᠡᠬᠦ ᠰᠠᠶᠢᠨ ᠰᠠᠶᠢᠬᠠᠨ ᠪᠠᠶᠢᠳᠠᠯ ᠢ ᠲᠠᠰᠤᠷᠠᠯᠳᠠ ᠦᠭᠡᠢ ᠪᠠᠬᠢᠵᠢᠭᠦᠯᠬᠦ ᠶᠢᠨ ᠬᠠᠮᠲᠤ ᠠᠯᠤᠰ ᠭᠡᠳᠤ ᠶᠢᠨ ᠬᠥᠭᠵᠢᠯᠲᠡ ᠳᠤ ᠰᠢᠨ᠎ᠡ ᠰᠠᠭᠤᠷᠢ ᠶᠢ ᠲᠠᠯᠪᠢᠵᠤ᠂ ᠰᠢᠨ᠎ᠡ ᠣᠷᠣᠨ ᠵᠠᠢ ᠶᠢ  ᠦᠷᠭᠡᠳᠭᠡᠭᠰᠡᠨ ᠪᠠᠶᠢᠨ᠎ᠠ᠃ ᠪᠢᠳᠡ ᠪᠥᠬᠦ ᠬᠤᠰᠢᠭᠤ ᠪᠠᠷ ᠢᠶᠠᠨ ᠨᠢᠭᠡ ᠰᠡᠳᠬᠢᠯ ᠨᠢᠭᠡ ᠵᠣᠷᠢᠭ ᠢᠶᠠᠷ  ᠬᠦᠭᠵᠢᠯᠳᠡ ᠶᠢ ᠰᠡᠳᠬᠢᠬᠦ᠂ ᠰᠡᠳᠬᠢᠯ ᠰᠠᠨᠠᠭ᠎ᠠ ᠪᠠᠨ ᠲᠥᠪᠯᠡᠷᠡᠭᠦᠯᠦᠨ ᠪᠥᠲᠥᠭᠡᠨ ᠪᠠᠶᠢᠭᠤᠯᠤᠯᠲᠠ ᠬᠢᠬᠦ  ᠦᠨᠢᠷ ᠦᠳᠬᠡᠨ ᠠᠭᠤᠷ ᠠᠮᠢᠰᠬᠤᠯ ᠢ ᠪᠣᠶ  ᠪᠤᠯᠭᠠᠨ᠂ ᠳᠥᠷᠪᠡᠨ ᠶᠡᠭᠡ ᠤᠳᠤᠷᠢᠳᠬᠤ ᠪᠠᠭ ᠎ ᠤᠨ ᠬᠢᠨ ᠦᠵᠡᠯ ᠰᠠᠨᠠᠭᠠᠨ ᠤ ᠲᠠᠯ᠎ᠠ ᠪᠠᠷ ᠰᠡᠳᠬᠢᠯ   ᠨᠢᠭᠡᠳᠴᠦ᠂ ᠦᠶᠯᠡ ᠠᠵᠢᠯᠯᠠᠭ᠎ᠠ ᠶᠢᠨ ᠲᠠᠯ᠎ᠠ ᠪᠠᠷ ᠴᠢᠭᠯᠡᠯ  ᠨᠢᠬᠡᠳᠦᠨ᠂ ᠳᠡᠭᠡᠳᠦ ᠱᠠᠲᠤ ᠨᠢ ᠳᠣᠤᠷᠠᠳᠤ ᠱᠠᠲᠤ ᠪᠠᠨ ᠳᠠᠭᠠᠭᠤᠯᠤᠨ ᠪᠣᠳᠠᠲᠤ ᠠᠮᠵᠢᠯᠲᠠ ᠪᠠᠷ ᠢᠶᠠᠨ ᠪᠠᠭᠠᠳᠤᠷ ᠢ ᠰᠢᠯᠭᠠᠵᠤ᠂ ᠡᠯ᠎ᠡ ᠱᠠᠲᠤᠨ ᠤ ᠺᠠᠳ᠋ᠷᠴᠤᠳ ᠤᠨ ᠠᠵᠢᠯ  ᠬᠢᠵᠦ ᠦᠢᠯᠡᠰ ᠪᠦᠳᠦᠬᠡᠬᠦ ᠶᠢ  ᠱᠠᠭᠠᠷᠳᠠᠨ ᠵᠤᠷᠢᠬᠵᠢᠭᠤᠯᠵᠤ᠂ ᠬᠤᠳᠠᠯᠳᠤᠭ᠎ᠠ ᠡᠵᠡᠩᠨᠡᠬᠦ ᠰᠠᠶᠢᠨ ᠰᠠᠶᠢᠬᠠᠨ ᠣᠷᠴᠢᠨ ᠨᠥᠬᠦᠴᠡᠯ ᠢ  ᠨᠤᠳᠤᠭ ᠣᠷᠣᠨ ᠤ ᠪᠠᠨ ᠨᠡᠷ᠎ᠡ ᠶᠢᠨ ᠬᠠᠭᠤᠳᠠᠰᠤ  ᠪᠤᠯᠭᠠᠭᠰᠠᠨ ᠪᠠᠶᠢᠨ᠎ᠠ᠃ ᠪᠢᠳᠡ  ᠨᠢᠬᠡ ᠬᠤᠪᠢ ᠵᠢᠷᠤᠭ ᠲᠥᠰᠦᠪ ᠢ ᠡᠴᠦᠰ ᠲᠤᠨᠢ ᠲᠤᠯᠲᠠᠯ᠎ᠠ  ᠵᠢᠷᠤᠭᠯᠠᠬᠤ ᠶᠢ ᠪᠠᠷᠢᠮᠳᠠᠯᠠᠨ᠂  ᠡᠯᠳᠡᠪ ᠢ ᠰᠡᠳᠦᠵᠦ ᠠᠭᠠᠰᠢᠯᠠᠬᠤ ᠦᠬᠡᠢ  ᠂ ᠨᠠᠰᠢ ᠴᠠᠰᠢ ᠳᠡᠩᠰᠡᠯᠭᠡᠬᠦ ᠦᠭᠡᠢ ᠪᠠᠶᠢᠵᠤ᠂  ᠤᠶᠤᠨ ᠤᠬᠠᠭᠠᠨ ᠬᠦᠴᠦᠨ ᠴᠢᠳᠠᠯ ᠢᠶᠠᠨ ᠪᠣᠳᠠᠲᠤ ᠶᠠᠪᠤᠳᠠᠯ ᠬᠢᠵᠦ ᠪᠡᠷᠬᠡ ᠰᠡᠳᠦᠪ ᠢ ᠰᠢᠢᠳᠪᠦᠷᠢᠯᠡᠬᠦ ᠳᠡᠭᠡᠷ᠎ᠡ  ᠲᠠᠯᠪᠢᠵᠤ᠂ ᠠᠰᠠᠭᠤᠳᠠᠯ ᠲᠤᠯᠭᠠᠷᠠᠪᠠᠯ ᠲᠦᠯᠬᠢᠬᠦ ᠦᠭᠡᠢ ᠤᠳᠠᠭᠠᠰᠢᠷᠠᠭᠤᠯᠬᠤ ᠦᠭᠡᠢ ᠢᠳᠡᠪᠬᠢᠲᠡᠢ ᠪᠠᠷ ᠰᠢᠢᠳᠪᠦᠷᠢᠯᠡᠨ᠂ ᠳᠤᠲᠠᠭᠤ ᠲᠤᠷᠭᠤᠨ ᠬᠢᠬᠦ  ᠎ ᠶᠢ  ᠴᠡᠭᠡᠷᠯᠡᠵᠦ  ᠂ ᠨᠢᠭᠡ ᠶᠢ ᠬᠢᠪᠡᠯ ᠨᠢᠭᠡ ᠶᠢ ᠪᠦᠲᠦᠭᠡᠬᠦ ᠪᠠᠷ  ᠴᠢᠷᠮᠠᠶᠢᠨ᠂ ᠯᠠᠪᠳᠠᠭᠤᠨ ᠪᠠᠲᠤᠲᠠᠢ ᠠᠵᠢᠯ ᠬᠢᠬᠦ ᠪᠠᠷ ᠬᠥᠭᠵᠢᠯᠲᠡ ᠶᠢᠨ ᠰᠠᠨᠠᠭᠠᠴᠢᠯᠠᠭᠠᠲᠤ ᠡᠷᠬᠡ  ᠎ ᠶᠢ ᠤᠯᠵᠤ᠂  ᠤᠯᠠᠨ ᠲᠦᠮᠡᠨ ᠤ ᠬᠠᠨᠤᠮᠵᠢ ᠶᠢᠨ ᠬᠡᠮᠵᠢᠶ᠎ᠡ ᠶᠢ  ᠲᠡᠭᠡᠭᠰᠢᠯᠡᠬᠦᠯᠦᠭᠰᠡᠨ ᠪᠠᠶᠢᠨ᠎ᠠ᠃      ᠠᠮᠵᠢᠯᠳᠠ ᠪᠦᠳᠦᠮᠵᠢ ᠪᠠᠨ ᠨᠤᠳ᠋ᠯᠠᠬᠤ ᠶᠢᠨ ᠬᠠᠮᠲᠤ᠂ ᠪᠢᠳᠡ  ᠪᠥᠬᠦ ᠬᠤᠰᠢᠭᠤᠨ ᠤ ᠠᠵᠤ ᠠᠬᠤᠶ ᠨᠡᠶᠢᠭᠡᠮ ᠎ ᠤᠨ ᠬᠥᠭᠵᠢᠯᠲᠡ ᠳᠤ ᠪᠠᠰᠠ ᠴᠥᠭᠡᠨ ᠪᠤᠰᠤ ᠬᠦᠴᠢᠷᠳᠡᠯ ᠪᠠ ᠠᠰᠠᠭᠤᠳᠠᠯ ᠣᠷᠣᠰᠢᠵᠤ ᠪᠠᠶᠢᠬᠤ ᠶᠢ ᠰᠡᠷᠭᠡᠭ ᠢᠶᠠᠷ ᠣᠯᠵᠤ ᠬᠠᠷᠠᠬᠤ ᠬᠡᠷᠡᠭᠲᠡᠶ᠄ ᠠᠵᠤ ᠠᠬᠤᠶ ᠶᠢᠨ ᠬᠥᠭᠵᠢᠯᠲᠡ ᠶᠢᠨ ᠲᠠᠯ᠎ᠠ ᠠᠴᠠ ᠦᠵᠡᠪᠡᠯ᠂  ᠶᠡᠷᠦᠩᠬᠡᠶ ᠬᠡᠮᠵᠢᠶ᠎ᠡ ᠪᠠᠭ᠎ᠠ᠂ ᠠᠵᠤ ᠦᠶᠯᠡᠰ ᠤᠨ ᠲᠠᠰ ᠳᠠᠪᠬᠤᠷᠭ᠎ᠠ ᠳᠣᠤᠷ᠎ᠠ᠂ ᠭᠤᠤᠯᠯᠠᠬᠤ ᠠᠵᠤ ᠦᠶᠯᠡᠰ ᠲᠣᠪᠣᠶᠢᠮ᠎ᠠ ᠪᠢᠰᠢ᠂ ᠳᠠᠭᠠᠭᠤᠯᠤᠭᠴᠢ ᠠᠵᠤ ᠠᠬᠤᠶᠢᠯᠠᠯ ᠪᠠ ᠲᠤᠰᠬᠠᠶ ᠰᠢᠯᠢᠳᠡᠭ ᠣᠨᠴᠠᠭᠠᠶ ᠰᠢᠨ᠎ᠡ ᠠᠵᠤ ᠠᠬᠤᠶᠢᠯᠠᠯ ᠴᠥᠭᠡᠨ᠂ ᠡᠳ᠋ ᠎ ᠤᠨ ᠵᠠᠰᠠᠭ ᠤᠨ ᠣᠷᠣᠯᠭ᠎ᠠ ᠵᠠᠷᠤᠯᠭ᠎ᠠ ᠶᠢᠨ ᠲᠡᠩᠴᠡᠭᠦᠷᠢ ᠶᠢᠨ ᠵᠥᠷᠢᠴᠡᠯ ᠲᠣᠪᠣᠶᠢᠮ᠎ᠠ᠂ ᠴᠢᠨᠠᠷ ᠰᠠᠶᠢᠲᠠᠶ ᠬᠥᠭᠵᠢᠯᠲᠡ ᠎ ᠶᠢᠨ ᠰᠠᠭᠤᠷᠢ ᠪᠠᠰᠠ ᠪᠠᠬᠢᠵᠢᠭᠡᠳᠦᠢ ᠪᠠᠶᠢᠭ᠎ᠠ᠃  ᠬᠦᠳᠡᠯᠭᠡᠭᠴᠢ ᠬᠦᠴᠦᠨ ᠤ ᠬᠠᠳᠠᠭᠠᠯᠠᠴᠠ ᠶᠢᠨ ᠲᠠᠯ᠎ᠠ ᠠᠴᠠ ᠦᠵᠡᠪᠡᠯ᠂ ᠲᠤᠮᠤ ᠲᠦᠷᠦᠯ ᠵᠦᠢᠯ ᠤᠨ ᠨᠥᠭᠡᠴᠡᠯᠡᠯᠲᠡ ᠬᠦᠷᠦᠯᠴᠡᠬᠦ ᠦᠭᠡᠢ᠂  ᠪᠦᠲᠦᠮᠵᠢᠲᠡᠢ ᠪᠡᠯᠡ ᠣᠷᠣᠭᠤᠯᠤᠯᠲᠠ ᠶᠢᠨ ᠬᠦᠴᠦᠨ ᠮᠡᠬᠦᠰ᠂ ᠴᠢᠬᠤᠯᠠ ᠶᠡᠭᠡ ᠲᠦᠷᠦᠯ ᠵᠦᠢᠯ ᠢ ᠲᠤᠯᠭᠠᠭᠤᠷᠢᠯᠠᠬᠤ ᠴᠢᠬᠤᠯᠠ ᠡᠯᠧᠮᠧᠨ᠋ᠲ ᠎ ᠤᠨ ᠪᠠᠲᠤᠯᠠᠭ᠎ᠠ᠂ ᠦᠢᠯᠡᠴᠢᠯᠡᠭᠡᠨ ᠤ ᠪᠠᠲᠤᠯᠠᠭ᠎ᠠ ᠴᠢᠩᠭ᠎ᠠ  ᠪᠤᠰᠤ᠂  ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ ᠲᠤᠯᠭᠠᠭᠤᠷᠢᠯᠠᠬᠤ ᠴᠢᠳᠠᠪᠤᠷᠢ ᠪᠠᠭᠤᠷᠠᠢ᠂ ᠠᠮᠢ ᠠᠬᠤᠢ ᠣᠷᠴᠢᠨ ᠲᠣᠭᠤᠷᠢᠨ  ᠎ ᠤ ᠬᠠᠮᠠᠭᠠᠯᠠᠯᠳᠠ ᠶᠢᠨ ᠲᠠᠷᠤᠭᠠᠰᠤ  ᠨᠡᠮᠡᠭᠳᠡᠵᠦ  ᠪᠠᠶᠢᠭ᠎ᠠ᠃  ᠤᠯᠠᠨ ᠲᠦᠮᠡᠨ ᠤ ᠬᠦᠰᠡᠯ ᠡᠷᠡᠮᠡᠯᠵᠡᠯ  ᠎ ᠤᠨ ᠲᠠᠯ᠎ᠠ ᠠᠴᠠ ᠦᠵᠡᠪᠡᠯ᠂ ᠤᠯᠠᠨ ᠨᠡᠶᠢᠲᠡ ᠶᠢᠨ ᠦᠢᠯᠡᠴᠢᠯᠡᠭᠡᠨ ᠤ ᠬᠠᠩᠭᠠᠯᠭ᠎ᠠ ᠲᠡᠩᠴᠡᠭᠦᠷᠢ ᠦᠭᠡᠢ ᠪᠦᠬᠡᠳ ᠲᠡᠬᠦᠯᠳᠡᠷ ᠪᠤᠰᠤ᠂ ᠦᠨᠳᠦᠰᠦᠨ ᠱᠠᠲᠤᠨ ᠤ ᠵᠠᠰᠠᠯᠲᠠ᠂ ᠬᠤᠳᠠ ᠪᠠᠯᠭᠠᠰᠤᠨ ᠤ ᠬᠠᠮᠢᠶᠠᠷᠤᠯᠲᠠ ᠶᠢ ᠪᠠᠰᠠ ᠴᠢᠩᠭᠠᠳᠬᠠᠬᠤ ᠴᠢᠬᠤᠯᠠᠲᠠᠢ ᠪᠠᠶᠢᠵᠤ᠂ ᠠᠷᠠᠳ ᠤᠨ ᠠᠮᠢᠳᠤᠷᠠᠯ ᠤᠨ ᠪᠠᠲᠤᠯᠠᠭ᠎ᠠ᠂ ᠰᠤᠷᠭᠠᠨ ᠬᠥᠮᠦᠵᠢᠯ ᠡᠮ ᠡᠮᠨᠡᠯᠭᠡ᠂ ᠰᠣᠶᠣᠯ ᠲᠠᠮᠢᠷ ᠵᠡᠷᠭᠡ ᠠᠵᠢᠯ ᠦᠢᠯᠡᠰ ᠨᠢ ᠤᠯᠠᠨ ᠲᠦᠮᠡᠨ ᠤ ᠬᠡᠷᠡᠭᠴᠡᠭᠡ ᠠᠴᠠ ᠪᠠᠰᠠ ᠨᠡᠯᠢᠶᠡᠳ ᠵᠥᠷᠢᠶ᠎ᠡ ᠲᠠᠢ ᠪᠠᠶᠢᠭ᠎ᠠ᠃  ᠵᠠᠰᠠᠭ ᠤᠨ ᠣᠷᠳᠣᠨ ᠤ ᠲᠤᠰ ᠪᠡᠶ᠎ᠡ ᠶᠢᠨ ᠲᠠᠯ᠎ᠠ ᠠᠴᠠ ᠠᠪᠴᠤ ᠦᠵᠡᠪᠡᠯ᠂ ᠺᠠᠳ᠋ᠷ ᠤᠨ ᠡᠩᠨᠡᠭᠡᠨ ᠤ ᠦᠵᠡᠯ ᠰᠠᠨᠠᠭ᠎ᠠ ᠲᠡᠶᠢᠮᠦ ᠰᠠᠶᠢᠨ ᠴᠢᠯᠥᠭᠡᠯᠡᠭᠳᠡᠭᠡᠳᠦᠢ᠂  ᠬᠦᠭᠵᠢᠯᠳᠡ ᠶᠢ ᠠᠳᠬᠤᠬᠤ ᠴᠢᠳᠠᠪᠤᠷᠢ ᠲᠡᠶᠢᠮᠦ ᠰᠠᠶᠢᠨ ᠪᠢᠰᠢ᠂ ᠬᠠᠷᠢᠭᠤᠴᠠᠯᠭ᠎ᠠ ᠡᠭᠦᠷᠭᠡᠯᠡᠬᠦ ᠵᠣᠷᠢᠭ ᠦᠭᠡᠢ᠂ ᠬᠠᠷᠢᠭᠤᠴᠠᠯᠭ᠎ᠠ ᠡᠭᠦᠷᠭᠡᠯᠡᠬᠦ ᠳᠡᠭᠡᠨ ᠮᠠᠭᠤ ᠵᠡᠷᠭᠡ ᠠᠰᠠᠭᠤᠳᠠᠯ ᠣᠷᠣᠰᠢᠵᠤ᠂  ᠬᠦᠴᠢᠷ ᠎ ᠢ ᠲᠠᠪᠠᠭ᠋ᠤ ᠴᠢᠳᠠᠪᠤᠷᠢ ᠪᠠ ᠦᠢᠯᠡᠴᠢᠯᠡᠭᠡᠨ ᠤ ᠦᠷ᠎ᠡ ᠪᠦᠲᠦᠮᠵᠢ ᠶᠢ ᠤᠯᠠᠮ ᠴᠢᠨᠠᠭᠰᠢᠳᠠ ᠳᠡᠭᠡᠭᠰᠢᠯᠡᠭᠦᠯᠬᠦ ᠴᠢᠬᠤᠯᠠᠲᠠᠢ ᠪᠠᠶᠢᠭ᠎ᠠ᠃  ᠡᠳᠡᠭᠡᠷ ᠠᠰᠠᠭᠤᠳᠠᠯ ᠢ ᠪᠢᠳᠡ ᠵᠠᠪᠠᠯ ᠳᠡᠭᠡᠳᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠪᠦᠲᠦᠮᠵᠢᠲᠡᠢ ᠠᠷᠭ᠎ᠠ ᠬᠡᠮᠵᠢᠶ᠎ᠡ ᠠᠪᠴᠤ ᠪᠠᠶᠢᠭᠠᠳ ᠦᠨᠡᠨ ᠬᠦ ᠰᠢᠢᠳᠪᠦᠷᠢᠯᠡᠬᠦ ᠬᠡᠷᠡᠭᠲᠡᠢ᠃     ᠲᠥᠯᠥᠭᠡᠯᠡᠭᠴᠢᠳ ᠡ᠂ ᠥᠩᠭᠡᠷᠡᠭᠰᠡᠨ ᠲᠠᠪᠤᠨ ᠵᠢᠯ ᠢᠶᠠᠨ ᠡᠷᠭᠢᠴᠡᠭᠦᠯᠵᠦ ᠦᠵᠡᠪᠡᠯ᠂ ᠪᠢᠳᠡᠨ ᠤ ᠲᠤᠯᠭᠠᠷᠠᠭᠰᠠᠨ ᠬᠦᠴᠢᠷᠳᠡᠯ ᠨᠢ ᠵᠢᠱᠢᠭᠰᠡᠨ ᠠᠴᠠ ᠪᠠᠨ ᠠᠷᠪᠢᠨ᠂  ᠪᠡᠶᠡᠯᠡᠬᠦᠯᠦᠭᠰᠡᠨ ᠡᠬᠦᠷᠭᠡ ᠨᠢ ᠦᠩᠭᠡᠷᠡᠭᠰᠡᠨ ᠎ ᠠᠴᠠ ᠪᠠᠨ ᠬᠦᠨᠳᠦ᠂ ᠣᠯᠤᠭᠰᠠᠨ ᠠᠮᠵᠢᠯᠳᠠ ᠨᠢ  ᠲᠦᠰᠦᠪᠯᠡᠭᠰᠡᠨ ᠠᠴᠠ ᠪᠠᠨ ᠰᠠᠶᠢᠨ ᠪᠠᠶᠢᠨ᠎ᠠ᠃ ᠡᠳᠡᠭᠡᠷ ᠠᠮᠵᠢᠯᠲᠠ  ᠪᠦᠳᠦᠮᠵᠢ ᠪᠤᠯ ᠲᠡᠭᠡᠳᠦ ᠱᠠᠲᠤᠨ ᠤ ᠨᠠᠮ ᠵᠠᠰᠠᠭ ᠬᠢᠭᠡᠳ ᠬᠤᠰᠢᠭᠤ ᠨᠠᠮ ᠤᠨ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ  ᠎ ᠠᠴᠠ ᠢᠷᠡᠭᠰᠡᠨ ᠠᠮᠵᠢᠯᠳᠠ ᠪᠦᠳᠦᠮᠵᠢ᠂ ᠬᠤᠰᠢᠭᠤ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ᠂ ᠤᠯᠤᠰ ᠲᠥᠷᠦ ᠶᠢᠨ ᠵᠥᠪᠯᠡᠯᠭᠡᠨ ᠤ ᠬᠦᠴᠦᠲᠡᠢ ᠳᠡᠮᠵᠢᠯᠭᠡ ᠠᠴᠠ ᠢᠷᠡᠭᠰᠡᠨ ᠠᠮᠵᠢᠯᠳᠠ ᠪᠦᠳᠦᠮᠵᠢ᠂ ᠪᠦᠬᠦ ᠬᠤᠰᠢᠭᠤᠨ ᠤ ᠦᠨᠳᠦᠰᠦᠲᠡᠨ ᠨᠦᠭᠦᠳ ᠤᠨ ᠺᠠᠳ᠋ᠷ ᠣᠯᠠᠨ ᠲᠦᠮᠡᠨ ᠤ ᠪᠦᠯᠬᠦᠮᠳᠡᠨ ᠲᠡᠮᠡᠴᠡᠭᠰᠡᠨ ᠤ ᠠᠮᠵᠢᠯᠳᠠ ᠪᠦᠳᠦᠮᠵᠢ  ᠶᠤᠮ᠃ ᠠᠳᠡ ᠪᠢ ᠬᠤᠰᠢᠭᠤ ᠠᠷᠠᠳ ᠤᠨ ᠵᠠᠰᠠᠭ  ᠎ ᠤᠨ ᠣᠷᠳᠣᠨ ᠢ ᠲᠥᠯᠥᠭᠡᠯᠡᠵᠦ᠂ ᠲᠠᠶᠢᠹᠤᠰᠧ ᠬᠤᠰᠢᠭᠤᠨ ᠤ  ᠴᠤᠭᠴᠠᠯᠠᠯᠳᠠ ᠬᠥᠭᠵᠢᠯᠲᠡ ᠶᠢ ᠬᠠᠯᠠᠮᠵᠢᠯᠠᠵᠤ ᠲᠡᠮᠵᠢᠭᠰᠡᠨ ᠨᠠᠶᠢᠵᠠ ᠨᠥᠬᠦᠳ ᠲᠤ ᠴᠢᠩ ᠰᠡᠳᠬᠢᠯ ᠤᠨ ᠲᠠᠯᠠᠷᠬᠠᠯ ᠪᠠ ᠡᠷᠬᠢᠮ  ᠲᠡᠭᠡᠳᠦ ᠬᠦᠨᠳᠦᠳᠬᠡᠯ ᠢᠶᠠᠨ ᠳᠡᠪᠰᠢᠭᠦᠯᠦᠶ᠎ᠡ︕        ᠬᠤᠶᠠᠷ᠂ 《 ᠠᠷᠪᠠᠨ ᠳᠥᠷᠪᠡᠳᠦᠭᠡᠷ ᠲᠠᠪᠤᠨ ᠵᠢᠯ 》᠎ ᠤᠨ ᠬᠤᠭᠤᠴᠠᠭᠠᠨ ᠤ ᠲᠡᠮᠡᠴᠡᠬᠦ ᠬᠠᠷᠠᠯᠲᠠ ᠪᠠ 2021 ᠤᠨ ᠤ ᠠᠵᠢᠯ ᠤᠨ ᠪᠠᠶᠢᠷᠢᠯᠠᠭᠤᠯᠤᠯᠳᠠ       ᠬᠤᠰᠢᠭᠤ  ᠨᠠᠮ ᠤᠨ ᠬᠤᠷᠢᠶᠠᠨ ᠤ 《 ᠤᠯᠤᠰ ᠠᠷᠠᠳ ᠤᠨ ᠠᠵᠤ ᠠᠬᠤᠶ ᠪᠠ ᠨᠡᠶᠢᠭᠡᠮ ᠤᠨ ᠬᠥᠭᠵᠢᠯᠲᠡ ᠎ ᠶᠢᠨ ᠠᠷᠪᠠᠨ ᠳᠥᠷᠪᠡᠳᠦᠭᠡᠷ ᠲᠠᠪᠤᠨ ᠵᠢᠯ ᠤᠨ ᠲᠥᠯᠥᠪᠵᠢᠭᠦᠯᠭᠡ ᠪᠠ 2035 ᠣᠨ ᠤ ᠠᠯᠤᠰ ᠤᠨ ᠬᠠᠷᠠᠯᠲᠠ ᠶᠢ ᠲᠣᠭᠲᠠᠭᠠᠬᠤ ᠲᠤᠬᠠᠶ ᠰᠠᠨᠠᠭᠤᠯᠭ᠎ᠠ 》᠎ ᠶᠢ ᠦᠨᠳᠦᠰᠦᠯᠡᠨ᠂ ᠬᠤᠰᠢᠭᠤ ᠵᠠᠰᠠᠭ ᠤᠨ ᠣᠷᠳᠣᠨ  ᠎ ᠠᠴᠠ《  ᠲᠠᠶᠢᠹᠤᠰᠧ ᠬᠤᠰᠢᠭᠤᠨ ᠤ ᠤᠯᠤᠰ ᠠᠷᠠᠳ ᠤᠨ ᠠᠵᠤ ᠠᠬᠤᠶ ᠪᠠ ᠨᠡᠶᠢᠭᠡᠮ ᠤᠨ ᠬᠥᠭᠵᠢᠯᠲᠡ ᠶᠢᠨ ᠠᠷᠪᠠᠨ ᠳᠥᠷᠪᠡᠳᠦᠭᠡᠷ ᠲᠠᠪᠤᠨ ᠵᠢᠯ ᠤᠨ ᠲᠥᠯᠥᠪᠵᠢᠭᠦᠯᠭᠡ ᠪᠠ 2035 ᠣᠨ ᠤ ᠠᠯᠤᠰ ᠤᠨ ᠬᠠᠷᠠᠯᠲᠠ ᠶᠢᠨ ᠬᠥᠲᠥᠯᠪᠦᠷᠢ ( ᠲᠥᠰᠦᠯ ) 》᠎ ᠶᠢ ᠲᠣᠭᠲᠠᠭᠠᠵᠤ᠂ ᠶᠡᠭᠡ ᠬᠤᠷᠠᠯ ᠳᠤ ᠬᠢᠨᠠᠨ ᠵᠥᠪᠯᠡᠭᠦᠯᠬᠦ ᠪᠠᠷ  ᠲᠡᠪᠰᠢᠬᠦᠯᠵᠦ ᠪᠠᠶᠢᠨ᠎ᠠ᠃     《 ᠠᠷᠪᠠᠨ ᠳᠥᠷᠪᠡᠳᠦᠭᠡᠷ ᠲᠠᠪᠤᠨ ᠵᠢᠯ 》᠎ ᠤᠨ ᠭᠤᠤᠯ ᠪᠤᠯᠬᠤ ᠬᠠᠷᠠᠯᠳᠠ ᠡᠬᠦᠷᠭᠡ ᠪᠤᠯ᠄       —— ᠶᠡᠷᠦᠩᠬᠡᠶᠢᠯᠡᠭᠰᠡᠨ ᠪᠣᠳᠠᠲᠤ ᠬᠦᠴᠦᠨ ᠤ ᠰᠢᠨ᠎ᠡ ᠲᠠᠪᠠᠯᠳᠠ ᠶᠢ ᠪᠡᠶᠡᠯᠡᠬᠦᠯᠦᠨ᠎ᠡ᠃ ᠭᠤᠣᠯ ᠪᠣᠯᠬᠤ ᠠᠵᠤ ᠠᠬᠤᠢ ᠶᠢᠨ ᠵᠢᠭᠠᠯᠳᠠ ᠲᠤᠭ᠎ᠠ ᠶᠢ ᠲᠡᠩᠴᠡᠭᠦᠷᠢᠲᠡᠢ ᠵᠣᠬᠢᠴᠠᠩᠭᠤᠢ ᠪᠠᠷ ᠨᠡᠮᠡᠭᠳᠡᠬᠦᠯᠦᠨ᠂ ᠭᠤᠷᠪᠠᠳᠤᠭᠠᠷ ᠠᠵᠤ ᠦᠢᠯᠡᠰ ᠤᠨ ᠠᠭᠤᠰᠤᠯᠴᠠᠨ ᠬᠦᠭᠵᠢᠬᠦ ᠶᠢ  ᠲᠦᠷᠭᠡᠳᠬᠡᠨ ᠠᠬᠢᠭᠤᠯᠵᠤ᠂ ᠶᠠᠳᠠᠭᠤ ᠠᠴᠠ ᠠᠩᠭᠢᠵᠢᠷᠠᠭᠤᠯᠬᠤ ᠪᠣᠭᠤᠮᠲᠠ  ᠰᠢᠪᠳᠤᠯᠬᠤ ᠠᠵᠢᠯ ᠤᠨ ᠦᠷ᠎ᠡ ᠪᠦᠲᠦᠭᠡᠯ ᠢ ᠤᠯᠠᠮ  ᠪᠠᠬᠢᠵᠢᠬᠦᠯᠦᠨ᠂  ᠬᠥᠳᠡᠭᠡ ᠲᠣᠰᠬᠤᠨ ᠮᠠᠯᠵᠢᠬᠤ ᠣᠷᠣᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠤᠳᠤᠯᠭ᠎ᠠ ᠶᠢ ᠭᠦᠨᠵᠡᠭᠡᠢ  ᠭᠡᠷᠡᠭᠵᠢᠬᠦᠯᠵᠦ᠂  ᠵᠠᠭᠤᠨ ᠳ᠋ᠦ᠋ᠩᠰᠢᠭᠤᠷ ᠤᠨ ᠪᠤᠬᠢᠷᠳᠤᠯ  ᠦᠬᠡᠢ ᠠᠵᠤ ᠦᠢᠯᠡᠰ ᠤᠨ ᠤᠷᠤᠨ ᠲᠤᠭᠤᠷᠢᠭ ᠢ ᠠᠩᠬ᠎ᠠ ᠠᠯᠬᠤᠮ ᠲᠦᠯᠦᠪᠰᠢᠷᠡᠬᠦᠯᠦᠨ᠂ ᠠᠵᠤ ᠠᠬᠤᠢ ᠶᠢᠨ ᠦᠷ᠎ᠡ ᠠᠰᠢᠭ᠂ ᠬᠥᠭᠵᠢᠯᠲᠡ ᠶᠢᠨ ᠶᠠᠰᠤ ᠴᠢᠨᠠᠷ ᠢ ᠮᠡᠳᠡᠭᠳᠡᠮ᠎ᠡ ᠲᠡᠭᠡᠭᠰᠢᠯᠡᠬᠦᠯᠵᠦ᠂ ᠤᠷᠤᠨ ᠨᠤᠳᠤᠭ ᠤᠨ ᠦᠢᠯᠡᠳᠪᠦᠷᠢᠯᠡᠯ ᠤᠨ ᠶᠡᠷᠦᠩᠬᠡᠢ ᠥᠷᠲᠡᠭ ᠤᠨ ᠨᠡᠮᠡᠭᠳᠡᠯ  ᠎ ᠤᠨ ᠬᠤᠷᠳᠤᠴᠠ ᠶᠢ ᠪᠦᠬᠦ ᠠᠶᠢᠮᠠᠭ ᠤᠨ ᠳᠤᠮᠳᠠᠴᠢ ᠲᠦᠪᠰᠢᠨ ᠠᠴᠠ  ᠲᠠᠪᠠᠭᠤᠯᠤᠨ᠂  ᠰᠢᠯᠢ ᠶᠢᠨ ᠭᠤᠤᠯ ᠠᠶᠢᠮᠠᠭ ᠤᠨ ᠡᠮᠦᠨ᠎ᠡ ᠬᠡᠰᠡᠭ ᠤᠨ  ᠴᠢᠬᠤᠯᠠ  ᠠᠵᠤ ᠠᠬᠤᠢ ᠶᠢᠨ ᠨᠡᠮᠡᠭᠳᠡᠯ ᠤᠨ ᠴᠡᠭ ᠪᠤᠯᠭᠠᠨ᠎ᠠ᠃      —— ᠥᠭᠡᠷᠡᠴᠢᠯᠡᠯᠲᠡ ᠨᠡᠭᠡᠭᠡᠯᠲᠡ ᠶᠢᠨ ᠰᠢᠨ᠎ᠡ ᠳᠠᠪᠠᠭᠤᠯᠢᠭ ᠢ ᠪᠤᠢ ᠪᠤᠯᠭᠠᠨ᠎ᠠ᠃ ᠰᠢᠨ᠎ᠡ ᠬᠥᠭᠵᠢᠯᠲᠡ ᠎ ᠶᠢᠨ ᠪᠦᠳᠦᠴᠡ  ᠎ ᠳᠤ ᠰᠠᠨᠠᠭᠠᠴᠢᠯᠠᠭ᠎ᠠ ᠠᠴᠠ ᠪᠠᠨ ᠠᠭᠤᠰᠤᠯᠴᠠᠵᠤ᠂  ᠭᠠᠳᠠᠭᠰᠢ ᠲᠤᠳᠤᠭᠰᠢ ᠪᠠᠨ ᠨᠡᠭᠡᠭᠡᠯᠲᠡ ᠶᠢᠨ ᠲᠦᠪᠰᠢᠨ ᠢ ᠢᠯᠡᠳᠲᠡ  ᠲᠡᠭᠡᠭᠰᠢᠯᠡᠬᠦᠯᠦᠨ᠂   ᠤᠷᠤᠨ ᠪᠦᠰᠡ ᠶᠢᠨ ᠴᠢᠨᠠᠷᠳᠠᠢ  ᠵᠢᠭᠤᠯᠴᠢᠯᠠᠯ ᠠᠷᠠᠯᠵᠢᠶᠠᠨ ᠤ ︽ᠬᠦᠬᠦᠷᠭᠡᠨ ᠪᠠᠬᠢᠯᠡᠯᠳᠡ︾᠎ ᠶᠢᠨ ᠪᠠᠶᠢᠷᠢ ᠰᠠᠭᠤᠷᠢ ᠶᠢ ᠤᠯᠠᠮ ᠪᠠᠳᠤᠳᠬᠠᠵᠤ᠂ ᠠᠮᠢ ᠠᠬᠤᠢ ᠶᠢᠨ ᠪᠣᠯᠪᠠᠰᠤᠨ᠂ ᠮᠠᠯᠵᠢᠬᠤ ᠲᠠᠷᠢᠶᠠᠯᠠᠬᠤ ᠣᠷᠣᠨ᠂ ᠠᠷᠠᠳ ᠤᠨ ᠠᠮᠢᠳᠤᠷᠠᠯ ᠤᠨ ᠪᠠᠲᠤᠯᠠᠭ᠎ᠠ ᠵᠡᠷᠭᠡ ᠡᠯ᠎ᠡ  ᠴᠡᠷ᠎ᠡ ᠬᠦᠷᠢᠶᠡᠨ ᠤ ᠥᠭᠡᠷᠡᠴᠢᠯᠡᠯᠲᠡ ᠶᠢ ᠭᠦᠨᠵᠡᠭᠡᠢ  ᠠᠬᠢᠭᠤᠯᠤᠨ᠂ ᠬᠤᠳᠠᠯᠳᠤᠭ᠎ᠠ ᠡᠷᠬᠢᠯᠡᠬᠦ ᠣᠷᠴᠢᠨ ᠨᠥᠬᠦᠴᠡᠯ ᠢ ᠶᠡᠭᠡ ᠪᠠᠷ  ᠰᠠᠶᠢᠵᠢᠷᠠᠭᠤᠯᠤᠨ᠂  ᠰᠢᠨᠵᠢᠯᠡᠭᠡ ᠮᠡᠷᠭᠡᠵᠢᠯ ᠤᠨ ᠰᠢᠨ᠎ᠡ ᠶᠢ ᠡᠭᠦᠳᠬᠦ ᠪᠠᠷ  ᠴᠢᠨᠠᠷ ᠰᠠᠶᠢᠲᠠᠶ ᠬᠥᠭᠵᠢᠯᠲᠡ ᠶᠢ ᠲᠤᠯᠭᠠᠭᠤᠷᠢᠯᠠᠬᠤ ᠴᠢᠳᠠᠪᠤᠷᠢ ᠶᠢ ᠤᠯᠠᠮ  ᠴᠢᠩᠭᠠᠷᠠᠭᠤᠯᠤᠨ᠎ᠠ᠃     —— ᠪᠣᠬᠢᠷᠲᠤᠯ ᠦᠭᠡᠢ ᠬᠥᠭᠵᠢᠯᠲᠡ ᠶᠢ ᠰᠢᠨ᠎ᠡ ᠨᠢᠬᠡᠨ ᠳᠡᠭᠲᠡᠷ ᠲᠤ ᠭᠠᠷᠭᠠᠨ᠎ᠠ᠃ ᠠᠮᠢ ᠠᠬᠤᠶ  ᠎ ᠪᠠᠷ ᠤᠷᠢᠳᠠᠯ  ᠪᠤᠯᠭᠠᠭᠰᠠᠨ ᠪᠣᠬᠢᠷᠲᠤᠯ ᠥᠬᠡᠶ ᠬᠦᠭᠵᠢᠬᠦᠯᠦᠯᠳᠡ ᠶᠢ ᠪᠠᠷᠢᠮᠲᠠᠯᠠᠵᠤ᠂ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢᠨ ᠪᠠᠶᠢᠯᠳᠤᠬᠤ ᠪᠣᠳᠣᠯᠭ᠎ᠠ ᠶᠢᠨ ᠲᠣᠭᠲᠠᠯ ᠬᠦᠴᠦᠨ ᠢ  ᠪᠠᠳᠤᠯᠠᠨ  ᠂  ᠠᠵᠢᠯᠯᠠᠵᠤ ᠠᠮᠢᠳᠤᠷᠠᠬᠤ ᠎ ᠳᠤ ᠲᠠᠭᠠᠳᠠᠢ ᠠᠮᠢ ᠠᠬᠤᠢ ᠶᠢᠨ ᠪᠠᠯᠭᠠᠰᠤ ᠶᠢ ᠡᠬᠦᠳᠦᠨ ᠪᠠᠶᠢᠭᠤᠯᠵᠤ᠂  ᠴᠡᠯᠮᠡᠭ ᠣᠭᠲᠠᠷᠭᠤᠶ᠂  ᠴᠡᠩᠭᠡᠭ ᠤᠰᠤ᠂ ᠴᠡᠪᠡᠷ ᠬᠦᠷᠦᠰᠦᠨ ᠤ ᠬᠠᠮᠠᠭᠠᠯᠠᠯᠳᠠ ᠶᠢᠨ ᠳᠠᠶᠢᠯᠠᠯᠳᠤᠭᠠᠨ ᠤ ᠦᠷ᠎ᠡ ᠪᠦᠲᠦᠭᠡᠯ ᠢ ᠦᠷᠭᠦᠯᠵᠢᠯᠡᠨ ᠪᠠᠬᠢᠵᠢᠭᠦᠯᠵᠦ᠂ ᠪᠣᠬᠢᠷᠲᠤᠯ ᠥᠬᠡᠶ ᠦᠶᠯᠡᠳᠪᠦᠷᠢᠯᠡᠯ ᠠᠮᠢᠳᠤᠷᠠᠯ ᠤᠨ ᠠᠷᠭ᠎ᠠ ᠬᠡᠯᠪᠡᠷᠢ ᠶᠢᠨ ᠪᠦᠷᠢᠯᠳᠦᠯ ᠢ ᠲᠦᠷᠭᠡᠳᠬᠡᠨ᠂ ᠠᠮᠢ ᠠᠬᠤᠶ ᠣᠷᠴᠢᠨ ᠲᠣᠭᠤᠷᠢᠨ ᠤ ᠶᠠᠰᠤ ᠴᠢᠨᠠᠷ ᠢ ᠤᠯᠠᠮ ᠴᠢᠨᠠᠭᠰᠢᠳᠠ ᠰᠠᠶᠢᠵᠢᠷᠠᠭᠤᠯᠤᠨ᠂  ᠠᠮᠢ ᠠᠬᠤᠶ ᠶᠢᠨ ᠠᠮᠤᠷ ᠲᠦᠪᠰᠢᠨ ᠤ ᠬᠠᠯᠬᠠᠪᠴᠢ ᠶᠢ ᠨᠠᠩ ᠪᠠᠲᠤ ᠴᠤᠭᠴᠠᠯᠠᠨ᠎ᠠ᠃    —— ᠠᠷᠠᠳ ᠤᠨ ᠠᠮᠢᠳᠤᠷᠠᠯ ᠤᠨ ᠪᠤᠶᠠᠨ ᠵᠢᠷᠭᠠᠯ ᠢ ᠰᠢᠨ᠎ᠡ ᠲᠦᠪᠰᠢᠨ ᠳᠤ ᠬᠦᠷᠭᠡᠨ᠎ᠡ᠃ ᠬᠤᠳᠠ ᠬᠥᠳᠡᠭᠡ ᠎ ᠶᠢᠨ ᠰᠠᠭᠤᠭᠠᠯᠢ ᠠᠷᠠᠳ ᠤᠨ ᠣᠷᠣᠯᠭ᠎ᠠ ᠶᠢᠨ ᠨᠡᠮᠡᠭᠳᠡᠯ ᠢ ᠠᠵᠤ ᠠᠬᠤᠢ ᠶᠢᠨ ᠨᠡᠮᠡᠭᠳᠡᠯ ᠲᠠᠢ ᠦᠨᠳᠦᠰᠦᠨ ᠳᠡᠭᠡᠨ ᠢᠵᠢᠯ ᠠᠯᠬᠤᠮ ᠲᠠᠢ ᠪᠠᠶᠢᠯᠭᠠᠵᠤ᠂  ᠨᠠᠰᠤᠵᠢᠯ ᠤᠨ ᠠᠰᠠᠷᠠᠮᠵᠢ᠂ ᠦᠨᠳᠦᠰᠦᠨ ᠡᠮ ᠡᠮᠨᠡᠯᠭᠡ᠂ ᠨᠠᠭᠠᠳᠤ ᠵᠠᠬ᠎ᠠ ᠶᠢᠨ ᠠᠮᠢᠳᠤᠷᠠᠯ ᠤᠨ  ᠪᠠᠲᠤᠯᠠᠭ᠎ᠠ ᠵᠡᠷᠭᠡ ᠤᠯᠠᠨ ᠲᠡᠰ ᠳᠠᠪᠬᠤᠷᠭ᠎ᠠ ᠶᠢᠨ ᠪᠠᠳᠤᠯᠠᠭᠠᠨ ᠤ  ᠰᠢᠰᠲ᠋ᠧᠮᠵᠢ ᠶᠢ ᠴᠢᠨᠠᠭᠰᠢᠳᠠ ᠲᠡᠭᠦᠯᠳᠡᠷᠵᠢᠭᠦᠯᠦᠨ᠎ᠡ᠃   ᠰᠤᠷᠭᠠᠨ ᠬᠥᠮᠦᠵᠢᠯ ᠢ ᠴᠢᠨᠠᠷ ᠰᠠᠶᠢᠲᠠᠶ  ᠬᠦᠭᠵᠢᠬᠦᠯᠦᠨ᠂ ᠣᠯᠠᠨ ᠨᠡᠶᠢᠲᠡ ᠶᠢᠨ ᠡᠷᠡᠭᠦᠯ ᠬᠠᠮᠠᠭᠠᠯᠠᠯ ᠤᠨ ᠭᠡᠨᠡᠳᠲᠡ ᠶᠢᠨ ᠬᠡᠷᠡᠭ ᠢ ᠠᠷᠭᠠᠴᠠᠭᠠᠨ ᠰᠢᠶᠳᠪᠦᠷᠢᠯᠡᠬᠦ ᠪᠠ  ᠠᠪᠤᠷᠠᠨ ᠵᠠᠰᠠᠬᠤ ᠴᠢᠳᠠᠪᠤᠷᠢ ᠶᠢ  ᠢᠯᠡᠳᠳᠡ  ᠴᠢᠩᠭᠠᠷᠠᠭᠤᠯᠤᠨ᠎ᠠ᠃     ——ᠨᠡᠶᠢᠭᠡᠮ ᠤᠨ ᠪᠣᠯᠪᠠᠰᠤᠨ  ᠎ ᠢ ᠰᠢᠨ᠎ᠡ ᠳᠡᠭᠡᠭᠰᠢᠯᠡᠯᠲᠡ ᠲᠠᠢ ᠪᠤᠯᠭᠠᠨ᠎ᠠ᠃ ᠨᠡᠶᠢᠭᠡᠮ ᠵᠢᠷᠤᠮ ᠤᠨ ᠭᠤᠤᠯᠯᠠᠭᠴᠢ ᠥᠷᠲᠡᠭ ᠤᠨ ᠦᠵᠡᠯᠲᠡ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠤᠨ ᠬᠥᠮᠦᠵᠢᠯ  ᠵᠡᠷᠭᠡ ᠶᠢ ᠭᠦᠨᠵᠡᠭᠡᠶ ᠥᠷᠨᠢᠭᠦᠯᠵᠦ᠂ ᠪᠣᠯᠪᠠᠰᠤᠨ  ᠭᠠᠴᠠᠭ᠎ᠠ ᠲᠣᠰᠬᠤᠨ᠂ ᠪᠣᠯᠪᠠᠰᠤᠨ ᠬᠡᠷ ᠪᠦᠯᠢ᠂ ᠪᠣᠯᠪᠠᠰᠤᠨ ᠪᠠᠶᠢᠭᠤᠯᠭ᠎ᠠ ᠨᠢᠭᠡᠴᠡ᠂ ᠪᠣᠯᠪᠠᠰᠤᠨ ᠨᠡᠶᠢᠭᠡᠮ ᠲᠣᠭᠤᠷᠢᠭ᠂ ᠪᠣᠯᠪᠠᠰᠤᠨ ᠰᠤᠷᠭᠠᠭᠤᠯᠢ ᠶᠢᠨ ᠬᠦᠷᠢᠶ᠎ᠡ ᠵᠡᠷᠭᠡ  ᠎ ᠶᠢ ᠡᠭᠦᠳᠦᠨ ᠪᠠᠶᠢᠭᠤᠯᠬᠤ  ᠠᠵᠢᠯᠯᠠᠭᠠᠨ ᠤ  ᠬᠢᠷᠢ ᠲᠦᠪᠰᠢᠨ ᠢ  ᠢᠯᠡᠳᠳᠡ ᠲᠡᠭᠡᠭᠰᠢᠯᠡᠬᠦᠯᠵᠦ᠂  ᠠᠷᠠᠳ ᠢᠷᠭᠡᠳ ᠤᠨ  ᠪᠤᠯᠪᠠᠰᠤᠨ ᠤ  ᠭᠡᠪ ᠴᠢᠨᠠᠷ ᠪᠠ ᠨᠡᠶᠢᠭᠡᠮ ᠤᠨ ᠪᠣᠯᠪᠠᠰᠤᠨ ᠤ  ᠬᠢᠷᠢ ᠬᠡᠮᠵᠢᠶ᠎ᠡ ᠶᠢ  ᠤᠯᠠᠮ ᠲᠡᠭᠡᠭᠰᠢᠯᠡᠬᠦᠯᠦᠨ᠂ ᠪᠥᠬᠦ ᠣᠷᠣᠨ ᠤ ᠪᠣᠯᠪᠠᠰᠤᠨ ᠬᠤᠲᠠ ᠪᠠᠯᠭᠠᠰᠤ ᠶᠢ ᠡᠭᠦᠳᠦᠨ ᠪᠠᠶᠢᠭᠤᠯᠬᠤ ᠪᠠᠷ ᠴᠢᠷᠮᠠᠶᠢᠨ᠎ᠠ᠃     ——ᠨᠡᠶᠢᠭᠡᠮ ᠤᠨ ᠵᠠᠰᠠᠯᠲᠠ ᠤᠨ ᠪᠦᠳᠦᠮᠵᠢ ᠶᠢ ᠰᠢᠨ᠎ᠡ ᠳᠡᠭᠡᠭᠰᠢᠯᠡᠯᠲᠡ ᠲᠠᠢ ᠪᠤᠯᠭᠠᠨ᠎ᠠ᠃  ᠬᠠᠮᠲᠤ ᠪᠠᠷ ᠪᠠᠶᠢᠭᠤᠯᠵᠤ ᠬᠠᠮᠲᠤ ᠪᠠᠷ ᠵᠠᠰᠠᠵᠤ ᠬᠠᠮᠲᠤ ᠪᠠᠷ ᠡᠳ᠋ᠯᠡᠬᠦ ᠨᠡᠶᠢᠬᠡᠮ ᠤᠨ ᠵᠠᠰᠠᠯᠳᠠ ᠶᠢᠨ ᠭᠡᠪ ᠵᠠᠭᠪᠤᠷ ᠢ ᠦᠨᠳᠦᠰᠦᠨ ᠎ ᠳᠡᠭᠡᠨ  ᠪᠦᠷᠢᠯᠳᠦᠬᠦᠯᠵᠦ᠂ ᠬᠠᠤᠯᠢᠵᠢᠭᠰᠠᠨ ᠵᠠᠰᠠᠭ ᠤᠨ ᠪᠠᠶᠢᠭᠤᠯᠤᠯᠲᠠ ᠶᠢ ᠪᠦᠬᠦ ᠲᠠᠯ᠎ᠠ ᠪᠠᠷ  ᠴᠢᠩᠭᠠᠳᠬᠠᠨ᠂ ᠨᠡᠶᠢᠭᠡᠮ ᠤᠨ ᠠᠮᠤᠷ ᠲᠦᠪᠰᠢᠨ ᠤ ᠰᠡᠷᠭᠡᠶᠢᠯᠡᠨ ᠡᠵᠡᠮᠳᠡᠬᠦ ᠰᠢᠰᠲ᠋ᠧᠮᠵᠢ ᠶᠢ  ᠤᠯᠠᠮ ᠢᠯᠡᠬᠦᠦ  ᠲᠡᠬᠦᠯᠳᠡᠷᠵᠢᠬᠦᠯᠵᠦ᠂  ᠬᠦᠨᠳᠦ ᠶᠡᠭᠡ  ᠲᠦᠭᠰᠢᠭᠦᠷᠢ ᠶᠢ ᠰᠡᠷᠭᠡᠶᠢᠯᠡᠨ ᠠᠷᠢᠯᠭᠠᠬᠤ ᠲᠣᠭᠲᠠᠴᠠ ᠶᠢ ᠲᠠᠰᠤᠷᠠᠯᠲᠠ ᠦᠭᠡᠢ  ᠪᠦᠷᠢᠨᠰᠢᠬᠦᠯᠦᠨ᠂ ᠭᠡᠨᠡᠳᠲᠡ ᠡᠭᠦᠰᠬᠦ ᠤᠯᠠᠨ ᠨᠡᠶᠢᠲᠡ ᠶᠢᠨ ᠬᠡᠷᠡᠭ ᠢ ᠪᠠᠴᠢᠮ ᠠᠷᠭᠠᠴᠠᠨ ᠰᠢᠢᠳᠪᠦᠷᠢᠯᠡᠬᠦ ᠪᠠ ᠪᠠᠶᠢᠭᠠᠯᠢ ᠶᠢᠨ ᠭᠠᠮᠰᠢᠭ ᠢ ᠰᠡᠷᠭᠡᠶᠢᠯᠡᠨ ᠬᠤᠷᠢᠭᠯᠠᠬᠤ ᠴᠢᠳᠠᠪᠤᠷᠢ ᠶᠢ ᠪᠦᠬᠦ ᠲᠠᠯ᠎ᠠ ᠪᠠᠷ  ᠲᠡᠭᠡᠭᠰᠢᠯᠡᠬᠦᠯᠵᠦ᠂ ᠨᠡᠶᠢᠭᠡᠮ ᠤᠨ ᠶᠡᠭᠡ ᠲᠠᠯ᠎ᠠ ᠶᠢᠨ ᠡᠶ᠎ᠡ ᠵᠣᠬᠢᠴᠠᠯ ᠪᠠ ᠲᠣᠭᠲᠠᠭᠤᠨ ᠪᠠᠶᠢᠳᠠᠯ ᠢ  ᠪᠠᠳᠤᠯᠠᠨ᠎ᠠ᠃     ᠡᠨᠡ ᠵᠢᠯ ᠪᠣᠯ 《 ᠠᠷᠪᠠᠨ ᠳᠥᠷᠪᠡᠳᠦᠭᠡᠷ ᠲᠠᠪᠤᠨ ᠵᠢᠯ 》᠎ ᠤᠨ ᠲᠥᠯᠥᠪᠵᠢᠭᠦᠯᠭᠡ ᠶᠢ ᠡᠬᠢᠯᠡᠬᠦᠯᠬᠦ  ᠵᠢᠯ᠂ ᠨᠡᠶᠢᠭᠡᠮ ᠵᠢᠷᠤᠮᠳᠤ ᠤᠳᠤᠬᠢᠴᠢᠯᠠᠭᠰᠠᠨ ᠤᠯᠤᠰ ᠢ ᠪᠥᠬᠦ ᠲᠠᠯ᠎ᠠ ᠪᠠᠷ ᠪᠠᠶᠢᠭᠤᠯᠬᠤ ᠰᠢᠨ᠎ᠡ ᠠᠶᠠᠨ ᠢ ᠡᠬᠢᠯᠡᠭᠦᠯᠬᠦ  ᠵᠢᠯ  ᠂  ᠮᠦᠨ ᠴᠤ ᠲᠣᠰ ᠬᠤᠭᠤᠴᠠᠭᠠᠨ ᠤ ᠵᠠᠰᠠᠭ ᠤᠨ ᠣᠷᠳᠣᠨ ᠤ ᠠᠵᠢᠯ ᠠᠯᠪᠠ ᠪᠠᠨ ᠬᠦᠢᠴᠡᠳᠭᠡᠬᠦ ᠬᠠᠮᠤᠭ ᠰᠡᠬᠦᠯᠴᠢ ᠎ ᠶᠢᠨ ᠵᠢᠯ ᠮᠥᠨ᠃  ᠪᠦᠬᠦ ᠬᠤᠰᠢᠭᠤᠨ ᠤ ᠠᠵᠢᠯ ᠤᠨ ᠶᠡᠷᠦᠩᠬᠡᠢ ᠱᠠᠭᠠᠷᠳᠠᠯᠭ᠎ᠠ ᠪᠤᠯ᠄  ᠰᠢ ᠶᠢᠨ ᠫᠢᠩ ᠤᠨ ᠰᠢᠨ᠎ᠡ ᠴᠠᠭ ᠦᠶ᠎ᠡ ᠶᠢᠨ ᠳᠤᠮᠳᠠᠳᠤ ᠤᠯᠤᠰ ᠤᠨ ᠣᠨᠴᠠᠯᠢᠭ ᠲᠠᠢ ᠨᠡᠶᠢᠭᠡᠮ ᠵᠢᠷᠤᠮ ᠤᠨ ᠦᠵᠡᠯ ᠰᠠᠨᠠᠭ᠎ᠠ ᠪᠠᠷ ᠵᠢᠯᠤᠭᠤᠳᠤᠯᠭ᠎ᠠ ᠪᠤᠯᠭᠠᠨ᠂ ᠨᠠᠮ ᠤᠨ ᠠᠷᠪᠠ ᠶᠢᠰᠦᠳᠦᠭᠡᠷ ᠶᠡᠭᠡ ᠬᠤᠷᠠᠯ ᠪᠠ ᠠᠷᠪᠠ ᠶᠢᠰᠦᠳᠦᠭᠡᠷ ᠬᠤᠭᠤᠴᠠᠭᠠᠨ ᠤ ᠲᠥᠪ ᠬᠤᠷᠢᠶᠠᠨ ᠤ ᠬᠤᠶᠠᠳᠤᠭᠠᠷ᠂ ᠭᠤᠷᠪᠠᠳᠤᠭᠠᠷ᠂ ᠳᠥᠷᠪᠡᠳᠦᠭᠡᠷ᠂ ᠲᠠᠪᠤᠳᠤᠭᠠᠷ ᠪᠦᠬᠦᠳᠠ ᠬᠤᠷᠠᠯ ᠤᠨ ᠵᠣᠷᠢᠭ ᠰᠠᠨᠠᠭ᠎ᠠ ᠶᠢ  ᠪᠦᠬᠦ ᠲᠠᠯᠠᠪᠠᠷ ᠲᠤᠤᠱᠯᠠᠭᠤᠯᠵᠤ᠂  ᠲᠣᠭᠲᠠᠭᠤᠨ ᠤ ᠲᠤᠮᠳᠠ  ᠤᠷᠤᠭᠰᠢᠯᠠᠬᠤ ᠶᠡᠷᠦᠩᠬᠡᠶ ᠬᠥᠭ ᠠᠶᠠᠰ ᠎ ᠢ  ᠪᠠᠷᠢᠮᠳᠠᠯᠠᠨ  ᠂  ᠰᠢᠨ᠎ᠡ ᠬᠥᠭᠵᠢᠯᠲᠡ ᠶᠢᠨ ᠣᠶᠢᠯᠠᠭᠠᠭᠳᠠᠬᠤᠨ ᠢ  ᠲᠤᠤᠱᠯᠠᠭᠤᠯᠵᠤ  ᠂  ᠰᠢᠨ᠎ᠡ ᠬᠦᠭᠵᠢᠯᠳᠡ ᠶᠢᠨ ᠪᠦᠳᠦᠴᠡ ᠶᠢ  ᠡᠬᠦᠳᠦᠨ᠂ ᠴᠢᠨᠠᠷ ᠰᠠᠶᠢᠲᠠᠶ ᠬᠥᠭᠵᠢᠯᠲᠡ ᠶᠢ ᠠᠬᠢᠭᠤᠯᠬᠤ ᠪᠠᠷ ᠭᠤᠤᠯ ᠰᠡᠳᠦᠪ ᠪᠤᠯᠭᠠᠵᠤ᠂  ᠬᠠᠩᠭᠠᠯᠭ᠎ᠠ ᠶᠢᠨ ᠲᠠᠯ᠎ᠠ ᠶᠢᠨ ᠪᠦᠲᠦᠴᠡ ᠶᠢᠨ ᠴᠢᠨᠠᠷᠲᠠᠢ ᠥᠭᠡᠷᠡᠴᠢᠯᠡᠯᠲᠡ ᠶᠢ ᠭᠦᠨᠵᠡᠭᠡᠶᠢᠷᠡᠭᠦᠯᠬᠦ ᠪᠠᠷ ᠭᠤᠣᠯ ᠰᠢᠵᠢᠮ  ᠪᠤᠯᠭᠠᠨ᠂ ᠥᠭᠡᠷᠡᠴᠢᠯᠡᠯᠲᠡ ᠬᠢᠵᠦ ᠰᠢᠨ᠎ᠡ ᠶᠢ ᠡᠭᠦᠳᠬᠦ ᠪᠠᠷ ᠦᠨᠳᠦᠰᠦᠨ ᠬᠥᠳᠡᠯᠭᠡᠬᠦ ᠬᠦᠴᠦᠨ ᠪᠤᠯᠭᠠᠵᠤ᠂ ᠠᠷᠠᠳ  ᠲᠦᠮᠡᠨ ᠤ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠠᠶᠢᠨ ᠰᠠᠶᠢᠬᠠᠨ ᠠᠮᠢᠳᠤᠷᠠᠯ ᠤᠨ ᠭᠡᠷᠡᠭᠴᠡᠭᠡ ᠶᠢ ᠬᠠᠩᠭᠠᠬᠤ ᠪᠠᠷ ᠦᠨᠳᠦᠰᠦᠨ ᠵᠣᠷᠢᠯᠭ᠎ᠠ ᠪᠤᠯᠭᠠᠨ᠂  ᠰᠢᠰᠲ᠋ᠧᠮ ᠤᠨ ᠦᠵᠡᠯᠳᠡ ᠶᠢ ᠪᠠᠷᠢᠮᠳᠠᠯᠠᠵᠤ᠂  ᠬᠢᠵᠢᠭ ᠤᠨ ᠪᠠᠶᠢᠳᠠᠯ ᠢ  ᠰᠡᠷᠭᠡᠶᠢᠯᠡᠨ ᠡᠵᠡᠮᠳᠡᠬᠦ ᠠᠵᠢᠯ ᠪᠠ ᠠᠵᠤ ᠠᠬᠤᠢ ᠨᠡᠶᠢᠬᠡᠮ ᠤᠨ ᠬᠦᠭᠵᠢᠯᠳᠡ ᠶᠢᠨ ᠦᠷ᠎ᠡ ᠪᠦᠳᠦᠬᠡᠯ ᠢ ᠪᠠᠬᠢᠵᠢᠬᠦᠯᠬᠦ ᠶᠢᠨ ᠬᠠᠮᠳᠤ ᠦᠷᠭᠡᠳᠭᠡᠨ᠂   ᠬᠦᠭᠵᠢᠯᠳᠡ ᠪᠠ ᠠᠮᠤᠷ ᠲᠦᠪᠰᠢᠨ ᠢ ᠤᠯᠠᠮ ᠰᠠᠶᠢᠨ ᠨᠢᠬᠡᠳᠦᠯᠳᠡᠢ ᠲᠦᠯᠦᠪᠵᠢᠬᠦᠯᠵᠦ᠂ ᠬᠤᠷᠸ᠎ᠠ ᠲᠦᠷᠦ ᠶᠢᠨ  ᠪᠤᠳᠤᠯᠭ᠎ᠠ ᠶᠢ ᠰᠢᠨᠵᠢᠯᠡᠬᠦ ᠤᠬᠠᠭᠠᠨᠴᠢ ᠪᠠᠷ ᠤᠨᠢᠨ ᠲᠡᠭᠡᠷ᠎ᠡ ᠨᠢ  ᠭᠡᠷᠡᠭᠵᠢᠬᠦᠯᠦᠨ᠂ ᠠᠵᠤ ᠠᠬᠤᠢ  ᠎ ᠶᠢᠨ ᠵᠦᠢ ᠵᠤᠬᠢᠰᠳᠠᠢ ᠤᠷᠤᠨ ᠵᠠᠢ ᠳᠤ ᠡᠷᠬᠢᠯᠳᠦᠬᠦ ᠶᠢ ᠴᠢᠷᠮᠠᠶᠢᠨ ᠪᠠᠳᠤᠯᠠᠵᠤ᠂   ᠲᠤᠳᠤᠭᠠᠳᠤ ᠭᠡᠷᠡᠭᠴᠡᠭᠡ ᠶᠢ ᠦᠷᠭᠡᠳᠭᠡᠬᠦ ᠪᠠᠶᠢᠯᠳᠤᠬᠤ ᠪᠤᠳᠤᠯᠭ᠎ᠠ ᠶᠢ ᠪᠠᠷᠢᠮᠳᠠᠯᠠᠨ᠂  ᠰᠢᠨᠵᠢᠯᠡᠭᠡ ᠮᠡᠷᠭᠡᠵᠢᠯ ᠤᠨ ᠪᠠᠶᠢᠯᠳᠤᠬᠤ ᠪᠤᠳᠤᠯᠭ᠎ᠠ ᠶᠢᠨ  ᠲᠤᠯᠭᠠᠭᠤᠷᠢᠯᠠᠯ ᠢ ᠴᠢᠩᠭᠠᠳᠬᠠᠵᠤ᠂  ᠦᠨᠳᠦᠷ ᠬᠢᠷᠢ ᠲᠦᠪᠰᠢᠨ ᠪᠦᠬᠦᠢ ᠭᠠᠳᠠᠭᠰᠢ ᠨᠡᠭᠡᠭᠡᠯᠳᠡ ᠶᠢ ᠶᠡᠬᠡᠰᠬᠡᠨ᠂  ︽ᠠᠷᠪᠠᠨ ᠲᠦᠷᠪᠡᠳᠦᠬᠡᠷ ᠲᠠᠪᠤᠨ ᠵᠢᠯ︾  ᠎ ᠢᠶᠠᠨ ᠤᠷᠤᠭᠰᠢᠳᠠᠢ ᠰᠠᠶᠢᠨ ᠡᠬᠢᠯᠡᠬᠦᠯᠵᠦ᠂  ᠰᠢᠯᠢᠳᠡᠭ ᠠᠮᠵᠢᠯᠳᠠ ᠪᠠᠷ ᠢᠶᠠᠨ ᠨᠠᠮ ᠪᠠᠶᠢᠭᠤᠯᠤᠭᠳᠠᠭᠰᠠᠨ 100 ᠵᠢᠯ ᠤᠨ ᠤᠢ ᠶᠢ ᠪᠡᠯᠭᠡᠯᠡᠨ᠎ᠡ᠃      ᠪᠥᠬᠦ ᠬᠤᠰᠢᠭᠤᠨ ᠤ ᠠᠵᠤ ᠠᠬᠤᠶ ᠨᠡᠶᠢᠭᠡᠮ ᠤᠨ ᠬᠥᠭᠵᠢᠯᠲᠡ ᠶᠢᠨ ᠭᠤᠤᠯ ᠵᠢᠱᠢᠭᠰᠡᠨ ᠬᠠᠷᠠᠯᠲᠠ ᠪᠣᠯ᠄  ᠤᠷᠤᠨ ᠨᠤᠳᠤᠭ ᠤᠨ ᠦᠶᠯᠡᠳᠪᠦᠷᠢᠯᠡᠯ ᠤᠨ ᠶᠡᠷᠦᠩᠬᠡᠶ ᠥᠷᠲᠡᠭ ᠢ 6.5 %᠎ ᠪᠠᠷ ᠨᠡᠮᠡᠭᠳᠡᠭᠦᠯᠵᠦ᠂ ᠡᠩ ᠤᠨ ᠣᠯᠠᠨ ᠨᠡᠶᠢᠲᠡ ᠶᠢᠨ ᠡᠳ᠋ ᠤᠨ ᠵᠠᠰᠠᠭ ᠤᠨ ᠲᠥᠰᠦᠪ ᠤᠨ ᠣᠷᠣᠯᠭ᠎ᠠ ᠶᠢ 8 %᠎ ᠪᠠᠷ  ᠨᠡᠮᠡᠭᠳᠡᠬᠦᠯᠦᠨ᠂ ᠲᠣᠭᠲᠠᠮᠠᠯ ᠬᠥᠷᠥᠩᠭᠡ ᠶᠢᠨ ᠪᠠᠯᠠ ᠣᠷᠣᠭᠤᠯᠤᠯᠲᠠ ᠶᠢ 5 %᠎ ᠪᠠᠷ ᠨᠡᠮᠡᠭᠳᠡᠭᠦᠯᠵᠦ᠂ ᠨᠡᠶᠢᠭᠡᠮ ᠤᠨ ᠬᠡᠷᠡᠭᠯᠡᠭᠡᠨ ᠤ ᠵᠦᠶᠯ ᠤᠨ ᠵᠢᠵᠢᠭᠯᠡᠨ ᠪᠤᠷᠤᠯᠠᠭᠤᠯᠬᠤ ᠶᠡᠷᠦᠩᠬᠡᠶ ᠬᠡᠮᠵᠢᠶ᠎ᠡ  ᠎ ᠶᠢ 6 %᠎ ᠪᠠᠷ  ᠨᠡᠮᠡᠭᠳᠡᠬᠦᠯᠦᠨ  ᠂ ᠬᠤᠲᠠ ᠬᠥᠳᠡᠭᠡ ᠶᠢᠨ ᠪᠠᠶᠢᠩᠭᠤ ᠰᠠᠭᠤᠭ᠎ᠠ ᠰᠠᠭᠤᠭᠠᠯᠢ ᠠᠷᠠᠳ ᠤᠨ ᠬᠥᠮᠦᠨ ᠳᠤᠮᠳᠠᠴᠢ ᠶᠢᠨ ᠡᠵᠡᠮᠳᠡᠵᠦ ᠪᠣᠯᠬᠤ ᠣᠷᠣᠯᠭ᠎ᠠ ᠶᠢ ᠲᠤᠭᠳᠠᠭᠤᠨ ᠢᠶᠠᠷ  ᠨᠡᠮᠡᠭᠳᠡᠬᠦᠯᠵᠦ᠂ ᠡᠨᠧᠷᠭᠢ ᠠᠷᠪᠢᠯᠠᠵᠤ ᠣᠷᠴᠢᠨ  ᠲᠤᠭᠤᠷᠢᠨ ᠢ ᠬᠠᠮᠠᠭᠠᠯᠠᠬᠤ ᠡᠯ᠎ᠡ ᠲᠦᠷᠦᠯ ᠤᠨ ᠵᠢᠭᠠᠯᠳᠠ ᠲᠤᠭ᠎ᠠ ᠎ ᠶᠢ ᠬᠢᠵᠠᠭᠠᠷᠯᠠᠬᠤ ᠬᠡᠪᠴᠢᠶᠡᠨ ᠳᠣᠲᠣᠷ᠎ᠠ ᠴᠢᠩᠭ᠎ᠠ ᠬᠢᠵᠠᠭᠠᠷᠯᠠᠨ᠎ᠠ᠃     ᠳᠡᠭᠡᠷ᠎ᠡ ᠳᠤᠷᠠᠳᠤᠭᠰᠠᠨ ᠬᠠᠷᠠᠯᠲᠠ ᠲᠠᠢ ᠤᠶᠠᠯᠳᠤᠭᠤᠯᠵᠤ᠂ ᠳᠣᠣᠷᠠᠬᠢ ᠬᠡᠳᠦᠨ ᠲᠠᠯ᠎ᠠ ᠶᠢᠨ ᠠᠵᠢᠯ ᠢ ᠭᠤᠣᠯᠳᠠᠯᠭ᠎ᠠ ᠲᠠᠢ ᠰᠠᠶᠢᠨ ᠬᠢᠨ᠎ᠡ  ᠄     ( ᠨᠢᠭᠡ )  ᠮᠠᠯ ᠲᠠᠷᠢᠶᠠᠯᠠᠩ ᠮᠠᠯᠵᠢᠬᠤ ᠲᠠᠷᠢᠶᠠᠯᠠᠬᠤ ᠣᠷᠣᠨ ᠮᠠᠯᠴᠢᠨ ᠲᠠᠷᠢᠶᠠᠴᠢᠨ ᠤ ᠤᠷᠢᠳᠠᠬᠤ ᠪᠠᠶᠢᠷᠢ ᠶᠢ ᠲᠤᠪᠤᠶᠢᠯᠭᠠᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ ᠶᠢ ᠭᠦᠨᠵᠡᠭᠡᠶ  ᠠᠬᠢᠭᠤᠯᠬᠤ ᠭᠡᠷᠡᠭᠳᠡᠢ᠃     ᠣᠳᠣ ᠦᠶ᠎ᠡ ᠶᠢᠨ ᠲᠠᠷᠢᠶᠠᠯᠠᠩ ᠮᠠᠯ ᠠᠵᠤ ᠠᠬᠤᠢ ᠶᠢᠨ ᠬᠥᠭᠵᠢᠯᠲᠡ ᠶᠢ ᠲᠦᠷᠭᠡᠳᠬᠡᠨ ᠠᠬᠢᠭᠤᠯᠤᠨ᠎ᠠ᠃ ᠤᠨᠴᠠᠯᠢᠬᠳᠤ ᠲᠠᠷᠢᠶᠠᠯᠠᠩ ᠤᠨ ᠭᠠᠷᠤᠯᠲᠠ ᠶᠢᠨ ᠣᠷᠣᠨ ᠤ ᠳᠠᠪᠠᠭᠤᠯᠢᠭ  ᠎ ᠲᠠᠭᠠᠨ ᠰᠠᠭᠤᠷᠢᠯᠠᠨ᠂  ᠲᠦᠮᠦᠰᠦ  ᠂ ᠶᠠᠮᠠ ᠶᠢᠨ  ᠦᠷ᠎ᠡ  ᠂   ᠶᠢᠦᠮᠠᠢ᠂ ᠪᠣᠭᠤᠳᠠᠶ᠂  ᠡᠮ ᠤᠨ ᠮᠠᠲ᠋ᠧᠷᠢᠶᠠᠯ᠂ ᠣᠷᠭᠠᠨᠢᠭ ᠢᠳᠡᠰᠢᠨ ᠨᠣᠭᠤᠭ᠎ᠠ᠂ ᠰᠢᠬᠢᠷ ᠯᠤᠤᠪᠠᠩ᠂ ᠥᠨᠳᠥᠷ ᠤᠨᠠᠯᠳᠠᠳᠤ ᠪᠣᠷᠳᠤᠭ᠎ᠠ᠂  ᠨᠡᠷᠡᠨ ᠬᠤᠸᠠᠷ᠂ ᠢᠨᠳᠢᠶᠠᠨ ᠠᠮᠤ ᠳᠠᠷᠢᠬᠤ ᠪᠠᠷ ᠭᠤᠤᠯ ᠪᠣᠯᠭᠠᠭᠰᠠᠨ 10  ᠵᠤᠷᠪᠤᠰ ᠦᠶᠯᠡᠳᠪᠦᠷᠢᠯᠡᠯ ᠪᠣᠯᠪᠠᠰᠤᠷᠠᠭᠤᠯᠤᠯᠲᠠ ᠪᠣᠷᠣᠯᠠᠭᠤᠯᠭ᠎ᠠ ᠶᠢᠨ  ᠬᠡᠯᠬᠢᠶ᠎ᠡ ᠶᠢ ᠪᠥᠬᠦ ᠬᠦᠴᠦᠨ ᠢᠶᠠᠷ  ᠴᠣᠭᠴᠠᠯᠠᠵᠤ᠂ ᠣᠲᠣ ᠦᠶ᠎ᠡ ᠶᠢᠨ ᠲᠠᠷᠢᠶᠠᠯᠠᠩ ᠤᠨ ᠠᠵᠤ ᠦᠶᠯᠡᠰ ᠤᠨ ᠬᠦᠷᠢᠶᠡᠯᠡᠩ᠂ ᠣᠲᠣ ᠦᠶ᠎ᠡ ᠶᠢᠨ ᠲᠠᠷᠢᠶᠠᠯᠠᠩ ᠤᠨ  ᠰᠢᠨᠵᠢᠯᠡᠭᠡ ᠮᠡᠷᠭᠡᠵᠢᠯ ᠤᠨ ᠬᠦᠷᠢᠶᠡᠯᠡᠩ  ᠎ ᠤᠨ ᠪᠠᠶᠢᠭᠤᠯᠤᠯᠳᠠ ᠶᠢ ᠡᠬᠢᠯᠡᠬᠦᠯᠦᠨ᠎ᠡ᠃ ᠪᠦᠬᠦ ᠵᠢᠯ ᠤᠨ ᠠᠮᠤ ᠪᠤᠳᠠᠭᠠᠨ ᠤ ᠲᠠᠷᠢᠮᠠᠯ ᠢ 96 ᠲᠦᠮᠡᠨ ᠮᠦ ᠳᠤ ᠲᠣᠭᠲᠠᠪᠤᠷᠢᠵᠢᠭᠤᠯᠵᠤ᠂ ᠰᠢᠬᠢᠷ ᠯᠤᠤᠪᠠᠩ᠂ ᠡᠮ ᠤᠨ ᠮᠠᠲ᠋ᠧᠷᠢᠶᠠᠯ᠂ ᠣᠷᠭᠠᠨᠢᠭ ᠢᠳᠡᠰᠢᠨ ᠨᠣᠭᠤᠭ᠎ᠠ᠂ ᠲᠣᠰᠣᠯᠢᠭ ᠲᠠᠷᠢᠮᠠᠯ  ᠵᠡᠷᠭᠡ ᠠᠵᠤ ᠠᠬᠤᠢ ᠶᠢᠨ ᠲᠠᠷᠢᠮᠠᠯ ᠎ ᠢ 30 ᠲᠦᠮᠡᠨ ᠮᠦ ᠳᠤ ᠬᠢᠵᠠᠭᠠᠷᠯᠠᠨ᠂  16 ᠲᠦᠮᠡᠨ ᠮᠤ᠋ ᠡᠪᠡᠰᠦ ᠪᠤᠷᠳᠤᠭ᠎ᠠ ᠲᠠᠷᠢᠵᠤ᠂ 8 ᠲᠦᠮᠡᠨ ᠮᠦ ᠥᠨᠳᠥᠷ ᠪᠠᠷᠢᠮᠵᠢᠶᠠᠲᠤ ᠲᠠᠷᠢᠶᠠᠨ ᠭᠠᠵᠠᠷ ᠢ ᠪᠠᠶᠢᠭᠤᠯᠤᠨ᠎ᠠ᠃  ᠡᠤ ᠹᠧᠩ ᠣᠲᠣ ᠦᠶ᠎ᠡ ᠶᠢᠨ ᠮᠠᠯ ᠠᠵᠤ ᠠᠬᠤᠶ ᠎ ᠶᠢᠨ ᠺᠤᠮᠫᠠᠨᠢ ᠵᠡᠷᠭᠡ  ᠲᠠᠭᠠᠭᠤᠯᠤᠭᠴᠢ ᠠᠵᠤ ᠠᠬᠤᠶᠢᠯᠠᠯ ᠳᠤ ᠲᠦᠰᠢᠭᠯᠡᠨ᠂ ᠣᠲᠣ ᠦᠶ᠎ᠡ ᠶᠢᠨ ᠦᠷᠡᠵᠢᠭᠦᠯᠦᠨ ᠪᠣᠶᠢᠵᠢᠭᠤᠯᠬᠤ ᠰᠢᠰᠲ᠋ᠧᠮᠵᠢ ᠶᠢᠨ ᠪᠠᠶᠢᠭᠤᠯᠤᠯᠲᠠ ᠶᠢ ᠰᠠᠶᠢᠲᠤᠷ ᠠᠳᠬᠤᠵᠤ᠂  ᠪᠤᠷᠳᠤᠨ ᠲᠡᠵᠢᠬᠡᠵᠦ ᠦᠷᠡᠵᠢᠬᠦᠯᠦᠨ ᠪᠤᠶᠢᠵᠢᠭᠤᠯᠬᠤ ᠲᠤᠳᠠᠭᠤᠳᠠᠯ ᠢ ᠨᠦᠬᠦᠪᠦᠷᠢᠯᠡᠨ᠎ᠡ᠃  ᠡᠨᠡ ᠵᠢᠯ  ᠰᠠᠶᠢᠨ ᠡᠭᠦᠯᠳᠡᠷ ᠤᠨ ᠮᠢᠬᠠᠨ ᠤ ᠦᠬᠡᠷ 1000   ᠎ ᠶᠢ ᠣᠷᠣᠭᠤᠯᠤᠨ᠂ ᠮᠢᠩᠭᠠᠨ ᠲᠣᠯᠣᠭᠠᠢ ᠶᠢᠨ ᠬᠡᠪᠴᠢᠶ᠎ᠡ ᠲᠠᠢ ᠮᠢᠬᠠᠨ ᠤ ᠦᠬᠡᠷ ᠪᠣᠷᠳᠣᠨ ᠲᠠᠷᠭᠤᠯᠠᠭᠤᠯᠬᠤ ᠦᠢᠯᠡᠳᠪᠦᠷᠢ  2  ᠎ ᠶᠢ  ᠪᠠᠶᠢᠭᠤᠯᠵᠤ᠂  ᠰᠠᠶᠢᠨ ᠡᠭᠦᠯᠳᠡᠷ ᠤᠨ ᠮᠢᠬᠠᠨ ᠤ ᠦᠬᠡᠷ ᠤᠨ ᠭᠤᠣᠯᠳᠠᠯᠭᠠᠲᠤ ᠰᠦᠷᠦᠭ 12  ᠎ ᠢ  ᠪᠠᠶᠢᠭᠤᠯᠤᠨ᠂  7 ᠲᠦᠮᠡᠨ ᠬᠠᠪᠳᠠᠭᠠᠢ  ᠳᠥᠷᠪᠡᠯᠵᠢᠨ ᠮᠧᠲᠷ ᠳᠤᠯᠠᠭᠠᠨ  ᠬᠦᠯᠡᠮᠵᠢ᠂ 5 ᠲᠦᠮᠡᠨ ᠬᠠᠪᠳᠠᠭᠠᠢ  ᠳᠥᠷᠪᠡᠯᠵᠢᠨ ᠮᠧᠲᠷ ᠡᠪᠡᠰᠦᠨ ᠤ  ᠫᠧᠩ᠂ 1 ᠲᠦᠮᠡᠨ ᠪᠣᠰᠤᠭ᠎ᠠ ᠳᠥᠷᠪᠡᠯᠵᠢᠨ ᠮᠧᠲᠷ  ᠨᠣᠭᠤᠭᠠᠨ ᠳᠠᠷᠤᠰᠢ ᠶᠢᠨ ᠵᠣᠭᠤᠷᠢ ᠶᠢ ᠪᠠᠶᠢᠭᠤᠯᠤᠨ᠎ᠠ᠃ ᠭᠦᠨᠪᠤᠯᠠᠭ  ᠰᠤᠮᠤᠨ ᠤ ᠮᠠᠯᠵᠢᠬᠤ ᠣᠷᠣᠨ ᠤ ᠣᠳᠣᠬᠢᠴᠢᠯᠠᠯᠲᠠ ᠶᠢᠨ ᠲᠤᠷᠰᠢᠯᠲᠠ ᠶᠢᠨ ᠠᠵᠢᠯ ᠢ ᠢᠳᠡᠪᠬᠢᠲᠡᠢ ᠠᠬᠢᠭᠤᠯᠵᠤ᠂ ᠮᠠᠯ ᠠᠵᠤ ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢᠨ ᠰᠢᠨ᠎ᠡ ᠵᠠᠮ ᠢ  ᠬᠠᠶᠢᠨ᠎ᠠ᠃   ᠬᠦᠳᠡᠭᠡ ᠲᠤᠰᠬᠤᠨ ᠤ ᠪᠠᠶᠢᠭᠤᠯᠤᠯᠲᠠ ᠶᠢ ᠲᠦᠷᠭᠡᠳᠬᠡᠨ ᠠᠬᠢᠭᠤᠯᠤᠨ᠎ᠠ᠃ 《 ᠳᠥᠷᠪᠡᠨ  ᠰᠠᠶᠢᠨᠳᠠᠢ ᠬᠥᠳᠡᠭᠡ  ᠎ ᠶᠢᠨ ᠵᠠᠮ 》᠎ ᠤᠨ  ᠪᠠᠶᠢᠭᠤᠯᠤᠯᠲᠠ ᠶᠢ ᠦᠷᠭᠦᠯᠵᠢᠯᠡᠨ ᠰᠠᠶᠢᠲᠤᠷ ᠠᠳᠬᠤᠵᠤ᠂ ᠭᠠᠴᠠᠭ᠎ᠠ ᠲᠤᠰᠬᠤᠨ ᠤ ᠵᠠᠮ  ᠨᠡᠪᠳᠡᠷᠡᠯᠬᠡ ᠶᠢᠨ ᠨᠦᠬᠦᠴᠡᠯ ᠢ ᠠᠯᠬᠤᠮ ᠠᠯᠬᠤᠮ ᠢᠶᠠᠷ ᠰᠠᠶᠢᠵᠢᠷᠠᠭᠤᠯᠤᠨ᠂《 304 》 ᠱᠤᠭᠤᠮ  ᠎ ᠤᠨ  ᠭᠤᠤᠯ ᠴᠤᠭᠴᠠ ᠶᠢᠨ ᠪᠠᠷᠢᠯᠭ᠎ᠠ ᠶᠢ ᠲᠠᠭᠤᠰᠬᠠᠵᠤ᠂ ᠲᠠᠢ ᠽᠢ ᠴᠧᠩ ᠠᠴᠠ ᠰᠢᠯᠢᠩᠬᠤᠳᠠ ᠬᠦᠷᠬᠦ ᠲᠡᠮᠦᠷ ᠵᠠᠮ ᠤᠨ ᠪᠠᠷᠢᠯᠭ᠎ᠠ ᠶᠢ ᠡᠬᠢᠯᠡᠬᠦᠯᠦᠨ᠎ᠡ᠃ 40 ᠬᠠᠪᠳᠠᠭᠠᠢ  ᠳᠥᠷᠪᠡᠯᠵᠢᠨ ᠺᠢᠯᠤᠮᠧᠲᠷ  ᠪᠠᠭ᠎ᠠ ᠰᠠᠪᠠ ᠭᠠᠵᠠᠷ ᠢ ᠵᠠᠰᠠᠵᠤ᠂ 18 ᠰᠠᠭᠤᠷᠢ ᠲᠦᠭᠡᠭᠡᠯ ᠤᠰᠤᠨ ᠤ ᠢᠨᠵᠧᠨᠧᠷᠢᠩ ᠢ ᠬᠡᠷᠡᠭᠵᠢᠭᠦᠯᠦᠨ᠂ 21 ᠠᠶᠢᠯ  ᠬᠤᠳᠠ᠂ 3017 ᠬᠥᠮᠦᠨ ᠤ  ᠴᠡᠪᠡᠷ ᠲᠤᠩᠭᠠᠯᠠᠭ ᠤᠰᠤ ᠤᠮᠳᠠ  ᠎ ᠶᠢᠨ ᠠᠰᠠᠭᠤᠳᠠᠯ ᠢ ᠰᠢᠢᠳᠪᠦᠷᠢᠯᠡᠨ᠎ᠡ᠃ ᠬᠥᠳᠡᠭᠡ ᠲᠣᠰᠬᠤᠨ ᠤ ᠴᠠᠬᠢᠯᠭᠠᠨ ᠬᠦᠴᠦᠨ ᠤ ᠦᠬᠡᠷᠡᠴᠢᠯᠡᠯᠳᠡ ᠶᠢ ᠲᠦᠷᠭᠡᠳᠬᠡᠨ ᠠᠬᠢᠭᠤᠯᠵᠤ᠂ 258 ᠺᠢᠯᠣᠮᠧᠲᠷ  ᠴᠠᠬᠢᠯᠭᠠᠨ  ᠲᠠᠮᠵᠢᠭᠤᠯᠬᠤ ᠱᠤᠭᠤᠮ ᠢ ᠰᠢᠨ᠎ᠡ ᠪᠠᠷ ᠪᠠᠶᠢᠭᠤᠯᠬᠤ ᠪᠤᠶᠤ  ᠦᠬᠡᠷᠡᠴᠢᠯᠡᠨ ᠪᠠᠶᠢᠭᠤᠯᠵᠤ  ᠂  ᠬᠦᠴᠦᠳᠡᠯ  ᠬᠤᠪᠢᠰᠬᠠᠭᠴᠢ  32  ᠎ ᠢ ᠤᠭᠰᠠᠷᠠᠨ᠎ᠠ  ᠃ 4G  ᠰᠠᠭᠤᠷᠢ ᠥᠷᠲᠡᠭᠡ 13᠎ ᠶᠢ ᠰᠢᠨ᠎ᠡ ᠪᠠᠷ ᠪᠠᠶᠢᠭᠤᠯᠵᠤ᠂ 5G  ᠰᠠᠭᠤᠷᠢ  ᠦᠷᠳᠡᠭᠡᠨ ᠤ  ᠪᠠᠶᠢᠷᠢᠰᠢᠭᠤᠯᠤᠯᠲᠠ ᠶᠢ ᠲᠡᠭᠦᠯᠳᠡᠷᠵᠢᠭᠦᠯᠦᠨ᠂ ᠴᠢᠮᠡᠭᠡ ᠬᠤᠯᠪᠣᠭᠠᠨ ᠎ ᠤ ᠴᠢᠨᠠᠷ ᠴᠢᠨᠰᠠᠭ᠎ᠠ ᠶᠢ ᠲᠠᠰᠤᠷᠠᠯᠲᠠ ᠥᠬᠡᠶ ᠰᠠᠶᠢᠵᠢᠷᠠᠭᠤᠯᠤᠨ᠎ᠠ  ᠃  ᠤᠳᠤᠬᠢ ᠰᠠᠭᠤᠷᠢ ᠳᠠᠭᠠᠨ ᠰᠠᠭᠤᠷᠢᠯᠠᠨ ᠠᠶᠢᠯ ᠲᠣᠰᠬᠤᠨ ᠤ ᠲᠥᠯᠥᠪᠵᠢᠭᠦᠯᠭᠡ ᠶᠢ ᠲᠤᠭᠳᠠᠭᠠᠵᠤ᠂ ᠣᠷᠣᠰᠢᠨ ᠰᠠᠭᠤᠷᠢᠰᠢᠬᠤ ᠣᠷᠴᠢᠨ ᠲᠣᠭᠤᠷᠢᠨ  ᠎ ᠢ  ᠴᠡᠭᠴᠡᠯᠡᠨ ᠰᠠᠶᠢᠵᠢᠷᠠᠭᠤᠯᠬᠤ ᠲᠠᠪᠤᠨ ᠵᠢᠯ ᠤᠨ ᠠᠵᠢᠯᠯᠠᠭ᠎ᠠ ᠶᠢ ᠦᠷᠭᠦᠯᠵᠢᠯᠡᠨ ᠠᠬᠢᠭᠤᠯᠵᠤ᠂   ᠤᠷᠲᠤ ᠬᠤᠭᠤᠴᠠᠭᠠᠨ ᠤ  ᠪᠦᠳᠦᠮᠵᠢᠳᠦ ᠬᠠᠮᠢᠶᠠᠷᠤᠯᠳᠠ ᠶᠢᠨ ᠲᠣᠭᠲᠠᠴᠠ ᠶᠢ ᠪᠠᠶᠢᠭᠤᠯᠤᠨ᠂ ᠲᠤᠬᠠᠢ ᠶᠢᠨ ᠭᠠᠵᠠᠷ ᠲᠤᠨᠢ ᠲᠤᠬᠢᠷᠠᠭᠤᠯᠤᠨ《 ᠵᠣᠷᠯᠣᠩ ᠤᠨ ᠦᠬᠡᠷᠡᠴᠢᠯᠡᠯᠳᠡ》᠎ ᠶᠢ  ᠠᠬᠢᠭᠤᠯᠤᠨ᠎ᠠ᠃ 《 ᠭᠤᠷᠪᠠ ᠶᠢ ᠴᠡᠪᠡᠷᠯᠡᠵᠦ ᠨᠢᠭᠡ ᠎ ᠶᠢ ᠥᠭᠡᠷᠡᠴᠢᠯᠡᠬᠦ 》 ᠴᠡᠪᠡᠷᠯᠡᠭᠡ ᠶᠢᠨ ᠠᠵᠢᠯᠯᠠᠭ᠎ᠠ ᠶᠢ ᠥᠷᠨᠢᠭᠦᠯᠵᠦ᠂ ᠮᠠᠯᠵᠢᠬᠤ ᠲᠠᠷᠢᠶᠠᠯᠠᠬᠤ ᠣᠷᠣᠨ ᠤ ᠠᠮᠢᠳᠤᠷᠠᠯ ᠤᠨ ᠬᠤᠭ ᠨᠣᠪᠰᠢ ᠶᠢ  ᠴᠤᠭᠯᠠᠭᠤᠯᠤᠨ ᠰᠢᠶᠳᠪᠦᠷᠢᠯᠡᠬᠦ ᠰᠢᠰᠲ᠋ᠧᠮᠵᠢ ᠶᠢ  ᠪᠦᠷᠢᠨᠰᠢᠬᠦᠯᠦᠨ᠂  ᠲᠥᠷᠥᠯ ᠬᠤᠪᠢᠶᠠᠨ ᠬᠡᠮᠵᠢᠶ᠎ᠡ ᠶᠢ ᠪᠠᠭᠠᠰᠬᠠᠬᠤ᠂ ᠡᠬᠢ ᠪᠠᠶᠠᠯᠢᠭᠵᠢᠭᠤᠯᠤᠨ ᠰᠢᠶᠳᠪᠦᠷᠢᠯᠡᠨ ᠠᠰᠢᠭᠯᠠᠬᠤ ᠶᠢ ᠠᠬᠢᠭᠤᠯᠤᠨ᠎ᠠ᠃  ᠣᠶᠤᠨ ᠤ ᠪᠣᠯᠪᠠᠰᠤᠨ ᠤ ᠪᠠᠶᠢᠭᠤᠯᠤᠯᠲᠠ ᠶᠢ ᠴᠢᠩᠭᠠᠳᠬᠠᠵᠤ᠂ ᠣᠯᠠᠨ ᠲᠦᠮᠡᠨ  ᠎ ᠢ ᠵᠢᠯᠤᠭᠤᠳᠤᠨ ᠵᠠᠩ ᠳᠠᠳᠬᠠᠯ  ᠎ ᠢ ᠦᠬᠡᠷᠡᠴᠢᠯᠡᠨ᠂ ᠪᠣᠯᠪᠠᠰᠤᠨ ᠰᠠᠶᠢᠬᠠᠨ ᠨᠤᠳᠤᠭ ᠤᠨ ᠰᠤᠷᠲᠠᠯ᠂  ᠭᠡᠷ  ᠎ ᠤᠨ ᠰᠤᠷᠲᠠᠯ᠂   ᠠᠷᠠᠳ ᠤᠨ ᠰᠤᠷᠲᠠᠯ ᠢ  ᠪᠤᠢ ᠪᠤᠯᠭᠠᠵᠤ᠂ ᠦᠵᠡᠰᠬᠦᠯᠡᠩᠲᠦ ᠰᠠᠶᠢᠬᠠᠨ ᠬᠡᠷ ᠣᠷᠣᠨ ᠢᠶᠠᠨ ᠬᠠᠮᠲᠤ ᠪᠠᠷ ᠪᠥᠲᠥᠭᠡᠨ ᠪᠠᠶᠢᠭᠤᠯᠤᠨ᠎ᠠ᠃   ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠪᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠪᠠᠶᠢᠯᠳᠤᠬᠤ ᠪᠣᠳᠣᠯᠭ᠎ᠠ  ᠎ ᠶᠢᠨ ᠪᠦᠲᠦᠮᠵᠢᠲᠡᠶ  ᠵᠤᠯᠭᠠᠯᠴᠠᠯ ᠢ ᠲᠦᠷᠭᠡᠳᠬᠡᠨ ᠠᠬᠢᠭᠤᠯᠤᠨ᠎ᠠ᠃ 《 ᠳᠥᠷᠪᠡ ᠶᠢ  ᠦᠯᠦ ᠲᠠᠶᠠᠭᠳᠠᠬᠤ  》 ᠱᠠᠭᠠᠷᠳᠠᠯᠭ᠎ᠠ ᠶᠢ ᠴᠢᠩᠭ᠎ᠠ ᠨᠠᠶᠢᠳᠠᠪᠤᠷᠢᠵᠢᠭᠤᠯᠤᠨ᠂  ᠲᠠᠬᠢᠨ ᠶᠠᠳᠠᠭᠤᠷᠠᠬᠤ ᠶᠢ ᠰᠡᠷᠭᠡᠶᠢᠯᠡᠬᠦ ᠬᠢᠨᠠᠨ ᠬᠡᠮᠵᠢᠵᠦ ᠬᠠᠪᠰᠤᠷᠤᠨ ᠲᠡᠳᠬᠦᠬᠦ ᠲᠣᠭᠲᠠᠴᠠ ᠶᠢ  ᠲᠡᠬᠦᠯᠳᠡᠷᠵᠢᠬᠦᠯᠵᠦ᠂ ᠣᠷᠣᠯᠭ᠎ᠠ ᠪᠠᠭᠠᠲᠠᠢ ᠬᠥᠮᠦᠨ ᠠᠮᠠ ᠶᠢᠨ ᠣᠷᠣᠯᠭ᠎ᠠ ᠶᠢ ᠦᠷᠭᠦᠯᠵᠢᠯᠡᠨ ᠨᠡᠮᠡᠭᠳᠡᠭᠦᠯᠬᠦ᠂ ᠬᠥᠳᠡᠯᠮᠦᠷᠢᠯᠡᠬᠦ ᠴᠢᠳᠠᠪᠤᠷᠢ ᠦᠭᠡᠢ ᠬᠥᠮᠦᠨ ᠠᠮᠠ ᠎ ᠶᠢ ᠴᠠᠭ ᠲᠤᠬᠠᠢ ᠳᠤᠨᠢ ᠨᠡᠶᠢᠭᠡᠮ ᠤᠨ ᠦᠨᠳᠦᠰᠦᠨ ᠪᠠᠳᠤᠯᠠᠭᠠᠨ ᠤ ᠬᠡᠪᠴᠢᠶᠡᠨ ᠳᠤ ᠣᠷᠣᠭᠤᠯᠬᠤ ᠶᠢ  ᠪᠠᠲᠤᠯᠠᠨ᠎ᠠ᠃  ᠶᠠᠳᠠᠭᠤ ᠠᠴᠠ ᠠᠩᠭᠢᠵᠢᠷᠠᠭᠤᠯᠬᠤ ᠪᠣᠭᠤᠮᠲᠠ ᠰᠢᠪᠲᠤᠯᠬᠤ ᠪᠣᠯᠤᠨ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠲᠥᠷᠥ ᠶᠢᠨ ᠪᠣᠳᠣᠯᠭ᠎ᠠ᠂ ᠲᠥᠯᠥᠪᠵᠢᠭᠦᠯᠭᠡ᠂ ᠠᠵᠤ ᠦᠶᠯᠡᠰ᠂ ᠵᠣᠬᠢᠶᠠᠨ ᠪᠠᠶᠢᠭᠤᠯᠤᠯᠲᠠ ᠪᠣᠯᠤᠨ ᠴᠢᠳᠠᠪᠤᠷᠢᠲᠠᠨ ᠵᠡᠷᠭᠡ ᠲᠠᠯ᠎ᠠ ᠪᠠᠷ ᠪᠦᠲᠦᠮᠵᠢᠲᠡᠶ ᠵᠣᠯᠭᠠᠭᠤᠯᠬᠤ ᠶᠢ ᠢᠳᠡᠪᠬᠢᠲᠡᠶ ᠠᠬᠢᠭᠤᠯᠵᠤ᠂  ᠶᠠᠳᠠᠭᠤ ᠶᠢ ᠳᠡᠳᠬᠦᠬᠦ ᠡᠳ᠋ ᠬᠦᠷᠦᠩᠬᠡ ᠲᠦᠷᠦᠯ ᠵᠦᠢᠯ ᠤᠨ ᠡᠵᠡᠩᠨᠡᠯᠳᠡ ᠬᠠᠮᠢᠶᠠᠷᠤᠯᠳᠠ᠂ ᠤᠨᠴᠠᠯᠢᠭᠳᠤ ᠪᠦᠳᠦᠭᠡᠭᠳᠡᠬᠦᠨ ᠢ ᠪᠡᠭᠡᠵᠢᠩ ᠳᠤ ᠤᠷᠤᠭᠤᠯᠬᠤ ᠪᠠ ᠰᠦᠯᠵᠢᠶᠡᠨ ᠳᠤ ᠭᠠᠷᠭᠠᠬᠤ᠂  ᠮᠦᠩᠬᠦᠨ ᠬᠦᠢᠯᠬᠡᠬᠡ ᠪᠠᠷ  ᠮᠠᠯᠴᠢᠨ  ᠲᠠᠷᠢᠶᠠᠴᠢᠨ ᠎ ᠢ ᠲᠡᠳᠬᠦᠬᠦ ᠵᠡᠷᠭᠡ ᠪᠤᠳᠠᠳᠠᠢ ᠠᠵᠢᠯ ᠢ ᠰᠠᠶᠢᠳᠤᠷ  ᠠᠳᠬᠤᠨ᠂ ᠡᠬᠢ ᠪᠠᠶᠠᠯᠢᠭ ᠢ ᠲᠥᠪᠯᠡᠷᠡᠭᠦᠯᠦᠨ ᠶᠠᠳᠠᠭᠤ ᠠᠴᠠ ᠠᠩᠭᠢᠵᠢᠷᠠᠭᠤᠯᠬᠤ ᠶᠢ ᠳᠡᠮᠵᠢᠵᠦ ᠪᠠᠶᠢᠭᠰᠠᠨ ᠠᠴᠠ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠶᠢ ᠪᠥᠬᠦ ᠲᠠᠯ᠎ᠠ ᠪᠠᠷ ᠠᠬᠢᠭᠤᠯᠬᠤ ᠲᠡᠶᠢᠰᠢ ᠲᠣᠭᠲᠠᠭᠤᠨ ᠢᠶᠠᠷ ᠰᠢᠯᠵᠢᠬᠦ ᠶᠢ ᠪᠡᠶᠡᠯᠡᠭᠦᠯᠦᠨ᠎ᠡ᠃ ᠰᠤᠮᠤ ᠰᠢᠶᠠᠩ ᠪᠠᠯᠭᠠᠰᠤᠨ ᠤ ᠬᠤᠭᠤᠴᠠᠭ᠎ᠠ ᠰᠣᠯᠢᠬᠤ ᠠᠵᠢᠯ ᠢ ᠬᠢᠨᠠᠮᠠᠭᠠᠶ ᠰᠠᠶᠢᠨ ᠬᠢᠵᠦ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠎ ᠳᠤ  ᠴᠢᠳᠠᠪᠤᠷᠢᠲᠠᠨ ᠢ ᠰᠣᠩᠭᠤᠨ᠂ ᠤᠳᠤᠷᠢᠳᠬᠤ ᠪᠠᠭ ᠢ  ᠬᠦᠴᠦᠷᠭᠡᠭᠵᠢᠬᠦᠯᠦᠨ᠎ᠡ᠃    ( ᠬᠤᠶᠠᠷ )  ᠬᠤᠳᠠ ᠪᠠᠯᠭᠠᠰᠤᠨ ᠤ ᠠᠵᠤ ᠠᠬᠤᠢ ᠶᠢᠨ ᠲᠤᠭᠳᠠᠭᠤᠨ ᠢᠶᠠᠷ ᠨᠡᠮᠡᠭᠳᠡᠬᠦ ᠶᠢ ᠠᠬᠢᠭᠤᠯᠵᠤ᠂ ᠬᠦᠭᠵᠢᠯᠳᠡ ᠶᠢᠨ ᠬᠦᠴᠦᠨ ᠴᠢᠳᠠᠯ ᠢ ᠦᠷᠬᠦᠯᠵᠢᠯᠡᠨ ᠴᠢᠩᠭᠠᠷᠠᠭᠤᠯᠬᠤ ᠭᠡᠷᠡᠭᠳᠡᠢ᠃      ᠠᠵᠤ ᠦᠶᠯᠡᠳᠪᠦᠷᠢ ᠶᠢᠨ ᠠᠵᠤ ᠠᠬᠤᠢ ᠶᠢᠨ ᠬᠡᠯᠬᠢᠶ᠎ᠡ ᠶᠢ ᠤᠷᠳᠤᠳᠬᠠᠵᠤ ᠨᠥᠬᠦᠪᠥᠷᠢᠯᠡᠬᠦ  ᠎ ᠪᠠᠨ ᠲᠦᠷᠭᠡᠳᠬᠡᠨ᠎ᠡ᠃ ᠭᠤᠣᠯᠳᠠᠯᠭ᠎ᠠ ᠲᠠᠢ ᠠᠵᠤ ᠦᠢᠯᠡᠳᠪᠦᠷᠢ ᠶᠢᠨ ᠲᠥᠷᠥᠯ ᠵᠦᠢᠯ ᠤᠨ ᠪᠠᠶᠢᠭᠤᠯᠤᠯᠲᠠ ᠶᠢ ᠠᠬᠢᠭᠤᠯᠵᠤ᠂ ᠬᠡᠪᠴᠢᠶᠡᠵᠢᠯ ᠠᠴᠠ ᠳᠡᠭᠡᠭᠰᠢᠬᠢ ᠠᠵᠤ ᠠᠬᠤᠶᠢᠯᠠᠯ  2᠎ ᠢ ᠰᠢᠨ᠎ᠡ ᠪᠠᠷ ᠨᠡᠮᠡᠭᠳᠡᠭᠦᠯᠬᠦ ᠪᠠᠷ ᠴᠢᠷᠮᠠᠶᠢᠨ᠎ᠠ᠃ ᠠᠵᠤ ᠦᠶᠯᠡᠳᠪᠦᠷᠢ ᠶᠢᠨ ᠠᠵᠤ ᠠᠬᠤᠢ ᠶᠢᠨ ᠡᠷᠭᠢᠯᠲᠡ ᠶᠢ ᠲᠤᠬᠢᠷᠠᠭᠤᠯᠬᠤ ᠪᠠ ᠮᠥᠷᠳᠡᠨ ᠦᠢᠯᠡᠴᠢᠯᠡᠬᠦ ᠶᠢ ᠴᠢᠩᠭᠠᠳᠬᠠᠵᠤ᠂ ᠬᠢᠮᠡᠯ ᠠᠯᠮᠠᠰ ᠴᠢᠯᠠᠭᠤᠨ ᠤ ᠲᠥᠷᠥᠯ ᠵᠦᠢᠯ ᠤᠨ ᠨᠢᠭᠡᠳᠦᠭᠡᠷ ᠬᠤᠭᠤᠴᠠᠭ᠎ᠠ᠂ ᠡᠦ ᠹᠧᠩ ᠣᠳᠣ ᠦᠶ᠎ᠡ ᠶᠢᠨ ᠰᠢᠯᠢᠳᠡᠭ ᠡᠭᠦᠯᠳᠡᠷ ᠤᠨ ᠮᠢᠬᠠᠨ ᠤ ᠦᠬᠡᠷ ᠢ ᠨᠠᠷᠢᠯᠢᠭ ᠡᠳ᠋ᠰᠢᠭᠦᠯᠬᠦ  ᠠᠵᠤ ᠦᠢᠯᠡᠰ  ᠂ ᠪᠠᠢ ᠬᠤᠢ ᠱᠧᠩ ᠰᠢᠬᠢᠷ ᠤᠨ ᠦᠢᠯᠡᠰ᠂ ᠺᠧ ᠲᠠᠢ ᠯᠦᠩ ᠳ᠋ᠠ ᠶᠢᠨ ᠬᠤᠶᠠᠳᠤᠭᠠᠷ ᠬᠤᠭᠤᠴᠠᠭ᠎ᠠ᠂ ᠱᠧᠩ ᠲᠠᠢ ᠡᠯ ᠤᠨ ᠬᠤᠶᠠᠳᠤᠭᠠᠷ ᠬᠤᠭᠤᠴᠠᠭ᠎ᠠ᠂ 85 ᠲᠦᠮᠡᠨ ᠺᠢᠯᠣᠸᠠᠲ ᠤᠨ ᠰᠠᠯᠬᠢᠨ ᠴᠠᠬᠢᠯᠭᠠᠨ ᠤ ᠲᠥᠷᠥᠯ ᠵᠦᠢᠯ ᠵᠡᠷᠭᠡ ᠶᠢᠨ ᠲᠣᠭᠲᠠᠭᠤᠨ  ᠎ ᠢᠶᠠᠷ  ᠶᠠᠪᠤᠭᠳᠠᠬᠤ ᠶᠢ  ᠪᠠᠲᠤᠯᠠᠨ᠎ᠠ᠃  ᠡᠨᠡ ᠵᠢᠯ  ᠲᠠᠯ᠎ᠠ ᠨᠤᠲᠤᠭ ᠺᠣᠮᠫᠠᠨᠢ ᠶᠢᠨ ᠶᠡᠷᠦᠩᠬᠡᠶᠢᠯᠡᠭᠰᠡᠨ ᠠᠯᠪᠠᠨ ᠠᠰᠠᠷ ᠪᠣᠯᠤᠨ ᠭᠠᠵᠠᠷ ᠳᠣᠤᠷᠠᠬᠢ ᠠᠷᠢᠬᠢᠨ ᠵᠣᠭᠤᠷᠢ  ᠎ ᠶᠢ ᠠᠰᠢᠭᠯᠠᠯᠲᠠ ᠳᠤ ᠣᠷᠣᠭᠤᠯᠤᠨ᠂ ᠬᠤᠩ ᠵᠢᠩ ᠶᠤᠸᠠᠨ ᠺᠤᠮᠫᠠᠨᠢ ᠶᠢᠨ《 ᠣᠩᠭᠤᠴᠠ ᠵᠢᠭᠡᠯᠡᠵᠦ ᠲᠡᠯᠡᠶ ᠳᠤ ᠭᠠᠷᠬᠤ 》᠎ ᠶᠢ ᠤᠷᠤᠭᠰᠢᠲᠠᠶ  ᠪᠡᠶᠡᠯᠡᠬᠦᠯᠦᠨ᠂ 《 ᠲᠠᠯ᠎ᠠ ᠶᠢᠨ ᠸᠠᠩ 》᠂ 《 ᠬᠤᠩ ᠵᠢᠩ ᠶᠤᠸᠠᠨ 》 ᠬᠤᠶᠠᠷ ᠶᠡᠭᠡ ᠨᠠᠷᠠᠲᠤ ᠲᠡᠮᠳᠡᠭ ᠤᠨ ᠥᠷᠢᠰᠥᠯᠳᠦᠬᠦ ᠬᠦᠴᠦᠨ ᠪᠠ ᠵᠠᠬ᠎ᠠ ᠳᠡᠯᠭᠡᠭᠦᠷ ᠤᠨ ᠡᠵᠡᠯᠡᠬᠦ ᠨᠣᠷᠮ᠎ᠠ ᠶᠢ ᠦᠷᠭᠦᠯᠵᠢᠯᠡᠨ ᠳᠡᠭᠡᠭᠰᠢᠯᠡᠭᠦᠯᠦᠨ᠎ᠡ᠃ ᠬᠡᠲᠦ ᠬᠠᠲᠠᠭᠤ ᠮᠠᠲ᠋ᠧᠷᠢᠶᠠᠯ ᠤᠨ ᠠᠵᠤ ᠦᠢᠯᠡᠰ ᠤᠨ ᠬᠦᠷᠢᠶᠡᠯᠡᠩ᠂ ᠱᠧᠩ ᠲᠠᠢ ᠡᠯ ᠤᠨ ᠭᠤᠷᠪᠠᠳᠤᠭᠠᠷ ᠬᠤᠭᠤᠴᠠᠭ᠎ᠠ᠂ ᠬᠤᠭ ᠨᠣᠪᠰᠢ ᠶᠢ ᠬᠤᠣᠷ ᠥᠬᠡᠶᠢᠳᠡᠭᠦᠯᠦᠭᠰᠡᠨ ᠢᠯᠴᠢ ᠴᠠᠬᠢᠯᠭᠠᠨ ᠤ  ᠬᠠᠮ ᠦᠢᠯᠡᠳᠪᠦᠷᠢᠯᠡᠯ᠂ ᠭᠠᠯ ᠤᠨᠲᠠᠷᠠᠭᠠᠬᠤ ᠲᠥᠬᠦᠭᠡᠷᠦᠮᠵᠢ ᠦᠢᠯᠡᠳᠬᠦ ᠵᠡᠷᠭᠡ ᠭᠤᠣᠯᠳᠠᠯᠭ᠎ᠠ ᠲᠠᠢ ᠲᠥᠷᠥᠯ ᠵᠦᠢᠯ ᠤᠨ  ᠪᠠᠶᠢᠭᠤᠯᠤᠯᠲᠠ ᠶᠢ ᠲᠦᠷᠭᠡᠳᠬᠡᠵᠦ᠂  ᠠᠵᠤ ᠦᠢᠯᠡᠰ ᠤᠨ ᠬᠡᠯᠬᠢᠶᠡᠰᠦ ᠶᠢᠨ ᠪᠦᠬᠦᠯᠢ ᠴᠣᠭᠴᠠ ᠶᠢᠨ ᠳᠡᠭᠡᠭᠰᠢᠯᠡᠯᠲᠡ ᠶᠢ ᠠᠬᠢᠭᠤᠯᠤᠨ᠎ᠠ᠃  ᠤᠷᠤᠨ ᠲᠣᠭᠤᠷᠢᠭ ᠤᠨ ᠰᠠᠭᠤᠷᠢ ᠲᠥᠬᠦᠭᠡᠷᠦᠮᠵᠢ ᠶᠢᠨ  ᠪᠠᠶᠢᠭᠤᠯᠤᠯᠲᠠ ᠶᠢ ᠦᠷᠭᠦᠯᠵᠢᠯᠡᠨ ᠲᠡᠭᠦᠯᠳᠡᠷᠵᠢᠭᠦᠯᠵᠦ᠂ ᠠᠵᠤ ᠦᠶᠯᠡᠳᠪᠦᠷᠢ ᠶᠢᠨ ᠪᠣᠬᠢᠷ ᠤᠰᠤ ᠰᠢᠢᠳᠪᠦᠷᠢᠯᠡᠬᠦ ᠦᠢᠯᠡᠳᠪᠦᠷᠢ ᠶᠢ ᠪᠠᠶᠢᠭᠤᠯᠤᠨ ᠠᠰᠢᠭᠯᠠᠯᠲᠠ ᠳᠤ ᠣᠷᠣᠭᠤᠯᠤᠨ᠎ᠠ᠃ 《 ᠰᠢᠨᠵᠢᠯᠡᠭᠡ ᠮᠡᠷᠭᠡᠵᠢᠯ ᠢᠶᠠᠷ ᠥᠪᠥᠷ ᠮᠣᠩᠭᠤᠯ ᠢᠶᠠᠨ ᠮᠠᠨᠳᠤᠭᠤᠯᠬᠤ 》 ᠪᠠᠶᠢᠯᠳᠤᠬᠤ ᠪᠣᠳᠣᠯᠭ᠎ᠠ ᠶᠢ  ᠨᠢᠮᠪᠠᠢ ᠨᠠᠶᠢᠳᠠᠪᠤᠷᠢᠵᠢᠭᠤᠯᠵᠤ᠂ ᠳᠠᠩ ᠾᠧ  ᠂ ᠺᠧ ᠲᠠᠢ ᠯᠦᠩ ᠳ᠋ᠠ᠂ ᠱᠧᠩ ᠲᠠᠢ ᠡᠯ᠂ ᠬᠤᠩ ᠵᠢᠩ ᠶᠤᠸᠠᠨ ᠲᠣᠰᠣ᠂ ᠲᠠᠯ᠎ᠠ ᠨᠤᠲᠤᠭ ᠬᠠᠷ᠎ᠠ ᠠᠷᠢᠬᠢ ᠵᠡᠷᠭᠡ ᠠᠵᠤ ᠠᠬᠤᠶᠢᠯᠠᠯ ᠤᠨ ᠪᠦᠲᠦᠭᠡᠭᠳᠡᠬᠦᠨ ᠤ ᠰᠤᠳᠤᠯᠤᠨ ᠨᠡᠭᠡᠭᠡᠬᠦ ᠲᠥᠪ ᠪᠠᠶᠢᠭᠤᠯᠬᠤ ᠶᠢ ᠳᠠᠮᠵᠢᠵᠤ᠂   ᠰᠢᠨᠵᠢᠯᠡᠭᠡ ᠰᠤᠳᠤᠯᠭ᠎ᠠ ᠳᠤ ᠲᠦᠰᠢᠭᠯᠡᠨ ᠪᠦᠲᠦᠭᠡᠭᠳᠡᠬᠦᠨ ᠤ ᠳᠡᠰ ᠳᠡᠪᠰᠢᠬᠦ ᠶᠢ ᠲᠦᠷᠭᠡᠳᠬᠡᠨ᠎ᠡ᠃ ᠬᠤᠳᠠᠯᠳᠤᠭ᠎ᠠ ᠡᠵᠡᠩᠨᠡᠬᠦ ᠣᠷᠴᠢᠨ ᠨᠥᠬᠦᠴᠡᠯ ᠢ ᠦᠷᠭᠦᠯᠵᠢᠯᠡᠨ ᠰᠢᠯᠢᠳᠡᠭᠵᠢᠭᠦᠯᠵᠦ᠂  ︽ ᠤᠯᠠᠨ ᠭᠡᠷᠡᠴᠢ  ᠎ ᠶᠢ ᠨᠢᠬᠡᠳᠭᠡᠬᠦ᠂  ᠭᠡᠷᠡᠴᠢ ᠦᠨᠡᠮᠯᠡᠯ  ᠎ ᠢ ᠰᠠᠯᠭᠠᠬᠤ︾ ᠪᠠ ᠵᠠᠰᠠᠭ ᠤᠨ ᠶᠠᠪᠤᠳᠠᠯ ᠤᠨ ᠦᠢᠯᠡᠴᠢᠯᠡᠬᠡᠨ ᠤ ︽ᠨᠢᠬᠡ ᠰᠦᠯᠵᠢᠶ᠎ᠡ᠂  ᠨᠢᠬᠡ ᠡᠬᠦᠳᠡ᠂ ᠨᠢᠬᠡ ᠤᠳᠠᠭ᠎ᠠ︾ ᠵᠡᠷᠭᠡ  ᠪᠠᠭᠤᠯᠭᠠᠬᠤ ᠬᠠᠮᠢᠶᠠᠷᠬᠤ ᠦᠢᠯᠡᠴᠢᠯᠡᠬᠦ ᠦᠬᠡᠷᠡᠴᠢᠯᠡᠯᠳᠡ ᠶᠢ ᠪᠦᠬᠦ ᠲᠠᠯ᠎ᠠ ᠪᠠᠷ ᠬᠦᠨᠵᠡᠬᠡᠶᠢᠷᠡᠬᠦᠯᠦᠨ᠎ᠡ᠃ ᠠᠷᠠᠯᠵᠢᠶᠠᠴᠢᠨ ᠤᠷᠢᠬᠤ ᠬᠡᠯᠪᠡᠷᠢ  ᠎ ᠶᠢᠨ ᠰᠢᠨ᠎ᠡ ᠶᠢ ᠡᠬᠦᠳᠦᠨ᠂ ᠬᠥᠷᠥᠩᠭᠡ᠂ ᠮᠡᠷᠭᠡᠵᠢᠯ᠂ ᠴᠢᠳᠠᠪᠤᠷᠢᠲᠠᠨ ᠵᠡᠷᠭᠡ  ᠲᠡᠭᠡᠳᠦ ᠲᠡᠰ ᠤᠨ ᠬᠦᠴᠦᠨ ᠵᠦᠶᠯ ᠢ ᠣᠷᠣᠭᠤᠯᠤᠨ ᠠᠪᠴᠢᠷᠠᠵᠤ᠂ ᠪᠠᠯᠠ ᠣᠷᠣᠭᠤᠯᠤᠯᠲᠠ ᠶᠢᠨ ᠬᠡᠪᠴᠢᠶ᠎ᠡ ᠪᠠᠷ ᠶᠡᠭᠡ᠂  ᠰᠢᠨᠵᠢᠯᠡᠭᠡ ᠮᠡᠷᠭᠡᠵᠢᠯ ᠤᠨ ᠠᠭᠤᠯᠤᠭᠳᠠᠴᠠ ᠪᠠᠷ ᠥᠨᠳᠥᠷ᠂ ᠠᠵᠤ ᠦᠢᠯᠡᠰ ᠤᠨ ᠳᠠᠶᠢᠴᠢᠯᠠᠬᠤ ᠬᠦᠴᠦᠨ ᠢᠶᠠᠷ ᠴᠢᠩᠭ᠎ᠠ ᠨᠢᠭᠡ ᠪᠦᠯᠦᠭ ᠲᠣᠮᠣ ᠲᠥᠷᠥᠯ ᠵᠦᠶᠯ᠂ ᠰᠠᠶᠢᠨ ᠲᠥᠷᠥᠯ ᠵᠦᠶᠯ ᠢ  ᠨᠤᠳᠤᠭᠰᠢᠭᠤᠯᠬᠤ  ᠎ ᠪᠠᠷ ᠴᠢᠷᠮᠠᠶᠢᠨ᠎ᠠ᠃  ᠤᠳᠤ ᠦᠶ᠎ᠡ ᠶᠢᠨ ᠦᠢᠯᠡᠴᠢᠯᠡᠭᠡᠨ ᠤ ᠦᠢᠯᠡᠰ ᠤᠨ ᠬᠥᠭᠵᠢᠨ ᠪᠤᠵᠠᠭᠠᠢᠢᠷᠠᠬᠤ ᠶᠢ ᠠᠬᠢᠭᠤᠯᠤᠨ᠎ᠠ᠃ ᠪᠡᠭᠡᠵᠢᠩ  ᠤᠷᠤᠬᠤ ᠲᠡᠮᠦᠷ ᠵᠠᠮ ᠎ ᠤᠨ ᠪᠠᠶᠢᠭᠤᠯᠤᠯᠲᠠ ᠶᠢᠨ ᠲᠡᠦᠬᠡᠨ ᠠᠵᠠ ᠲᠣᠬᠢᠶᠠᠯ ᠢ ᠪᠠᠲᠤ  ᠡᠵᠡᠮᠳᠡᠵᠦ᠂  ᠤᠷᠤᠨ ᠪᠠᠶᠢᠴᠠ ᠶᠢᠨ ᠥᠪᠡᠷᠮᠢᠴᠡ ᠳᠠᠪᠠᠭᠤᠯᠢᠭ ᠢᠶᠠᠨ ᠭᠦᠢᠴᠡᠳ ᠪᠠᠳᠠᠷᠠᠭᠤᠯᠤᠨ᠂ ᠰᠢᠯᠢ ᠶᠢᠨ ᠭᠤᠣᠯ ᠤᠨ ᠲᠠᠯ᠎ᠠ ᠨᠤᠲᠤᠭ ᠤᠨ ᠵᠢᠭᠤᠯᠴᠢᠯᠠᠯ ᠤᠨ ᠠᠩᠬᠠᠨ ᠤ ᠥᠷᠲᠡᠭᠡ ᠶᠢᠨ ᠨᠡᠷᠡᠲᠦ ᠲᠡᠮᠳᠡᠭ ᠢ ᠪᠦᠬᠦ ᠬᠦᠴᠦᠨ ᠢᠶᠠᠷ ᠡᠬᠦᠳᠴᠦ᠂ ᠰᠡᠯᠡᠭᠦᠴᠡᠯ ᠵᠢᠭᠤᠯᠴᠢᠯᠠᠯ ᠪᠠ  ᠵᠢᠭᠤᠯᠴᠢᠯᠠᠯ ᠤᠨ ᠦᠢᠯᠡᠴᠢᠯᠡᠭᠡᠨ ᠤ ᠠᠵᠤ ᠠᠬᠤᠢ ᠶᠢ ᠶᠡᠬᠡᠪᠡᠷ ᠬᠥᠭᠵᠢᠭᠦᠯᠵᠦ᠂  ᠲᠦᠷᠪᠡᠨ ᠵᠦᠭ  ᠎ ᠤᠨ ᠵᠢᠭᠤᠯᠴᠢᠯᠠᠭᠴᠢ  ᠎ ᠳᠤ ᠪᠦᠬᠦ ᠲᠠᠯ᠎ᠠ ᠶᠢᠨ  ᠰᠠᠶᠢᠨ ᠦᠢᠯᠡᠴᠢᠯᠡᠭᠡ ᠶᠢ ᠬᠠᠩᠭᠠᠨ᠎ᠠ᠃ ᠲᠠᠢ ᠽᠢ ᠴᠧᠩ  ᠬᠢᠭᠡᠳ  ᠼᠦᠩ ᠯᠢ ᠠᠴᠠ ᠤᠶᠢᠷᠠᠬᠠᠨ ᠤᠷᠤᠨ ᠪᠠᠶᠢᠴᠠ ᠶᠢᠨ ᠳᠠᠪᠠᠭᠤᠯᠢᠭ ᠢᠶᠠᠨ ᠪᠠᠳᠠᠷᠠᠭᠤᠯᠤᠨ᠂ 《 ᠵᠣᠨ ᠳᠠᠭᠠᠨ ᠲᠠᠯ᠎ᠠ ᠨᠤᠲᠤᠭ ᠢᠶᠠᠷ ᠵᠤᠭᠠᠴᠠᠭᠤᠯᠤᠨ᠂ ᠡᠪᠦᠯ ᠳᠡᠭᠡᠨ ᠮᠥᠰᠥ ᠴᠠᠰᠤᠨ ᠳᠤ  ᠨᠠᠭᠠᠳᠤᠭᠤᠯᠬᠤ 》 ᠠᠵᠢᠯ ᠢ ᠰᠠᠶᠢᠨ ᠬᠢᠵᠦ᠂ ᠲᠠᠯ᠎ᠠ ᠨᠤᠲᠤᠭ ᠤᠨ ᠵᠢᠭᠤᠯᠴᠢᠯᠠᠯ ᠢ ᠠᠷᠠᠳ ᠢᠶᠠᠨ ᠪᠠᠶᠠᠵᠢᠭᠤᠯᠵᠤ ᠬᠤᠰᠢᠭᠤ ᠪᠠᠨ ᠬᠦᠴᠦᠷᠬᠡᠭᠵᠢᠭᠦᠯᠬᠦ ᠲᠤᠯᠭᠠᠭᠤᠷᠢ ᠠᠵᠤ ᠦᠶᠯᠡᠰ ᠪᠣᠯᠭᠠᠨ ᠦᠷᠨᠢᠬᠦᠯᠦᠨ᠎ᠡ᠃ ᠬᠠᠭᠠᠨ ᠤ ᠠᠳᠤᠭᠤᠨ ᠵᠤᠰᠠᠭᠠᠯ᠂ ᠪᠢᠶᠠᠨ ᠴᠢᠶᠠᠩ ᠠᠮᠢ ᠠᠬᠤᠢ ᠶᠢᠨ ᠵᠢᠭᠤᠯᠴᠢᠯᠠᠯ ᠤᠨ ᠲᠣᠰᠬᠤᠨ᠂   ᠠᠳᠤᠭᠤᠳᠤ ᠪᠠᠯᠭᠠᠰᠤᠨ ᠤ ᠠᠮᠠᠷᠠᠯᠳᠠ ᠰᠡᠯᠡᠭᠦᠴᠡᠯ ᠤᠨ ᠣᠷᠣᠨ᠂  ᠵᠢᠭᠤᠯᠴᠢᠯᠠᠭᠴᠢ ᠳᠤ ᠦᠢᠯᠡᠴᠢᠯᠡᠬᠦ  ᠲᠥᠪ᠂   ᠬᠤᠨ ᠭᠠᠯᠠᠭᠤ ᠲᠠᠷᠢᠶᠠᠯᠠᠩ ᠮᠠᠯ ᠠᠵᠤ ᠠᠬᠤᠢ ᠶᠢᠨ ᠰᠤᠳᠤᠯᠭᠠᠨ ᠤ ᠦᠢᠯᠡᠴᠢᠯᠡᠭᠡᠨ ᠤ ᠲᠥᠪ᠂ ᠠᠮᠲᠠᠲᠤ ᠢᠳᠡᠭᠡᠨ ᠤ ᠵᠡᠭᠡᠯᠢ  ᠵᠡᠷᠭᠡ ᠭᠤᠣᠯᠳᠠᠯᠭ᠎ᠠ ᠲᠠᠢ  ᠵᠢᠭᠤᠯᠴᠢᠯᠠᠯ ᠤᠨ ᠲᠥᠷᠥᠯ ᠵᠦᠢᠯ ᠤᠨ ᠪᠠᠶᠢᠭᠤᠯᠤᠯᠲᠠ ᠶᠢ ᠲᠦᠷᠭᠡᠳᠬᠡᠨ ᠠᠬᠢᠭᠤᠯᠵᠤ᠂ ᠮᠠᠯᠴᠢᠨ ᠠᠶᠢᠯ ᠲᠠᠷᠢᠶᠠᠴᠢᠨ ᠡᠷᠦᠬᠡ ᠶᠢᠨ  ᠵᠢᠭᠤᠯᠴᠢᠯᠠᠯ ᠤᠨ ᠭᠠᠵᠠᠷ ᠤᠨ ᠳᠡᠰ ᠳᠡᠪᠰᠢᠬᠦ ᠶᠢ ᠠᠬᠢᠭᠤᠯᠤᠨ᠎ᠠ᠃  ᠡᠯᠧᠺᠲᠷᠤᠨ ᠬᠤᠳᠠᠯᠳᠤᠭᠠᠨ ᠤ ᠣᠯᠠᠨ ᠨᠡᠶᠢᠲᠡ ᠶᠢᠨ ᠦᠢᠯᠡᠴᠢᠯᠡᠭᠡᠨ ᠤ ᠴᠢᠳᠠᠪᠤᠷᠢ ᠶᠢ ᠪᠦᠬᠦ ᠲᠠᠯ᠎ᠠ ᠪᠠᠷ ᠳᠡᠭᠡᠭᠰᠢᠯᠡᠭᠦᠯᠵᠦ᠂ ᠤᠯᠤᠰ ᠤᠨ ᠡᠯᠧᠺᠲᠷᠤᠨ ᠬᠤᠳᠠᠯᠳᠤᠭᠠᠨ ᠤ ᠶᠠᠪᠤᠳᠠᠯ ᠢ ᠬᠥᠳᠡᠭᠡ ᠲᠣᠰᠬᠤᠨ ᠳᠤ ᠣᠷᠣᠭᠤᠯᠬᠤ ᠵᠢᠱᠢᠶ᠎ᠡ ᠦᠵᠡᠭᠦᠯᠬᠦ ᠲᠥᠷᠥᠯ ᠵᠦᠢᠯ ᠢ ᠬᠦᠨᠵᠡᠬᠡᠢ ᠭᠡᠷᠡᠭᠵᠢᠬᠦᠯᠦᠨ᠂  ᠡᠯᠧᠺᠲᠷᠤᠨ ᠬᠤᠳᠠᠯᠳᠤᠭᠠᠨ ᠤ ᠬᠦᠮᠦᠷᠭᠡᠯᠡᠯᠳᠡ ᠬᠠᠳᠠᠭᠠᠯᠠᠯᠳᠠ ᠪᠠ ᠪᠤᠳᠠᠰ ᠤᠨ ᠭᠦᠢᠯᠭᠡᠭᠡᠨ ᠤ ᠶᠡᠷᠦᠩᠬᠡᠶᠢᠯᠡᠭᠰᠡᠨ ᠠᠵᠤ ᠦᠢᠯᠡᠰ ᠤᠨ ᠬᠦᠷᠢᠶᠡᠯᠡᠩ᠂ ᠲᠠᠷᠢᠶᠠᠯᠠᠩ ᠤᠨ ᠣᠨᠴᠠ ᠭᠠᠷᠤᠯᠳᠠ ᠶᠢ ᠪᠣᠯᠪᠠᠰᠤᠷᠠᠭᠤᠯᠬᠤ ᠠᠵᠤ ᠦᠢᠯᠡᠰ ᠤᠨ ᠬᠦᠷᠢᠶᠡᠯᠡᠩ ᠵᠡᠷᠭᠡ ᠲᠥᠷᠥᠯ ᠵᠦᠢᠯ ᠢ ᠪᠠᠶᠢᠭᠤᠯᠤᠨ ᠠᠰᠢᠭᠯᠠᠯᠲᠠ ᠳᠤ ᠣᠷᠣᠭᠤᠯᠵᠤ᠂ ᠰᠢᠨ᠎ᠡ ᠰᠣᠷᠭᠤᠭ ᠲᠠᠷᠢᠶᠠᠯᠠᠩ ᠤᠨ ᠲᠤᠰᠠᠯᠠᠬᠤ ᠪᠦᠲᠦᠭᠡᠭᠳᠡᠬᠦᠨ ᠢ ᠳᠡᠯᠭᠡᠨ ᠪᠣᠷᠣᠯᠠᠭᠤᠯᠬᠤ ᠪᠠ ᠲᠤᠬᠢᠷᠠᠭᠤᠯᠤᠨ ᠬᠦᠷᠭᠡᠬᠦ ᠲᠥᠪ ᠢ ᠠᠵᠢᠯ ᠡᠬᠢᠯᠡᠭᠦᠯᠬᠦ ᠪᠠᠷ ᠴᠢᠷᠮᠠᠶᠢᠨ᠎ᠠ᠃  ᠮᠥᠩᠭᠦᠨ ᠭᠦᠢᠯᠭᠡᠭᠡᠨ ᠤ ᠪᠣᠳᠠᠲᠤ ᠠᠵᠤ ᠠᠬᠤᠢ  ᠎ ᠳᠤ ᠦᠢᠯᠡᠴᠢᠯᠡᠬᠦ ᠡᠷᠴᠢᠮ ᠢ ᠴᠢᠩᠭᠠᠷᠠᠭᠤᠯᠵᠤ᠂  ᠡᠨᠡ  ᠵᠢᠯ  ᠮᠥᠩᠭᠦᠨ ᠭᠦᠢᠯᠭᠡᠭᠡᠨ ᠤ ᠪᠠᠶᠢᠭᠤᠯᠤᠮᠵᠢ 1᠎ ᠶᠢ ᠰᠢᠨ᠎ᠡ ᠪᠠᠷ ᠨᠡᠮᠡᠭᠳᠡᠭᠦᠯᠦᠨ᠎ᠡ᠃  ᠡᠬᠦᠨ ᠤ ᠬᠠᠮᠳᠤ᠂ ᠠᠰᠠᠷᠠᠮᠵᠢ ᠰᠤᠪᠢᠯᠠᠯᠳᠠ᠂  ᠠᠳᠠᠯ ᠠᠬᠤᠶ ᠶᠢᠨ ᠦᠶᠯᠡᠴᠢᠯᠡᠭᠡ ᠵᠡᠷᠭᠡ ᠣᠲᠣ ᠦᠶ᠎ᠡ ᠶᠢᠨ ᠦᠶᠯᠡᠴᠢᠯᠡᠭᠡᠨ ᠤ ᠠᠵᠤ ᠦᠶᠯᠡᠰ ᠢ ᠶᠡᠭᠡ ᠪᠠᠷ ᠬᠥᠭᠵᠢᠭᠦᠯᠦᠨ᠎ᠡ᠃        ( ᠭᠤᠷᠪᠠ ) ᠬᠠᠮᠠᠭᠠᠯᠠᠯᠲᠠ ᠪᠠᠶᠢᠭᠤᠯᠤᠯᠲᠠ ᠵᠠᠰᠠᠯᠲᠠ ᠶᠢ ᠵᠡᠷᠭᠡ ᠪᠠᠷ ᠴᠢᠬᠤᠯᠠᠴᠢᠯᠠᠵᠤ᠂ ᠠᠮᠢ ᠠᠬᠤᠶ ᠶᠢᠨ ᠪᠣᠯᠪᠠᠰᠤᠨ ᠤ ᠪᠠᠶᠢᠭᠤᠯᠤᠯᠲᠠ ᠶᠢᠨ ᠦᠷ᠎ᠡ ᠪᠦᠲᠦᠭᠡᠯ ᠢ ᠪᠠᠬᠢᠵᠢᠬᠦᠯᠬᠦ ᠭᠡᠷᠡᠭᠳᠡᠢ᠃      ᠠᠮᠢ ᠠᠬᠤᠢ ᠶᠢᠨ ᠬᠠᠮᠠᠭᠠᠯᠠᠯᠲᠠ ᠪᠠ  ᠪᠠᠶᠢᠭᠤᠯᠤᠯᠲᠠ ᠶᠢ ᠦᠷᠭᠦᠯᠵᠢᠯᠡᠨ ᠴᠢᠩᠭᠠᠳᠬᠠᠨ᠎ᠠ᠃  ᠡᠯᠡᠰᠦᠨ ᠤ ᠡᠬᠢ ᠶᠢ ᠵᠠᠰᠠᠬᠤ᠂ ᠭᠤᠣᠯᠳᠠᠯᠭ᠎ᠠ ᠲᠠᠢ ᠣᠷᠣᠨ ᠪᠦᠰᠡ ᠶᠢ ᠨᠣᠭᠤᠭᠠᠷᠠᠭᠤᠯᠬᠤ᠂ ᠮᠠᠭᠤᠳᠠᠭᠰᠠᠨ ᠬᠠᠮᠠᠭᠠᠯᠠᠯᠲᠠ ᠶᠢᠨ ᠤᠢ ᠶᠢ ᠥᠭᠡᠷᠡᠴᠢᠯᠡᠬᠦ ᠵᠡᠷᠭᠡ ᠭᠤᠣᠯᠳᠠᠯᠭ᠎ᠠ ᠲᠠᠢ ᠢᠨᠵᠧᠨᠧᠷᠢᠩ ᠢ ᠯᠠᠪᠳᠠᠭᠤᠨ ᠠᠬᠢᠭᠤᠯᠵᠤ᠂   3 ᠲᠦᠮᠡᠨ ᠮᠤ᠋  ᠣᠢ ᠰᠢᠭᠤᠢ ᠶᠢ ᠠᠷᠠᠴᠢᠯᠠᠨ ᠰᠠᠶᠢᠵᠢᠷᠠᠭᠤᠯᠵᠤ  ᠂ 3000 ᠮᠤ᠋ ᠭᠤᠣᠯᠳᠠᠯᠭ᠎ᠠ ᠲᠠᠢ ᠣᠷᠣᠨ ᠪᠦᠰᠡ ᠶᠢ ᠨᠤᠭᠤᠭᠠᠷᠠᠭᠤᠯᠤᠨ᠂ 2600  ᠮᠤ᠋ ᠠᠵᠤ ᠠᠬᠤᠢ ᠶᠢᠨ  ᠮᠤᠳᠤ ᠲᠠᠷᠢᠵᠤ᠂  1000 ᠮᠤ᠋ ᠶᠢ ᠬᠥᠮᠦᠨ ᠤ ᠬᠦᠴᠦ ᠎ ᠪᠠᠷ ᠤᠶᠢᠵᠢᠭᠤᠯᠤᠨ᠎ᠠ᠃  ᠨᠤᠳᠤᠭ ᠪᠡᠯᠴᠢᠬᠡᠷ ᠤᠢ  ᠮᠤᠳᠤ ᠶᠢ ᠡᠪᠳᠡᠭᠰᠡᠨ ᠬᠠᠤᠯᠢ ᠪᠤᠰᠤ ᠠᠵᠢᠯᠯᠠᠭ᠎ᠠ ᠤ ᠲᠤᠰᠬᠠᠢ ᠴᠡᠭᠴᠡᠯᠡᠯᠳᠡ ᠶᠢ  ᠶᠠᠪᠤᠭᠤᠯᠵᠤ᠂ ᠮᠠᠯᠵᠢᠬᠤ ᠣᠷᠣᠨ ᠤ ᠮᠠᠯ ᠪᠡᠯᠴᠢᠭᠡᠷ ᠤᠨ ᠲᠡᠩᠴᠡᠭᠦᠷᠢ ᠶᠢᠨ ᠳᠦᠷᠢᠮ ᠢ ᠴᠢᠩᠭ᠎ᠠ  ᠭᠡᠷᠡᠭᠵᠢᠬᠦᠯᠦᠨ᠂ ᠰᠢᠨ᠎ᠡ  ᠨᠢᠬᠡᠨ ᠡᠭᠡᠯᠵᠢ ᠶᠢᠨ ᠠᠮᠢ ᠠᠬᠤᠢ ᠶᠢᠨ ᠨᠥᠬᠦᠪᠥᠷᠢ ᠱᠠᠩᠨᠠᠯ ᠤᠨ ᠲᠥᠷᠥ ᠶᠢᠨ ᠪᠣᠳᠣᠯᠭ᠎ᠠ ᠎ ᠶᠢ ᠰᠠᠶᠢᠲᠤᠷ  ᠨᠠᠶᠢᠳᠠᠪᠤᠷᠢᠵᠢᠭᠤᠯᠤᠨ᠎ᠠ᠃ ᠪᠣᠬᠢᠷᠲᠤᠯ ᠥᠬᠡᠶ ᠠᠭᠤᠯᠠ ᠠᠭᠤᠷᠬᠠᠶ ᠶᠢᠨ ᠪᠠᠶᠢᠭᠤᠯᠤᠯᠲᠠ ᠶᠢᠨ ᠠᠵᠢᠯᠯᠠᠭ᠎ᠠ ᠶᠢ ᠪᠥᠬᠦ ᠲᠠᠯ᠎ᠠ ᠪᠠᠷ ᠥᠷᠨᠢᠭᠦᠯᠵᠦ᠂  ᠡᠨᠡ ᠵᠢᠯ 2 ᠰᠠᠭᠤᠷᠢ ᠣᠷᠣᠨ ᠤ ᠲᠠᠰ ᠤᠨ ᠪᠣᠬᠢᠷᠲᠤᠯ ᠥᠬᠡᠶ  ᠠᠭᠤᠷᠬᠠᠶ ᠶᠢ ᠪᠠᠶᠢᠭᠤᠯᠬᠤ ᠡᠭᠦᠷᠭᠡ ᠶᠢ ᠪᠡᠶᠡᠯᠡᠭᠦᠯᠦᠨ᠎ᠡ᠃ ᠪᠣᠬᠢᠷᠲᠤᠯ ᠢ ᠰᠡᠷᠭᠡᠶᠢᠯᠡᠨ ᠵᠠᠰᠠᠬᠤ ᠠᠵᠢᠯ ᠤᠨ ᠦᠷ᠎ᠡ ᠪᠦᠲᠦᠭᠡᠯ ᠢ ᠪᠠᠬᠢᠵᠢᠭᠦᠯᠦᠨ ᠳᠡᠭᠡᠭᠰᠢᠯᠡᠭᠦᠯᠦᠨ᠎ᠡ᠃ ᠲᠥᠪ ᠤᠨ ᠬᠤᠶᠠᠳᠤᠭᠠᠷ ᠡᠭᠡᠯᠵᠢ ᠶᠢᠨ ᠣᠷᠴᠢᠨ ᠲᠣᠭᠤᠷᠢᠨ ᠤ ᠬᠠᠮᠠᠭᠠᠯᠠᠯᠲᠠ ᠶᠢᠨ  ᠱᠠᠭᠠᠷᠳᠠᠨ  ᠪᠠᠶᠢᠴᠠᠭᠠᠯᠲᠠ ᠶᠢ ᠤᠭᠲᠤᠬᠤ ᠠᠵᠢᠯ ᠢ ᠪᠥᠬᠦ ᠬᠦᠴᠦᠨ ᠢᠶᠠᠷ ᠰᠠᠶᠢᠨ ᠬᠢᠵᠦ᠂ ᠪᠣᠬᠢᠷᠲᠤᠯ ᠢ ᠰᠡᠷᠭᠡᠶᠢᠯᠡᠨ ᠵᠠᠰᠠᠬᠤ ᠬᠠᠤᠯᠢ  ᠭᠡᠷᠡᠭᠵᠢᠬᠦᠯᠬᠦ ᠪᠠᠶᠢᠴᠠᠭᠠᠯᠲᠠ ᠶᠢ  ᠪᠠᠶᠢᠩᠭᠤ ᠶᠢᠨ ᠴᠢᠨᠠᠷᠳᠠᠢ ᠦᠷᠨᠢᠬᠦᠯᠦᠨ᠂ ᠡᠯ᠎ᠡ ᠲᠥᠷᠥᠯ ᠤᠨ ᠬᠠᠤᠯᠢ  ᠵᠥᠷᠢᠴᠡᠭᠰᠡᠨ ᠦᠶᠯᠡ ᠠᠵᠢᠯᠯᠠᠭ᠎ᠠ ᠶᠢ ᠡᠷᠡᠰ ᠵᠠᠯᠬᠠᠭᠠᠨ ᠰᠢᠳᠬᠡᠨ᠎ᠡ᠃  《 ᠭᠤᠷᠪᠠᠨ ᠤᠯᠠᠭᠠᠨ ᠱᠤᠭᠤᠮ 》᠎ ᠤᠨ ᠵᠢᠭᠠᠯᠳᠠ ᠲᠤᠭ᠎ᠠ ᠶᠢ ᠴᠢᠩᠭ᠎ᠠ ᠡᠵᠡᠮᠳᠡᠵᠦ᠂ ᠭᠤᠣᠯ ᠮᠥᠷᠡᠨ ᠤ ᠳᠠᠷᠤᠭ᠎ᠠ ᠶᠢᠨ ᠲᠦᠷᠢᠮ ᠤᠨ ᠥᠭᠡᠷᠡᠴᠢᠯᠡᠯᠲᠡ ᠶᠢ ᠪᠦᠬᠦ ᠲᠠᠯ᠎ᠠ ᠪᠠᠷ ᠪᠡᠶᠡᠯᠡᠬᠦᠯᠦᠨ᠎ᠡ᠃ ᠲᠠᠷᠢᠶᠠᠯᠠᠩ ᠤᠨ ᠣᠯᠠᠨ ᠡᠬᠢᠲᠦ ᠪᠣᠬᠢᠷᠲᠤᠯ ᠢ ᠵᠠᠰᠠᠬᠤ ᠶᠢ ᠴᠢᠩᠭᠠᠷᠠᠭᠤᠯᠤᠨ᠂ ᠬᠢᠮᠢ ᠶᠢᠨ ᠪᠣᠷᠲᠣᠭᠤᠷ᠂ ᠲᠠᠷᠢᠶᠠᠨ ᠡᠮ ᠬᠡᠷᠡᠭᠯᠡᠬᠦ ᠶᠡᠷᠦᠩᠬᠡᠶ ᠬᠡᠮᠵᠢᠶ᠎ᠡ ᠶᠢ ᠦᠷᠭᠦᠯᠵᠢᠯᠡᠨ ᠪᠠᠭᠠᠰᠬᠠᠵᠤ᠂ ᠣᠷᠭᠠᠨᠢᠭ ᠪᠣᠷᠲᠣᠭᠤᠷ ᠬᠡᠷᠡᠭᠯᠡᠬᠦ ᠲᠠᠯᠠᠪᠠᠶ ᠶᠢ ᠥᠷᠭᠡᠳᠬᠡᠨ᠂ ᠢᠯᠭᠠᠳᠠᠰᠤ ᠂ ᠰᠦᠯᠢᠶᠣᠣ ᠪᠦᠷᠬᠦᠪᠴᠢ᠂ ᠡᠰᠢ ᠰᠦᠷᠡᠯ ᠢ ᠡᠭᠡᠭᠦᠯᠦᠨ ᠬᠤᠷᠢᠶᠠᠬᠤ ᠪᠠ ᠡᠬᠢ ᠪᠠᠶᠠᠯᠢᠭᠵᠢᠭᠤᠯᠤᠨ ᠠᠰᠢᠭᠯᠠᠬᠤ ᠲᠣᠭᠲᠠᠴᠠ ᠶᠢ ᠪᠠᠶᠢᠭᠤᠯᠵᠤ᠂ ᠬᠥᠷᠥᠰᠥ ᠰᠢᠷᠣᠶ ᠶᠢᠨ ᠴᠢᠨᠠᠷ ᠢ ᠪᠥᠬᠦ ᠲᠠᠯ᠎ᠠ ᠪᠠᠷ ᠳᠡᠭᠡᠭᠰᠢᠯᠡᠭᠦᠯᠦᠨ᠎ᠡ᠃     ( ᠲᠦᠷᠪᠡ ) ᠰᠢᠨ᠎ᠡ ᠬᠡᠯᠪᠡᠷᠢ ᠶᠢᠨ ᠬᠤᠲᠠ ᠪᠠᠯᠭᠠᠰᠤᠵᠢᠯᠲᠠ ᠶᠢ ᠲᠦᠷᠭᠡᠳᠬᠡᠵᠦ᠂ ᠠᠵᠢᠯᠯᠠᠵᠤ ᠠᠮᠢᠳᠤᠷᠠᠬᠤ ᠤᠷᠴᠢᠨ ᠨᠦᠬᠦᠴᠡᠯ ᠢ ᠦᠷᠭᠦᠯᠵᠢᠯᠡᠨ ᠰᠠᠶᠢᠵᠢᠷᠠᠭᠤᠯᠬᠤ ᠭᠡᠷᠡᠭᠳᠡᠢ᠃    ᠬᠤᠲᠠ ᠬᠥᠳᠡᠭᠡ ᠶᠢᠨ ᠲᠥᠯᠥᠪᠵᠢᠭᠦᠯᠭᠡ ᠶᠢᠨ ᠰᠢᠰᠲ᠋ᠧᠮ ᠤᠨ ᠪᠠᠶᠢᠭᠤᠯᠤᠯᠲᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠤᠯᠤᠰ  ᠎ ᠤᠨ ᠭᠠᠵᠠᠷ ᠰᠢᠷᠣᠢ ᠶᠢᠨ ᠣᠷᠣᠨ ᠵᠠᠢ ᠶᠢᠨ 《 ᠨᠢᠭᠡ ᠬᠠᠭᠤᠳᠠᠰᠤ ᠵᠢᠷᠤᠭ 》 ᠎ ᠤᠨ ᠲᠤᠭ᠎ᠠ ᠪᠠᠷᠢᠮᠲᠠ ᠶᠢᠨ ᠲᠠᠪᠴᠠᠩ  ᠎ ᠢ ᠪᠠᠶᠢᠭᠤᠯᠤᠨ  ᠂   ᠡᠨᠡ  ᠵᠢᠯ ᠤᠯᠤᠰ ᠤᠨ ᠭᠠᠵᠠᠷ ᠰᠢᠷᠣᠢ ᠶᠢᠨ ᠣᠷᠣᠨ ᠵᠠᠢ ᠶᠢᠨ  ᠲᠦᠯᠦᠪᠵᠢᠬᠦᠯᠬᠡ᠂ ᠭᠤᠣᠯ ᠬᠤᠲᠠ ᠶᠢᠨ ᠲᠣᠭᠤᠷᠢᠭ ᠤᠨ ᠵᠢᠷᠤᠭ ᠲᠥᠯᠥᠪᠯᠡᠭᠡ ᠪᠠ ᠭᠤᠣᠯᠳᠠᠯᠭ᠎ᠠ ᠲᠠᠢ ᠬᠡᠰᠡᠭ ᠲᠣᠭᠤᠷᠢᠭ ᠤᠨ ᠲᠥᠯᠥᠪᠵᠢᠭᠦᠯᠭᠡ ᠶᠢ ᠨᠠᠶᠢᠷᠠᠭᠤᠯᠤᠨ ᠵᠣᠬᠢᠶᠠᠬᠤ ᠠᠵᠢᠯ ᠢ ᠪᠡᠶᠡᠯᠡᠭᠦᠯᠦᠨ᠎ᠡ᠃  ᠮᠤᠬᠤᠷ ᠵᠠᠮ ᠎ ᠢ ᠨᠡᠪᠳᠡᠷᠡᠬᠦᠯᠬᠦ᠂ ᠵᠡᠬᠡᠯᠢ ᠭᠤᠳᠤᠮᠵᠢ ᠶᠢ ᠬᠠᠳᠠᠭᠤᠷᠠᠭᠤᠯᠬᠤ᠂  ᠭᠤᠤᠯ ᠵᠠᠮ ᠢ ᠴᠠᠷᠳᠠᠵᠤ ᠲᠡᠪᠢᠰᠬᠦ  ᠵᠢᠴᠢ  ᠭᠠᠵᠠᠷ ᠲᠤᠤᠷᠠᠬᠢ ᠲᠤᠤᠷ ᠬᠤᠭᠤᠯᠠᠢ᠂  ᠪᠤᠷᠤᠭᠠᠨ ᠤ ᠤᠰᠤ ᠪᠠ ᠪᠤᠬᠢᠷ ᠤᠰᠤ ᠶᠢ ᠰᠠᠯᠭᠠᠨ ᠤᠷᠤᠰᠬᠠᠬᠤ᠂  ᠭᠤᠤᠯᠳᠠᠯᠭ᠎ᠠ ᠎ ᠲᠠᠢ ᠭᠠᠵᠠᠷ ᠤᠷᠤᠨ ᠢ ᠨᠤᠭᠤᠭᠠᠷᠠᠭᠤᠯᠬᠤ᠂  ᠨᠡᠶᠢᠳᠡ ᠶᠢᠨ  ᠵᠤᠷᠯᠤᠩ ᠪᠠᠶᠢᠭᠤᠯᠬᠤ ᠵᠡᠷᠭᠡ  ᠬᠤᠳᠠ ᠶᠢᠨ ᠪᠠᠶᠢᠭᠤᠯᠤᠯᠳᠠ ᠶᠢᠨ ᠢᠨᠵᠧᠨᠧᠷᠢᠩ ᠢ ᠦᠷᠬᠦᠯᠵᠢᠯᠡᠨ ᠭᠡᠷᠡᠭᠵᠢᠬᠦᠯᠵᠦ᠂  ᠡᠨᠡ ᠵᠢᠯ ᠦᠷᠳᠡᠭᠡᠨ ᠤ ᠡᠮᠦᠨᠡᠬᠢ ᠲᠠᠯᠠᠪᠠᠢ᠂  ᠵᠡᠬᠦᠨ ᠠᠭᠤᠯᠠᠨ  ᠎ ᠤ ᠨᠡᠬᠦᠷᠡᠰᠦᠳᠦ᠋ᠷᠦᠭᠴᠢ ᠰᠢᠩᠬᠡᠬᠡᠬᠦ  ᠠᠵᠤ ᠠᠬᠤᠢ ᠶᠢᠨ ᠤᠢ᠂  ᠭᠤᠤᠯᠳᠠᠯᠭᠠᠳᠠᠢ ᠠᠵᠤ ᠠᠬᠤᠶᠢᠯᠠᠯ ᠤᠨ ᠨᠤᠭᠤᠭᠠᠷᠠᠭᠤᠯᠤᠯᠳᠠ ᠶᠢᠨ ᠲᠦᠷᠦᠯ ᠵᠦᠢᠯ ᠢ  ᠪᠡᠶᠡᠯᠡᠬᠦᠯᠦᠨ᠎ᠡ᠃  ᠠᠭᠠᠷ ᠤᠨ ᠰᠡᠷᠭᠡᠶᠢᠯᠡᠯᠲᠡ ᠶᠢᠨ ᠢᠨᠵᠧᠨᠧᠷᠢᠩ ᠤᠨ ᠬᠢᠨᠠᠯᠲᠠ ᠬᠠᠮᠢᠶᠠᠷᠤᠯᠲᠠ ᠶᠢᠨ ᠡᠷᠴᠢᠮ ᠢ ᠴᠢᠩᠭᠠᠷᠠᠭᠤᠯᠵᠤ᠂ 《 ᠪᠠᠶᠢᠭᠤᠯᠵᠤ ᠳᠠᠭᠤᠰᠬᠠᠬᠤ 》 ᠢᠨᠵᠧᠨᠧᠷᠢᠩ  ᠎ ᠤᠨ《 ᠪᠠᠶᠢᠭᠤᠯᠪᠠᠰᠤ ᠵᠣᠬᠢᠬᠤ ᠶᠢ ᠵᠠᠪᠠᠯ ᠪᠠᠶᠢᠭᠤᠯᠬᠤ 》᠎ ᠶᠢ ᠪᠠᠲᠤᠯᠠᠨ᠎ᠠ᠃ ᠬᠤᠲᠠ ᠪᠠᠯᠭᠠᠰᠤᠨ ᠎ ᠤ ᠨᠠᠷᠢᠯᠢᠬᠵᠢᠭᠰᠠᠨ ᠬᠠᠮᠢᠶᠠᠷᠤᠯᠲᠠ ᠶᠢᠨ ᠠᠵᠢᠯᠯᠠᠭ᠎ᠠ ᠶᠢ ᠭᠦᠨᠵᠡᠭᠡᠶ ᠥᠷᠨᠢᠭᠦᠯᠵᠦ᠂  ᠬᠢᠨᠠᠨ ᠡᠵᠡᠮᠳᠡᠬᠦ ᠢᠨᠵᠧᠨᠧᠷᠢᠩ ᠂ ᠤᠶᠤᠨᠲᠤ ᠬᠤᠲᠠ ᠶᠢᠨ ᠬᠠᠮᠢᠶᠠᠷᠤᠯᠲᠠ ᠵᠡᠷᠭᠡ ᠬᠡᠷᠡᠭᠯᠡᠭᠡᠨ ᠤ ᠲᠠᠪᠴᠠᠩ ᠤᠨ ᠪᠠᠶᠢᠭᠤᠯᠤᠯᠲᠠ ᠶᠢ  ᠠᠬᠢᠭᠤᠯᠤᠨ᠂ ᠳᠤᠷ᠎ᠠ ᠪᠠᠷ ᠢᠶᠠᠨ ᠪᠠᠷᠢᠯᠭ᠎ᠠ ᠪᠠᠷᠢᠬᠤ᠂ ᠳᠤᠷ᠎ᠠ ᠪᠠᠷ ᠢᠶᠠᠨ ᠲᠡᠷᠭᠡ  ᠵᠤᠭᠰᠤᠭᠠᠬᠤ᠂ ᠵᠠᠬ᠎ᠠ ᠳᠡᠯᠭᠡᠭᠦᠷ ᠤᠨ ᠡᠮᠬᠢ ᠳᠢᠭᠯᠢᠮ ᠢ ᠰᠠᠮᠠᠭᠤᠷᠠᠭᠤᠯᠬᠤ ᠵᠡᠷᠭᠡ ᠠᠵᠢᠯᠯᠠᠭ᠎ᠠ ᠶᠢ ᠴᠡᠭᠴᠡᠯᠡᠨ ᠵᠠᠰᠠᠬᠤ ᠡᠷᠴᠢᠮ ᠢᠶᠠᠨ ᠴᠢᠩᠭᠠᠷᠠᠭᠤᠯᠤᠨ᠎ᠠ᠃ ᠰᠠᠭᠤᠭᠠᠯᠢ ᠠᠷᠠᠳ ᠤᠨ ᠬᠡᠪ ᠴᠢᠨᠠᠷ ᠢ ᠳᠡᠭᠡᠭᠰᠢᠯᠡᠭᠦᠯᠬᠦ ᠠᠵᠢᠯᠯᠠᠭ᠎ᠠ ᠶᠢ ᠬᠡᠷᠡᠭᠵᠢᠭᠦᠯᠵᠦ᠂ ᠠᠷᠠᠳ ᠢᠷᠭᠡᠳ ᠤᠨ ᠶᠣᠰᠣ ᠮᠣᠷᠠᠯ ᠤᠨ ᠪᠠᠶᠢᠭᠤᠯᠤᠯᠲᠠ ᠶᠢᠨ ᠢᠨᠵᠧᠨᠧᠷᠢᠩ ᠢ ᠠᠬᠢᠭᠤᠯᠤᠨ᠂ ᠥᠷᠭᠡᠨ ᠣᠯᠠᠨ ᠰᠠᠭᠤᠭᠠᠯᠢ ᠠᠷᠠᠳ ᠢ ᠬᠥᠲᠥᠯᠥᠨ ᠵᠢᠯᠣᠭᠤᠳᠴᠤ ᠪᠠᠶᠢᠭᠠᠳ ᠰᠠᠶᠢᠨ ᠰᠠᠶᠢᠬᠠᠨ ᠶᠣᠰᠣ ᠮᠣᠷᠠᠯ ᠬᠡᠪ ᠰᠤᠷᠲᠠᠯ ᠢ ᠪᠣᠶ ᠪᠣᠯᠭᠠᠵᠤ᠂ ᠥᠪᠡᠷᠲᠡᠭᠡᠨ ᠵᠠᠰᠠᠬᠤ ᠣᠷᠣᠨ ᠤ ᠪᠣᠯᠪᠠᠰᠤᠨ ᠬᠤᠲᠠ ᠶᠢ ᠢᠳᠡᠪᠬᠢᠲᠡᠶ ᠪᠠᠷ ᠡᠭᠦᠳᠦᠨ ᠪᠠᠶᠢᠭᠤᠯᠤᠨ᠎ᠠ᠃ ᠠᠷᠪᠢᠯᠠᠨ ᠭᠠᠮᠨᠠᠬᠤ ᠬᠡᠯᠪᠡᠷᠢ ᠶᠢᠨ ᠪᠠᠶᠢᠭᠤᠯᠭ᠎ᠠ᠂ ᠪᠣᠬᠢᠷᠲᠤᠯ ᠥᠬᠡᠶ ᠬᠡᠷ ᠪᠦᠯᠢ᠂ ᠪᠣᠬᠢᠷᠲᠤᠯ ᠥᠬᠡᠶ ᠨᠡᠶᠢᠭᠡᠮ ᠲᠣᠭᠤᠷᠢᠭ ᠵᠡᠷᠭᠡ ᠶᠢ ᠡᠭᠦᠳᠦᠨ ᠪᠠᠶᠢᠭᠤᠯᠬᠤ ᠠᠵᠢᠯᠯᠠᠭ᠎ᠠ ᠶᠢ ᠠᠬᠢᠭᠤᠯᠵᠤ᠂ ᠰᠠᠭᠤᠭᠠᠯᠢ ᠠᠷᠠᠳ ᠢ ᠥᠷᠭᠡᠨ ᠢᠶᠠᠷ  ᠲᠠᠶᠢᠴᠢᠯᠠᠨ ᠵᠢᠯᠣᠭᠤᠳᠴᠤ ᠪᠠᠶᠢᠭᠠᠳ ᠦᠵᠡᠰᠬᠦᠯᠡᠩᠲᠦ ᠰᠠᠶᠢᠬᠠᠨ ᠬᠡᠷ ᠣᠷᠣᠨ ᠤ ᠪᠥᠲᠥᠭᠡᠨ ᠪᠠᠶᠢᠭᠤᠯᠤᠭᠴᠢ᠂ ᠰᠠᠬᠢᠨ ᠬᠠᠮᠠᠭᠠᠯᠠᠭᠴᠢ ᠪᠣᠯᠭᠠᠬᠤ ᠪᠠᠷ ᠴᠢᠷᠮᠠᠶᠢᠨ᠎ᠠ᠃     ( ᠲᠠᠪᠤ ) ᠠᠷᠠᠳ ᠤᠨ ᠠᠮᠢᠳᠤᠷᠠᠯ ᠤᠨ ᠦᠢᠯᠡᠰ ᠤᠨ ᠡᠷᠡᠭᠦᠯ ᠢᠶᠠᠷ ᠬᠥᠭᠵᠢᠬᠦ ᠶᠢ ᠠᠬᠢᠭᠤᠯᠵᠤ᠂ ᠬᠠᠮᠲᠤ ᠪᠠᠷ ᠪᠠᠶᠢᠭᠤᠯᠵᠤ ᠬᠠᠮᠲᠤ ᠪᠠᠷ ᠵᠠᠰᠠᠵᠤ ᠬᠠᠮᠲᠤ ᠪᠠᠷ ᠡᠳ᠋ᠯᠡᠬᠦ ᠰᠢᠨ᠎ᠡ  ᠪᠦᠳᠦᠴᠡ ᠶᠢ  ᠴᠤᠭᠴᠠᠯᠠᠬᠤ ᠭᠡᠷᠡᠭᠳᠡᠢ᠃     ᠨᠡᠶᠢᠭᠡᠮ ᠤᠨ ᠪᠠᠳᠤᠯᠠᠭᠠᠨ ᠤ ᠰᠢᠰᠲ᠋ᠧᠮᠵᠢ ᠶᠢ ᠲᠠᠰᠤᠷᠠᠯᠲᠠ ᠤᠢᠭᠡᠢ ᠲᠡᠭᠦᠯᠳᠡᠷᠵᠢᠭᠦᠯᠦᠨ᠎ᠡ᠃ ᠠᠷᠭ᠎ᠠ ᠪᠦᠬᠦᠨ ᠎ ᠢ ᠰᠦᠪᠡᠭᠴᠢᠯᠡᠨ ᠠᠵᠢᠯ  ᠤᠯᠵᠤ ᠦᠢᠯᠡᠰ ᠪᠦᠳᠦᠭᠡᠬᠦ ᠶᠢ ᠠᠬᠢᠭᠤᠯᠵᠤ᠂  ᠡᠨᠡ  ᠵᠢᠯ 1 ᠲᠦᠮᠡᠨ ᠠᠵᠢᠯ ᠤᠨ ᠪᠠᠶᠢᠷᠢ ᠡᠯᠰᠡᠨ᠂ ᠬᠤᠲᠠ ᠪᠠᠯᠭᠠᠰᠤᠨ ᠤ ᠠᠵᠢᠯ ᠤᠯᠤᠭᠰᠠᠳ ᠢ 1000 ᠬᠥᠮᠦᠨ ᠨᠡᠮᠡᠭᠳᠡᠬᠦᠯᠵᠦ᠂ ᠬᠤᠲᠠ ᠪᠠᠯᠭᠠᠰᠤᠨ ᠤ ᠳᠠᠩᠰᠠᠯᠠᠭᠤᠯᠤᠭᠰᠠᠨ ᠠᠵᠢᠯ  ᠠᠯᠳᠠᠯᠳᠠ ᠶᠢᠨ ᠨᠣᠷᠮ᠎ᠠ ᠶᠢ 3.1 % ᠳᠣᠲᠣᠷ᠎ᠠ ᠬᠢᠵᠠᠭᠠᠷᠯᠠᠨ᠎ᠠ᠃ ᠦᠶᠯᠡᠰ  ᠪᠦᠳᠦᠬᠡᠬᠦ  ᠪᠠᠲᠤᠯᠠᠭᠠᠲᠤ ᠵᠢᠭᠡᠯᠡᠯᠭᠡ ᠶᠢ 1500 ᠲᠦᠮᠡᠨ ᠲᠥᠭᠦᠷᠢᠭ ᠲᠠᠷᠬᠠᠭᠠᠵᠤ᠂ ᠣᠯᠠᠨ ᠨᠡᠶᠢᠲᠡ ᠎ ᠶᠢᠨ ᠳᠠᠳᠤᠯᠭ᠎ᠠ ᠪᠣᠯᠪᠠᠰᠤᠷᠠᠯ ᠤᠨ ᠰᠠᠭᠤᠷᠢᠨ ᠭᠠᠵᠠᠷ ᠢ ᠠᠰᠢᠭᠯᠠᠯᠲᠠ ᠳᠤ  ᠤᠷᠤᠭᠤᠯᠤᠨ᠎ᠠ᠃ ᠪᠦᠬᠦ ᠠᠷᠠᠳ ᠢᠶᠠᠷ ᠎ ᠢᠶᠠᠨ ᠳᠠᠭᠠᠳᠬᠠᠯ ᠳᠤ ᠣᠷᠣᠯᠴᠠᠬᠤ᠂ ᠬᠤᠲᠠ ᠬᠥᠳᠡᠭᠡ ᠶᠢᠨ ᠨᠠᠭᠠᠳᠤ ᠵᠠᠬ᠎ᠠ ᠶᠢᠨ ᠠᠮᠢᠳᠤᠷᠠᠯ ᠤᠨ ᠪᠠᠲᠤᠯᠠᠭ᠎ᠠ᠂ ᠨᠡᠶᠢᠭᠡᠮ ᠤᠨ ᠠᠪᠤᠷᠠᠨ ᠲᠤᠰᠠᠯᠠᠯᠲᠠ᠂ ᠠᠰᠠᠷᠠᠮᠵᠢ ᠬᠠᠷᠠᠭᠠᠯᠵᠠᠯ ᠵᠡᠷᠭᠡ ᠳᠦᠷᠢᠮ ᠲᠣᠭᠲᠠᠴᠠ ᠶᠢ ᠪᠦᠷᠢᠨᠰᠢᠭᠦᠯᠦᠨ ᠲᠡᠭᠦᠯᠳᠡᠷᠵᠢᠭᠦᠯᠵᠦ᠂ 《 ᠪᠠᠳᠤᠯᠠᠬᠤ ᠵᠤᠬᠢᠰᠳᠠᠢ ᠶᠢ  ᠪᠠᠲᠤᠯᠠᠬᠤ᠂   ᠲᠡᠳᠬᠦᠬᠦ ᠵᠤᠬᠢᠰᠳᠠᠢ ᠶᠢ ᠲᠡᠳᠬᠦᠬᠦ 》᠎ ᠶᠢ ᠪᠡᠶᠡᠯᠡᠭᠦᠯᠦᠨ᠎ᠡ᠃  ᠨᠠᠰᠤᠵᠢᠯ ᠤᠨ ᠠᠰᠠᠷᠠᠮᠵᠢ ᠶᠢᠨ ᠦᠶᠯᠡᠴᠢᠯᠡᠭᠡᠨ ᠤ ᠰᠠᠭᠤᠷᠢ ᠶᠢ ᠤᠯᠠᠮ ᠨᠢᠭᠡ ᠠᠯᠬᠤᠮ ᠪᠠᠬᠢᠵᠢᠬᠦᠯᠦᠨ᠂ 《 ᠪᠠᠶᠢᠭᠤᠯᠤᠮᠵᠢ + ᠨᠡᠶᠢᠭᠡᠮ ᠲᠣᠭᠤᠷᠢᠭ + ᠬᠡᠷ ᠪᠦᠯᠢ 》 ᠨᠠᠰᠤᠵᠢᠯ ᠤᠨ ᠠᠰᠠᠷᠠᠮᠵᠢ ᠶᠢᠨ ᠦᠶᠯᠡᠴᠢᠯᠡᠭᠡᠨ ᠤ ᠵᠠᠭᠪᠤᠷ ᠢ ᠢᠳᠡᠪᠬᠢᠲᠡᠶ ᠭᠡᠷᠡᠭᠵᠢᠬᠦᠯᠵᠦ  ᠂  ᠡᠨᠡ  ᠵᠢᠯ ᠲᠠᠶᠢᠹᠤᠰᠧ ᠬᠤᠰᠢᠭᠤᠨ ᠤ  ᠨᠠᠰᠤᠵᠢᠯ ᠎ ᠤᠨ ᠠᠰᠠᠷᠠᠮᠵᠢ ᠶᠢᠨ ᠦᠢᠯᠡᠴᠢᠯᠡᠬᠡᠨ ᠤ ᠲᠦᠪ  ᠎ ᠢ ᠪᠠᠶᠢᠭᠤᠯᠬᠤ ᠪᠠᠷ ᠴᠢᠷᠮᠠᠶᠢᠨ᠎ᠠ᠃  ᠨᠡᠶᠢᠭᠡᠮ ᠤᠨ ᠦᠢᠯᠡᠰ ᠢ ᠪᠦᠬᠦ ᠲᠠᠯ᠎ᠠ ᠪᠠᠷ ᠬᠥᠭᠵᠢᠭᠦᠯᠦᠨ᠎ᠡ᠃ ᠪᠦᠬᠦ ᠠᠷᠠᠳ ᠢᠶᠠᠷ ᠢᠶᠠᠨ ᠰᠤᠷᠭᠠᠨ ᠬᠥᠮᠦᠵᠢᠯ ᠢ  ᠬᠦᠭᠵᠢᠬᠦᠯᠬᠦ ᠠᠵᠢᠯ ᠤᠨ ᠦᠷ᠎ᠡ ᠪᠦᠲᠦᠭᠡᠯ ᠢ ᠦᠷᠭᠦᠯᠵᠢᠯᠡᠨ ᠪᠠᠬᠢᠵᠢᠭᠦᠯᠦᠨ ᠥᠷᠭᠡᠳᠬᠡᠵᠦ᠂  ᠬᠤᠶᠠᠳᠤᠭᠠᠷ ᠲᠤᠮᠳᠠᠳᠤ ᠰᠤᠷᠭᠠᠭᠤᠯᠢ ᠶᠢᠨ ᠨᠡᠬᠦᠬᠦ ᠠᠵᠢᠯ ᠢ ᠡᠬᠢᠯᠡᠬᠦᠯᠦᠨ᠂ ᠲᠠᠪᠤᠳᠤᠭᠠᠷ ᠪᠠᠭ᠎ᠠ ᠰᠤᠷᠭᠠᠭᠤᠯᠢ ᠶᠢᠨ ᠲᠠᠮᠢᠷ ᠤᠨ ᠲᠠᠯᠠᠪᠠᠢ᠂  ᠬᠤᠶᠠᠳᠤᠭᠠᠷ ᠬᠡᠦᠬᠡᠳ ᠤᠨ ᠴᠡᠴᠡᠷᠯᠢᠭ᠂  ᠶᠠᠩ ᠭᠤᠸᠠᠩ ᠬᠡᠦᠬᠡᠳ ᠤᠨ ᠴᠡᠴᠡᠷᠯᠢᠭ ᠢ  ᠠᠰᠢᠭᠯᠠᠯᠲᠠ ᠳᠤ  ᠤᠷᠤᠭᠤᠯᠵᠤ᠂ ᠪᠠᠭᠰᠢ ᠶᠢ ᠬᠥᠮᠦᠵᠢᠭᠦᠯᠬᠦ ᠪᠠ ᠤᠷᠢᠨ ᠣᠷᠣᠭᠤᠯᠬᠤ  ᠡᠷᠴᠢᠮ ᠢᠶᠠᠨ ᠴᠢᠩᠭᠠᠷᠠᠭᠤᠯᠤᠨ  ᠂  ᠵᠢᠭᠠᠨ ᠰᠤᠷᠭᠠᠯᠲᠠ ᠶᠢᠨ  ᠶᠠᠰᠤ ᠴᠢᠨᠠᠷ ᠢ ᠪᠦᠬᠦ ᠬᠦᠴᠦᠨ ᠢᠶᠠᠷ ᠳᠡᠭᠡᠭᠰᠢᠯᠡᠭᠦᠯᠦᠨ᠎ᠡ᠃ ᠭᠤᠷᠪᠠᠨ ᠲᠦᠷᠦᠯ ᠤᠨ ᠬᠢᠴᠢᠶᠡᠯ ᠤᠨ ᠨᠢᠭᠡᠳᠦᠯᠲᠡᠢ ᠨᠠᠶᠢᠷᠠᠭᠤᠯᠤᠭᠰᠠᠨ ᠵᠢᠭᠠᠬᠤ ᠮᠠᠲ᠋ᠧᠷᠢᠶᠠᠯ ᠢ ᠬᠡᠷᠡᠭᠯᠡᠬᠦ ᠠᠵᠢᠯ ᠢ  ᠨᠢᠮᠪᠠᠢ ᠰᠠᠶᠢᠨ  ᠬᠢᠵᠦ᠂ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ  ᠪᠠᠳᠤᠳᠬᠠᠨ᠎ᠠ᠃ ᠡᠷᠡᠭᠦᠯ ᠬᠠᠮᠠᠭᠠᠯᠠᠯ ᠡᠷᠡᠭᠦᠯ ᠮᠡᠨᠳᠤ ᠎ ᠶᠢᠨ ᠦᠢᠯᠡᠰ ᠢ ᠶᠡᠭᠡ ᠪᠠᠷ ᠬᠥᠭᠵᠢᠭᠦᠯᠵᠦ᠂ ᠠᠯᠪᠠᠨ ᠠᠴᠠ ᠪᠠᠶᠢᠭᠤᠯᠤᠭᠰᠠᠨ ᠡᠮᠨᠡᠯᠭᠡ ᠶᠢᠨ ᠬᠤᠷᠢᠶᠠᠨ ᠤ ᠶᠡᠷᠦᠩᠬᠡᠶᠢᠯᠡᠭᠰᠡᠨ ᠥᠭᠡᠷᠡᠴᠢᠯᠡᠯᠲᠡ ᠶᠢ ᠭᠦᠨᠵᠡᠭᠡᠶᠢᠷᠡᠭᠦᠯᠦᠨ᠂ ᠱᠠᠳᠤ ᠬᠤᠪᠢᠶᠠᠨ ᠣᠨᠣᠰᠢᠯᠠᠨ ᠡᠮᠨᠡᠬᠦ ᠲᠦᠷᠢᠮ ᠢ ᠲᠡᠭᠦᠯᠳᠡᠷᠵᠢᠭᠦᠯᠵᠦ᠂  ᠪᠠᠴᠢᠮ ᠭᠡᠷᠡᠭᠰᠡᠬᠦ ᠴᠢᠳᠠᠪᠤᠷᠢᠳᠠᠨ ᠢ ᠤᠷᠢᠵᠤ ᠤᠷᠤᠭᠤᠯᠤᠨ᠂   ᠡᠮ ᠡᠮᠨᠡᠯᠭᠡ ᠶᠢᠨ ᠦᠢᠯᠡᠴᠢᠯᠡᠭᠡᠨ ᠤ ᠲᠦᠪᠰᠢᠨ ᠢ ᠳᠡᠭᠡᠭᠰᠢᠯᠡᠭᠦᠯᠦᠨ᠎ᠡ᠃ ᠡᠪᠡᠳᠴᠢᠨ ᠡᠮᠭᠡᠭ ᠢ ᠰᠡᠷᠭᠡᠢᠯᠡᠨ ᠡᠵᠡᠮᠳᠡᠬᠦ  ᠰᠢᠰᠲ᠋ᠧᠮᠵᠢ ᠎ ᠶᠢᠨ  ᠪᠠᠶᠢᠭᠤᠯᠤᠯᠳᠠ  ᠎ ᠶᠢ ᠭᠦᠨᠵᠡᠭᠡᠢ ᠠᠬᠢᠭᠤᠯᠵᠤ᠂ ᠬᠤᠰᠢᠭᠤ ᠡᠮᠨᠡᠯᠭᠡ ᠶᠢᠨ ᠬᠤᠷᠢᠶᠠᠨ ᠤ ᠬᠠᠯᠳᠠᠪᠤᠷᠢᠲᠤ ᠡᠪᠡᠳᠴᠢᠨ ᠤ ᠲᠣᠭᠤᠷᠢᠭ᠂  ᠬᠤᠯᠤᠭᠠᠨ᠎ᠠ ᠶᠢᠨ ᠬᠢᠵᠢᠭ  ᠭᠠᠷᠴᠤ ᠦᠩᠭᠡᠷᠡᠭᠰᠡᠨ ᠭᠠᠵᠠᠷ ᠣᠷᠣᠨ ᠤ ᠬᠢᠵᠢᠭ ᠰᠡᠷᠭᠡᠶᠢᠯᠡᠬᠦ ᠴᠡᠭ  ᠎ ᠢ  ᠠᠰᠢᠭᠯᠠᠯᠲᠠ ᠳᠤ ᠤᠷᠤᠭᠤᠯᠤᠨ᠂ ᠬᠢᠲᠠᠳ ᠮᠣᠩᠭᠤᠯ ᠡᠮᠨᠡᠯᠭᠡ ᠶᠢᠨ ᠬᠤᠷᠢᠶᠠᠨ ᠤ ᠤᠵᠢᠭ ᠡᠪᠡᠳᠴᠢᠨ ᠤ ᠬᠠᠮᠢᠶᠠᠷᠤᠯᠲᠠ ᠶᠢᠨ ᠲᠥᠪ᠂ ᠡᠪᠡᠳᠴᠢᠨ ᠡᠮᠭᠡᠭ ᠰᠡᠷᠭᠡᠶᠢᠯᠡᠨ ᠡᠵᠡᠮᠳᠡᠬᠦ ᠲᠥᠪ ᠤᠨ ᠲᠤᠷᠰᠢᠯᠲᠠ ᠶᠢᠨ ᠠᠰᠠᠷ ᠢ   ᠡᠬᠢᠯᠡᠵᠦ ᠪᠠᠶᠢᠭᠤᠯᠬᠤ ᠪᠠᠷ ᠴᠢᠷᠮᠠᠶᠢᠨ᠎ᠠ᠃ ᠬᠢᠵᠢᠭ ᠤᠨ ᠪᠠᠶᠢᠳᠠᠯ ᠢ ᠰᠡᠷᠭᠡᠶᠢᠯᠡᠨ ᠡᠵᠡᠮᠳᠡᠬᠦ  ᠪᠠᠶᠢᠩᠭᠤᠵᠢᠭᠰᠠᠨ ᠠᠷᠭ᠎ᠠ ᠠᠪᠴᠢᠯ ᠢ  ᠴᠢᠩᠭ᠎ᠠ ᠨᠢᠮᠪᠠᠢ ᠨᠠᠶᠢᠳᠠᠪᠤᠷᠢᠵᠢᠭᠤᠯᠵᠤ᠂   ᠰᠡᠷᠭᠡᠶᠢᠯᠡᠯᠳᠡ ᠶᠢᠨ  ᠲᠠᠷᠢᠯᠭ᠎ᠠ  ᠎ ᠶᠢᠨ ᠠᠵᠢᠯ ᠢ ᠡᠮᠬᠢ ᠵᠢᠷᠤᠮ ᠲᠠᠢ ᠪᠠᠷ ᠠᠬᠢᠭᠤᠯᠬᠤ ᠬᠡᠷᠡᠭᠲᠡᠶ᠃ ᠰᠣᠶᠣᠯ ᠲᠠᠮᠢᠷ ᠤᠨ ᠦᠢᠯᠡᠰ ᠤᠨ ᠬᠥᠭᠵᠢᠯᠲᠡ ᠶᠢ  ᠲᠦᠷᠭᠡᠳᠬᠡᠨ᠂ ᠮᠦᠽᠧᠢ᠂ ᠰᠣᠶᠣᠯ ᠤᠨ ᠣᠷᠳᠣᠨ᠂ ᠲᠠᠮᠢᠷ ᠤᠨ ᠤᠷᠳᠤᠨ ᠵᠡᠷᠭᠡ ᠲᠥᠷᠥᠯ ᠵᠦᠢᠯ ᠤᠨ ᠪᠠᠶᠢᠭᠤᠯᠤᠯᠲᠠ ᠶᠢ ᠠᠬᠢᠭᠤᠯᠵᠤ᠂ ᠤᠯᠠᠭᠠᠨᠮᠥ᠋ᠴᠢᠷ ᠤᠨ ᠤᠷᠠᠯᠢᠭ ᠤᠨ ᠲᠥᠪ ᠢ  ᠪᠠᠶᠢᠭᠤᠯᠵᠤ ᠠᠰᠢᠭᠯᠠᠯᠲᠠ ᠳᠤ ᠣᠷᠣᠭᠤᠯᠤᠨ᠎ᠠ᠃   ᠨᠡᠶᠢᠭᠡᠮ ᠤᠨ ᠵᠠᠰᠠᠯᠲᠠ ᠶᠢ ᠴᠢᠩᠭᠠᠳᠬᠠᠬᠤ ᠶᠢᠨ ᠬᠠᠮᠳᠤ ᠰᠢᠨᠡᠴᠢᠯᠡᠨ᠎ᠡ᠃ ᠵᠥᠷᠢᠴᠡᠯ ᠵᠢᠭᠤᠷᠠᠭᠠᠨ ᠢ ᠣᠯᠠᠨ ᠡᠰᠢᠵᠢᠭᠦᠯᠦᠨ ᠰᠢᠢᠳᠪᠦᠷᠢᠯᠡᠬᠦ ᠲᠣᠭᠲᠠᠴᠠ ᠶᠢ ᠪᠦᠷᠢᠨᠰᠢᠭᠦᠯᠵᠦ᠂ ᠳᠠᠪᠬᠤᠷᠳᠠᠭᠰᠠᠨ ᠵᠠᠬᠢᠳᠠᠯ ᠰᠤᠷᠪᠤᠯᠵᠢᠯᠠᠭ᠎ᠠ ᠶᠢᠨ ᠵᠠᠰᠠᠯᠲᠠ᠂ ᠵᠠᠬᠢᠳᠠᠯ ᠰᠤᠷᠪᠤᠯᠵᠢᠯᠠᠭ᠎ᠠ ᠶᠢᠨ ᠳᠠᠷᠤᠭᠳᠠᠮᠠᠯ ᠬᠡᠷᠡᠭ ᠢ ᠰᠢᠢᠳᠪᠦᠷᠢᠯᠡᠬᠦ ᠲᠤᠰᠬᠠᠢ ᠠᠵᠢᠯᠯᠠᠭ᠎ᠠ ᠶᠢ ᠦᠷᠭᠦᠯᠵᠢᠯᠡᠨ ᠥᠷᠨᠢᠭᠦᠯᠦᠨ᠎ᠡ᠃  ᠦᠨᠳᠦᠰᠦᠨ ᠱᠠᠳᠤᠨ ᠤ ᠬᠠᠤᠯᠢ  ᠭᠡᠷᠡᠭᠵᠢᠬᠦᠯᠬᠦ ᠴᠢᠳᠠᠪᠤᠷᠢ ᠶᠢᠨ ᠪᠠᠶᠢᠭᠤᠯᠤᠯᠳᠠ ᠶᠢ ᠴᠢᠩᠭᠠᠳᠬᠠᠵᠤ᠂   ᠲᠦᠷᠢᠮᠵᠢᠭᠰᠡᠨ ᠬᠠᠤᠯᠢ ᠭᠡᠷᠡᠭᠵᠢᠬᠦᠯᠬᠦ ᠬᠢᠷᠢ ᠲᠦᠪᠰᠢᠨ ᠢ ᠲᠡᠭᠡᠭᠰᠢᠯᠡᠬᠦᠯᠦᠨ᠎ᠡ᠃ ᠪᠠᠶᠢᠭᠠᠯᠢ ᠶᠢᠨ ᠭᠠᠮᠰᠢᠭ ᠤᠨ ᠶᠡᠷᠦᠩᠬᠡᠶᠢᠯᠡᠭᠰᠡᠨ ᠲᠦᠭᠰᠢᠭᠦᠷᠢ ᠶᠢᠨ ᠨᠡᠶᠢᠳᠡᠮ ᠪᠠᠶᠢᠴᠠᠭᠠᠯᠲᠠ ᠎ ᠶᠢᠨ ᠠᠵᠢᠯ ᠢ ᠡᠬᠢᠯᠡᠭᠦᠯᠵᠦ᠂ ᠠᠶᠤᠯᠭᠦᠢ ᠦᠢᠯᠡᠳᠪᠦᠷᠢᠯᠡᠯ ᠤᠨ ᠲᠤᠰᠬᠠᠢ  ᠴᠡᠭᠴᠡᠯᠡᠯᠳᠡ ᠶᠢᠨ ᠭᠤᠷᠪᠠᠨ ᠵᠢᠯ ᠤᠨ ᠠᠵᠢᠯᠯᠠᠭ᠎ᠠ ᠶᠢ ᠭᠦᠨᠵᠡᠭᠡᠢ  ᠠᠬᠢᠭᠤᠯᠤᠨ᠂ ᠡᠯ᠎ᠡ ᠲᠦᠷᠦᠯ ᠤᠨ ᠦᠢᠯᠡᠳᠪᠦᠷᠢᠯᠡᠯ ᠤᠨ ᠤᠰᠤᠯ ᠠᠳᠡᠯ ᠢ ᠡᠷᠡᠰ ᠰᠡᠷᠭᠡᠶᠢᠯᠡᠨ ᠬᠤᠷᠢᠭᠯᠠᠨ᠎ᠠ᠃ ᠢᠳᠡᠭᠡᠨ ᠪᠠ ᠡᠮ ᠤᠨ ᠵᠦᠶᠯ ᠤᠨ ᠠᠮᠤᠷ ᠲᠦᠪᠰᠢᠨ ᠢ ᠦᠨᠡᠨᠬᠦ ᠪᠠᠲᠤᠯᠠᠵᠤ᠂ ᠭᠠᠳᠠᠭᠠᠳᠤ ᠠᠴᠠ ᠣᠷᠣᠭᠤᠯᠤᠭᠰᠠᠨ ᠬᠦᠶᠲᠡᠨ ᠬᠡᠯᠬᠢᠶᠡᠲᠦ ᠢᠳᠡᠭᠡᠨ ᠤ ᠮᠥᠷᠳᠡᠨ ᠤᠬᠤᠴᠢᠯᠠᠬᠤ ᠰᠢᠰᠲ᠋ᠧᠮᠵᠢ ᠪᠠ ᠡᠮ ᠤᠨ ᠵᠦᠶᠯ ᠤᠨ ᠣᠶᠤᠨᠴᠢ ᠬᠢᠨᠠᠯᠲᠠ ᠬᠠᠮᠢᠶᠠᠷᠤᠯᠲᠠ ᠶᠢᠨ ᠲᠠᠪᠴᠠᠩ ᠤᠨ ᠪᠠᠶᠢᠭᠤᠯᠤᠯᠲᠠ ᠶᠢ ᠠᠬᠢᠭᠤᠯᠤᠨ᠎ᠠ᠃ ᠬᠠᠷ᠎ᠠ ᠪᠦᠯᠦᠭᠲᠡᠨ ᠬᠠᠷᠭᠢᠰ ᠬᠦᠴᠦᠨ ᠢ ᠠᠷᠢᠯᠭᠠᠬᠤ ᠲᠤᠰᠬᠠᠶ ᠲᠡᠮᠡᠴᠡᠯ ᠢ ᠪᠠᠶᠢᠩᠭᠤᠵᠢᠭᠤᠯᠤᠨ ᠥᠷᠨᠢᠭᠦᠯᠵᠦ᠂ ᠡᠯ᠎ᠡ ᠲᠥᠷᠥᠯ ᠤᠨ ᠬᠠᠤᠯᠢ ᠠᠴᠠ ᠵᠥᠷᠢᠴᠡᠭᠰᠡᠨ ᠶᠠᠯᠠᠲᠤ ᠠᠵᠢᠯᠯᠠᠭ᠎ᠠ ᠳᠤ ᠴᠢᠩᠭ᠎ᠠ ᠴᠣᠬᠢᠯᠲᠠ ᠥᠭᠭᠦᠨ᠎ᠡ᠃ ᠮᠥᠩᠭᠦᠨ ᠭᠦᠶᠯᠭᠡᠭᠡᠨ ᠤ ᠲᠦᠭᠰᠢᠭᠦᠷᠢ ᠶᠢ ᠠᠷᠢᠯᠭᠠᠬᠤ ᠪᠠ  ᠰᠡᠷᠭᠡᠶᠢᠯᠡᠬᠦ ᠠᠵᠢᠯ ᠢ ᠦᠷᠭᠦᠯᠵᠢᠯᠡᠨ ᠰᠠᠶᠢᠲᠤᠷ ᠠᠳᠬᠤᠵᠤ᠂ ᠣᠷᠣᠨ ᠪᠦᠰᠡ ᠶᠢᠨ ᠴᠢᠨᠠᠷᠲᠠᠶ ᠮᠥᠩᠭᠦᠨ ᠭᠦᠶᠯᠭᠡᠭᠡᠨ ᠤ ᠲᠦᠭᠰᠢᠭᠦᠷᠢ ᠥᠯᠥ ᠡᠭᠦᠰᠬᠦ  ᠎ ᠶᠢ ᠪᠠᠳᠤᠯᠠᠨ᠎ᠠ᠃ 《 ᠭᠤᠷᠪᠠᠨ ᠰᠠᠯᠵᠤ ᠴᠢᠳᠠᠰᠢ ᠦᠭᠡᠢ 》  ᠂《 ᠲᠠᠪᠤᠨ ᠬᠠᠮᠲᠤ ᠶᠢᠨ ᠲᠠᠨᠢᠯᠲᠠ 》 ᠵᠡᠷᠭᠡ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠤᠬᠠᠭᠤᠯᠭ᠎ᠠ ᠬᠥᠮᠦᠵᠢᠯ  ᠪᠠ ᠡᠬᠦᠳᠦᠨ ᠪᠠᠶᠢᠭᠤᠯᠬᠤ ᠠᠵᠢᠯᠯᠠᠭ᠎ᠠ ᠶᠢ ᠥᠷᠭᠡᠨ ᠢᠶᠠᠷ ᠥᠷᠨᠢᠭᠦᠯᠵᠦ᠂ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠰᠠᠶᠢᠨ ᠰᠠᠶᠢᠬᠠᠨ ᠪᠠᠶᠢᠳᠠᠯ ᠢ ᠲᠠᠰᠤᠷᠠᠯᠲᠠ ᠦᠭᠡᠢ ᠪᠠᠬᠢᠵᠢᠭᠦᠯᠦᠨ ᠬᠥᠭᠵᠢᠭᠦᠯᠦᠨ᠎ᠡ᠃ ᠬᠤᠶᠠᠷ ᠢ ᠬᠦᠷᠢᠶᠡᠯᠡᠵᠦ ᠬᠠᠮᠲᠤ ᠪᠠᠷ ᠪᠠᠶᠢᠭᠤᠯᠬᠤ᠂  ᠬᠠᠮ ᠵᠠᠭᠤᠴᠢᠯᠠᠭᠤᠷ ᠤᠨ ᠪᠠᠶᠢᠭᠤᠯᠤᠯᠳᠠ᠂ ᠲᠠᠩᠰᠠ ᠡᠪᠬᠡᠮᠡᠯ ᠲᠡᠦᠬᠡ ᠣᠶᠢᠯᠠᠯᠭ᠎ᠠ᠂ ᠴᠠᠭ ᠠᠭᠤᠷ ᠤᠨ ᠬᠢᠨᠠᠨ ᠬᠡᠮᠵᠢᠯᠲᠡ ᠵᠡᠷᠭᠡ ᠠᠵᠢᠯ ᠢ ᠪᠥᠬᠦ ᠲᠠᠯ᠎ᠠ ᠪᠠᠷ ᠴᠢᠩᠭᠠᠳᠬᠠᠵᠤ᠂ ᠵᠡᠮᠳᠡᠭᠴᠦᠳ ᠤᠨ ᠬᠤᠯᠪᠣᠭ᠎ᠠ᠂ ᠡᠮᠡᠭᠲᠡᠶᠢᠴᠦᠳ ᠤᠨ ᠬᠤᠯᠪᠣᠭ᠎ᠠ᠂ ᠤᠳᠬ᠎ᠠ ᠤᠷᠠᠯᠢᠭ ᠤᠨ ᠬᠢᠨ ᠤ ᠬᠤᠯᠪᠣᠭ᠎ᠠ᠂ ᠠᠵᠢᠯᠴᠢᠨ ᠤ ᠡᠪᠯᠡᠯ᠂ ᠤᠯᠠᠭᠠᠨ ᠵᠠᠭᠠᠯᠮᠠᠶᠢᠲᠠᠨ ᠤ ᠡᠪᠯᠡᠯ᠂  ᠵᠠᠯᠠᠭᠤᠴᠤᠳ ᠎ ᠤᠨ ᠡᠪᠯᠡᠯ ᠵᠡᠷᠭᠡ ᠠᠵᠢᠯ ᠦᠶᠯᠡᠰ ᠤᠨ ᠬᠥᠭᠵᠢᠯᠲᠡ ᠶᠢ ᠬᠠᠯᠠᠮᠵᠢᠯᠠᠨ ᠳᠡᠮᠵᠢᠨ᠎ᠡ᠃     ᠠᠷᠠᠳ ᠤᠨ ᠠᠮᠢᠳᠤᠷᠠᠯ  ᠎ ᠳᠤ ᠬᠤᠯᠪᠤᠭᠳᠠᠭᠰᠠᠨ ᠪᠣᠳᠠᠲᠤ  ᠠᠵᠢᠯ ᠢ ᠠᠷᠠᠳ ᠤᠨ ᠲᠦᠯᠦᠭᠡᠯᠡᠭᠴᠢᠳ ᠪᠢᠯᠧᠲ ᠎ ᠢᠶᠠᠷ  ᠰᠢᠢᠳᠬᠦ ᠲᠦᠷᠢᠮ ᠢ ᠦᠷᠭᠦᠯᠵᠢᠯᠡᠨ ᠰᠠᠶᠢᠲᠤᠷ  ᠠᠳᠬᠤᠬᠤ ᠭᠡᠷᠡᠭᠳᠡᠢ᠃ 2020 ᠤᠨ ᠳᠤ ᠠᠮᠠᠯᠳᠠᠭᠰᠠᠨ 7 ᠪᠤᠳᠠᠳᠠᠢ ᠠᠵᠢᠯ ᠤᠨ ᠲᠤᠳᠤᠷ᠎ᠠ ᠠᠴᠠ 5  ᠎ ᠨᠢ ᠨᠢᠬᠡᠨᠳᠡ ᠪᠦᠳᠦᠮᠵᠢᠳᠡᠢ  ᠰᠢᠢᠳᠪᠦᠷᠢᠯᠡᠭᠳᠡᠵᠦ᠂  ᠦᠯᠡᠳᠡᠭᠰᠡᠨ 2 ᠎ ᠢ ᠨᠢ ᠶᠠᠭ  ᠪᠦᠬᠦ ᠬᠦᠴᠦᠨ ᠢᠶᠠᠷ ᠠᠬᠢᠭᠤᠯᠵᠤ ᠪᠠᠶᠢᠭ᠎ᠠ ᠶᠤᠮ᠃  ᠡᠨᠡ ᠵᠢᠯ ᠲᠤᠤᠷᠠᠬᠢ ᠮᠡᠳᠦ ᠬᠡᠳᠦᠨ  ᠵᠦᠢᠯ ᠤᠨ ᠪᠤᠳᠠᠳᠠᠢ ᠠᠵᠢᠯ ᠢ ᠬᠢᠬᠦ ᠪᠠᠷ ᠴᠢᠷᠮᠠᠶᠢᠨ᠎ᠠ᠄ ᠨᠢᠭᠡ ᠳᠤ  ᠂ 11 ᠬᠠᠭᠤᠴᠢᠨ ᠰᠠᠭᠤᠭᠠᠯᠢ ᠲᠣᠭᠤᠷᠢᠭ ᠢ ᠥᠭᠡᠷᠡᠴᠢᠯᠡᠨ ᠪᠠᠶᠢᠭᠤᠯᠵᠤ᠂  ᠰᠠᠭᠤᠭᠠᠯᠢ ᠠᠷᠠᠳ ᠤᠨ ᠣᠷᠣᠨ ᠰᠠᠭᠤᠴᠠ ᠶᠢᠨ ᠨᠥᠬᠦᠴᠡᠯ ᠠᠨᠠᠶ  ᠪᠠᠶᠢᠭ᠎ᠠ ᠠᠰᠠᠭᠤᠳᠠᠯ ᠢ ᠰᠢᠶᠳᠪᠦᠷᠢᠯᠡᠨ᠎ᠡ᠃  ᠬᠤᠶᠠᠷ ᠲᠤ᠂  ᠣᠷᠣᠰᠢᠭᠤᠯᠭ᠎ᠠ ᠶᠢᠨ ᠦᠢᠯᠡᠴᠢᠯᠡᠭᠡᠨ ᠤ ᠭᠠᠵᠠᠷ ᠪᠣᠯᠤᠨ ᠨᠡᠶᠢᠲᠡ ᠶᠢᠨ ᠣᠩᠭᠤᠨ ᠢ ᠠᠰᠢᠭᠯᠠᠯᠲᠠ ᠳᠤ  ᠤᠷᠤᠭᠤᠯᠵᠤ  ᠂ ᠬᠤᠲᠠ ᠪᠠᠯᠭᠠᠰᠤᠨ ᠤ ᠡᠷᠭᠢᠨ ᠲᠣᠭᠤᠷᠢᠨ ᠳᠠᠬᠢ ᠳᠤᠷ᠎ᠠ ᠪᠠᠷ ᠎ ᠢᠶᠠᠨ ᠪᠤᠯᠠᠰᠢᠯᠠᠵᠤ ᠣᠷᠣᠰᠢᠭᠤᠯᠬᠤ ᠠᠰᠠᠭᠤᠳᠠᠯ ᠢ  ᠰᠢᠢᠳᠪᠦᠷᠢᠯᠡᠨ᠎ᠡ᠃  ᠭᠤᠷᠪᠠ ᠳᠤ᠂  ᠬᠤᠰᠢᠭᠤᠨ ᠤ ᠤᠮᠪᠠᠯᠲᠠ ᠎ ᠶᠢᠨ ᠣᠷᠳᠣᠨ  ᠎ ᠤ ᠪᠠᠶᠢᠭᠤᠯᠤᠯᠳᠠ ᠶᠢ ᠡᠬᠢᠯᠡᠬᠦᠯᠵᠦ᠂  ᠤᠯᠠᠨ ᠲᠦᠮᠡᠨᠴᠢ ᠴᠢᠨᠠᠷᠳᠠᠢ ᠪᠡᠶ᠎ᠡ ᠶᠢᠨ ᠲᠠᠮᠢᠷ ᠤᠨ ᠲᠦᠬᠦᠭᠡᠷᠦᠮᠵᠢ ᠶᠢᠨ ᠲᠤᠳᠠᠭᠤᠳᠠᠯ ᠢ  ᠨᠦᠬᠦᠪᠦᠷᠢᠯᠡᠨ᠎ᠡ᠃ ᠳᠥᠷᠪᠡ ᠳᠤ᠂  ᠶᠠᠩ ᠭᠤᠸᠠᠩ ᠭᠤᠷᠪᠠᠳᠤᠭᠠᠷ ᠬᠤᠭᠤᠴᠠᠭᠠᠨ ᠤ ᠰᠠᠭᠤᠭᠠᠯᠢ ᠲᠣᠭᠤᠷᠢᠭ ᠢ ᠡᠬᠢᠯᠡᠨ ᠪᠠᠶᠢᠭᠤᠯᠵᠤ᠂  ᠦᠯᠡᠳᠡᠵᠦ ᠪᠠᠶᠢᠭ᠎ᠠ 175 ᠡᠷᠦᠬᠡ ᠶᠢᠨ ᠣᠷᠣᠨ ᠰᠠᠭᠤᠴᠠ ᠶᠢᠨ ᠠᠰᠠᠭᠤᠳᠠᠯ ᠢ ᠰᠢᠢᠳᠪᠦᠷᠢᠯᠡᠨ᠎ᠡ᠃  ᠲᠠᠪᠤ ᠳᠤ᠂ ᠬᠠᠭᠤᠴᠢᠨ ᠲᠤᠭᠤᠷᠢᠭ ᠤᠨ ᠤᠰᠤᠨ ᠤ ᠦᠢᠯᠡᠳᠪᠦᠷᠢ ᠶᠢᠨ ᠤᠰᠤᠨ ᠤ ᠴᠢᠨᠠᠷ ᠢ ᠰᠢᠯᠭᠠᠨ ᠬᠡᠮᠵᠢᠬᠦ ᠴᠢᠳᠠᠪᠤᠷᠢ ᠶᠢ  ᠴᠢᠩᠭᠠᠷᠠᠭᠤᠯᠬᠤ ᠲᠦᠷᠦᠯ ᠵᠦᠢᠯ ᠢ  ᠭᠡᠷᠡᠭᠵᠢᠬᠦᠯᠵᠦ᠂  ᠤᠰᠤᠨ ᠤ ᠴᠢᠨᠠᠷ ᠢ ᠤᠯᠠᠮ ᠰᠠᠶᠢᠵᠢᠷᠠᠭᠤᠯᠤᠨ᠎ᠠ᠃  ᠵᠢᠷᠭᠤᠭ᠎ᠠ ᠳᠤ᠂ ᠬᠤᠰᠢᠭᠤ ᠲᠤᠭᠤᠷᠢᠭ ᠤᠨ ᠨᠡᠶᠢᠳᠡ ᠶᠢᠨ ᠵᠠᠮ ᠬᠠᠷᠢᠯᠴᠠᠭᠠᠨ ᠤ ᠲᠦᠷᠦᠯ ᠵᠦᠢᠯ  ᠎ ᠤᠨ ᠪᠠᠶᠢᠭᠤᠯᠤᠯᠳᠠ ᠶᠢ  ᠬᠢᠵᠦ᠂  ᠵᠠᠮ ᠨᠡᠪᠳᠡᠷᠡᠯᠬᠡ ᠶᠢᠨ ᠴᠢᠨᠠᠷ ᠲᠡᠰ ᠢ ᠲᠡᠭᠡᠭᠰᠢᠯᠡᠬᠦᠯᠦᠨ᠎ᠡ᠃  ᠲᠤᠯᠤᠭ᠎ᠠ ᠳᠤ᠂ ᠰᠠᠭᠤᠭᠠᠯᠢ ᠲᠤᠭᠤᠷᠢᠭ ᠤᠨ ᠠᠳᠠᠯ ᠠᠬᠤᠢ ᠶᠢᠨ ᠬᠠᠮᠢᠶᠠᠷᠤᠯᠳᠠ ᠪᠠ ᠦᠢᠯᠡᠴᠢᠯᠡᠭᠡ ᠶᠢ ᠰᠠᠶᠢᠵᠢᠷᠠᠭᠤᠯᠬᠤ ᠤᠨ ᠤ ᠠᠵᠢᠯᠯᠠᠭ᠎ᠠ ᠶᠢ ᠦᠷᠬᠦᠯᠵᠢᠯᠡᠨ ᠦᠷᠨᠢᠬᠦᠯᠵᠦ᠂  ᠠᠳᠠᠯ ᠠᠬᠤᠢ ᠶᠢᠨ ᠬᠠᠮᠢᠶᠠᠷᠤᠯᠳᠠ ᠶᠢᠨ  ᠲᠤᠪᠤᠶᠢᠮ᠎ᠠ ᠠᠰᠠᠭᠤᠳᠠᠯ ᠢ ᠬᠦᠴᠦᠯᠡᠨ ᠰᠢᠢᠳᠪᠦᠷᠢᠯᠡᠨ᠎ᠡ᠃     ᠲᠥᠯᠥᠭᠡᠯᠡᠭᠴᠢᠳ ᠡ᠂ ᠰᠢᠨ᠎ᠡ ᠠᠶᠠᠨ ᠵᠠᠮ ᠪᠢᠳᠠᠨ ᠳᠤ ᠰᠢᠨ᠎ᠡ ᠡᠭᠦᠷᠭᠡ ᠲᠠᠭᠠᠭᠠᠯᠭᠠᠵᠤ ᠪᠠᠶᠢᠨ᠎ᠠ᠃ ᠪᠢᠳᠡ ᠡᠷᠬᠡᠪᠰᠢ ᠵᠠᠰᠠᠭ ᠤᠨ ᠣᠷᠳᠣᠨ ᠤ ᠵᠠᠰᠠᠯᠲᠠ ᠶᠢᠨ ᠰᠢᠰᠲ᠋ᠧᠮ ᠪᠣᠯᠤᠨ ᠵᠠᠰᠠᠯᠲᠠ ᠶᠢᠨ ᠴᠢᠳᠠᠪᠤᠷᠢ ᠶᠢᠨ ᠣᠳᠣᠬᠢᠴᠢᠯᠠᠯᠲᠠ ᠶᠢᠨ ᠲᠦᠪᠰᠢᠨ ᠢ ᠲᠦᠷᠭᠡᠳᠬᠡᠨ ᠳᠡᠭᠡᠭᠰᠢᠯᠡᠭᠦᠯᠵᠦ᠂  ᠦᠢᠯᠡᠴᠢᠯᠡᠬᠦ ᠬᠡᠯᠪᠡᠷᠢ ᠶᠢᠨ ᠵᠠᠰᠠᠭ ᠤᠨ ᠣᠷᠳᠣᠨ ᠢ ᠪᠠᠶᠢᠭᠤᠯᠬᠤ ᠬᠡᠷᠡᠭᠲᠡᠢ᠃ ᠤᠯᠤᠰ ᠲᠥᠷᠥ ᠶᠢᠨ ᠪᠠᠶᠢᠭᠤᠯᠤᠯᠲᠠ ᠶᠢ ᠴᠢᠩᠭᠠᠳᠬᠠᠨ᠎ᠠ᠃  ᠴᠠᠭ ᠢᠮᠠᠭᠲᠠ ᠣᠭ ᠰᠠᠨᠠᠭ᠎ᠠ ᠪᠠᠨ ᠥᠯᠥ  ᠮᠠᠷᠳᠠᠨ᠂ ᠡᠭᠦᠷᠭᠡ ᠬᠠᠷᠢᠭᠤᠴᠠᠯᠭ᠎ᠠ ᠪᠠᠨ ᠪᠠᠲᠤ ᠴᠡᠭᠡᠵᠢᠯᠡᠵᠦ᠂ ᠵᠠᠰᠠᠭ ᠤᠨ ᠣᠷᠳᠣᠨ ᠤ ᠰᠢᠰᠲ᠋ᠧᠮ ᠤᠨ ᠨᠠᠮ ᠤᠨ ᠪᠠᠶᠢᠭᠤᠯᠤᠯᠲᠠ ᠶᠢ ᠪᠥᠬᠦ ᠲᠠᠯ᠎ᠠ ᠪᠠᠷ ᠴᠢᠩᠭᠠᠳᠬᠠᠵᠤ᠂ ᠤᠯᠤᠰ ᠲᠥᠷᠥ ᠶᠢᠨ ᠰᠠᠬᠢᠯᠭ᠎ᠠ ᠪᠠᠲᠤ ᠪᠠ ᠤᠯᠤᠰ ᠲᠥᠷᠥ ᠶᠢᠨ ᠶᠣᠰᠣ ᠲᠦᠷᠢᠮ ᠢ ᠴᠢᠩᠭ᠎ᠠ ᠰᠠᠬᠢᠨ᠂ 《 ᠳᠥᠷᠪᠡᠨ ᠤᠬᠠᠮᠰᠠᠷ 》᠎ ᠢ ᠴᠢᠩᠭᠠᠳᠬᠠᠵᠤ᠂ 《 ᠳᠥᠷᠪᠡᠨ ᠢᠲᠡᠭᠡᠯ 》᠎ ᠢ   ᠪᠠᠳᠤᠳᠬᠠᠨ᠂ 《 ᠬᠤᠶᠠᠷ ᠢ ᠬᠠᠮᠠᠭᠠᠯᠠᠬᠤ 》᠎ ᠶᠢ  ᠪᠡᠶᠡᠯᠡᠬᠦᠯᠵᠦ᠂ ᠦᠵᠡᠯ ᠤᠬᠠᠮᠰᠠᠷ ᠤᠨ ᠬᠡᠯᠪᠡᠷᠢ ᠶᠢᠨ ᠠᠵᠢᠯ ᠤᠨ ᠬᠠᠷᠢᠭᠤᠴᠠᠯᠭ᠎ᠠ ᠶᠢᠨ ᠲᠦᠷᠢᠮ ᠢ ᠴᠢᠩᠭ᠎ᠠ  ᠨᠠᠶᠢᠳᠠᠪᠤᠷᠢᠵᠢᠭᠤᠯᠤᠨ᠂  ᠨᠠᠮ ᠤᠨ ᠲᠡᠦᠬᠡ ᠶᠢᠨ ᠰᠤᠷᠤᠯᠴᠠᠯᠭ᠎ᠠ ᠬᠦᠮᠦᠵᠢᠯ ᠢ ᠬᠦᠨᠵᠡᠬᠡᠢ ᠦᠷᠨᠢᠬᠦᠯᠵᠦ᠂ ᠤᠯᠤᠰ ᠲᠥᠷᠥ ᠶᠢᠨ ᠮᠠᠭᠠᠳᠯᠠᠬᠤ ᠴᠢᠳᠠᠪᠤᠷᠢ᠂ ᠤᠯᠤᠰ ᠲᠥᠷᠥ ᠶᠢᠨ  ᠤᠬᠠᠪᠤᠷᠢᠯᠠᠬᠤ ᠴᠢᠳᠠᠪᠤᠷᠢ᠂ ᠤᠯᠤᠰ ᠲᠥᠷᠥ ᠶᠢᠨ ᠬᠡᠷᠡᠭᠵᠢᠭᠦᠯᠬᠦ ᠴᠢᠳᠠᠪᠤᠷᠢ ᠪᠠᠨ ᠲᠠᠰᠤᠷᠠᠯᠲᠠ ᠥᠬᠡᠶ  ᠴᠢᠩᠭᠠᠷᠠᠭᠤᠯᠬᠤ ᠭᠡᠷᠡᠭᠳᠡᠢ᠃  ᠬᠠᠤᠯᠢᠵᠢᠯ ᠤᠨ ᠪᠠᠶᠢᠭᠤᠯᠤᠯᠲᠠ ᠎ ᠶᠢ ᠴᠢᠩᠭᠠᠳᠬᠠᠨ᠎ᠠ᠃  ︽ᠨᠠᠢᠮᠠᠳᠤᠭᠠᠷ ᠲᠠᠪᠤᠨ ᠵᠢᠯ︾  ᠎ ᠤᠨ  ᠬᠠᠤᠯᠢ ᠲᠦᠭᠡᠮᠡᠯᠵᠢᠭᠦᠯᠬᠦ ᠠᠵᠢᠯ ᠢ ᠪᠦᠬᠦ ᠲᠠᠯ᠎ᠠ ᠪᠠᠷ ᠥᠷᠨᠢᠭᠦᠯᠵᠦ᠂ ᠪᠦᠬᠦ ᠠᠷᠠᠳ ᠤᠨ ᠬᠠᠤᠯᠢᠵᠢᠯ ᠤᠨ  ᠬᠡᠪ ᠪᠣᠯᠪᠠᠰᠤᠷᠠᠯ ᠪᠠ ᠨᠡᠶᠢᠭᠡᠮ ᠳᠠᠶᠠᠭᠠᠷ ᠤᠨ ᠬᠠᠤᠯᠢ ᠰᠤᠷᠬᠤ ᠬᠠᠤᠯᠢ ᠰᠠᠬᠢᠬᠤ ᠬᠠᠤᠯᠢ ᠬᠡᠷᠡᠭᠯᠡᠬᠦ ᠤᠬᠠᠮᠰᠠᠷ ᠢ ᠲᠠᠰᠤᠷᠠᠯᠲᠠ ᠦᠭᠡᠢ ᠲᠡᠭᠡᠭᠰᠢᠯᠡᠬᠦᠯᠦᠨ᠂ 《 ᠭᠤᠷᠪᠠᠨ ᠴᠢᠬᠤᠯᠠ ᠨᠢᠭᠡ ᠶᠡᠭᠡ 》 ᠬᠡᠷᠡᠭ ᠵᠥᠪᠯᠡᠵᠦ  ᠪᠤᠳᠤᠯᠭ᠎ᠠ ᠲᠣᠭᠲᠠᠭᠠᠬᠤ ᠳᠦᠷᠢᠮ ᠪᠠ ᠨᠡᠶᠢᠭᠡᠮ ᠤᠨ ᠲᠣᠭᠲᠠᠭᠤᠨ ᠤ ᠠᠶᠤᠯ ᠲᠦᠭᠰᠢᠭᠦᠷᠢ ᠶᠢ ᠦᠨᠡᠯᠡᠨ ᠵᠢᠱᠢᠬᠦ ᠳᠦᠷᠢᠮ ᠢ ᠴᠢᠩᠭ᠎ᠠ ᠬᠡᠷᠡᠭᠵᠢᠭᠦᠯᠵᠦ᠂ ᠵᠠᠰᠠᠯᠳᠠ ᠶᠢᠨ ᠴᠢᠳᠠᠪᠤᠷᠢ ᠪᠠᠨ  ᠲᠡᠭᠡᠭᠰᠢᠯᠡᠬᠦᠯᠬᠦ  ᠭᠡᠷᠡᠭᠳᠡᠢ᠃ ᠠᠷᠠᠳ ᠤᠨ ᠲᠥᠯᠥᠭᠡᠯᠡᠭᠴᠢᠳ ᠤᠨ ᠶᠡᠭᠡ ᠬᠤᠷᠠᠯ ᠤᠨ ᠬᠠᠤᠯᠢ  ᠎ ᠶᠢᠨ ᠬᠢᠨᠠᠯᠲᠠ᠂ ᠠᠵᠢᠯ ᠤᠨ ᠬᠢᠨᠠᠯᠲᠠ ᠪᠠ ᠤᠯᠤᠰ ᠲᠥᠷᠦ ᠶᠢᠨ ᠵᠥᠪᠯᠡᠯᠭᠡᠨ ᠤ ᠠᠷᠠᠳᠴᠢᠯᠠᠯ ᠤᠨ ᠬᠢᠨᠠᠯᠲᠠ ᠶᠢ ᠤᠬᠠᠮᠰᠠᠷ ᠠᠴᠠ ᠪᠠᠨ ᠬᠦᠯᠢᠶᠡᠵᠦ᠂ ᠬᠠᠤᠯᠢ ᠴᠠᠭᠠᠵᠠ᠂ ᠬᠢᠨᠠᠨ ᠪᠣᠳᠣᠯᠲᠠ᠂ ᠶᠠᠷᠢᠶ᠎ᠠ ᠬᠡᠯᠡᠯᠴᠡᠭᠡ ᠪᠠ ᠨᠡᠶᠢᠭᠡᠮ ᠤᠨ ᠬᠢᠨᠠᠯᠲᠠ ᠶᠢ ᠤᠬᠠᠮᠰᠠᠷ ᠎ ᠠᠴᠠ ᠪᠠᠨ ᠬᠦᠯᠢᠶᠡᠵᠦ᠂ ᠠᠷᠠᠳ ᠤᠨ ᠲᠥᠯᠥᠭᠡᠯᠡᠭᠴᠢᠳ ᠤᠨ  ᠰᠠᠨᠠᠯ ᠰᠠᠨᠠᠭᠤᠯᠭ᠎ᠠ ᠪᠠ ᠤᠯᠤᠰ ᠲᠥᠷᠦ ᠶᠢᠨ ᠵᠥᠪᠯᠡᠯᠭᠡᠨ ᠤ ᠭᠡᠰᠢᠭᠦᠳ ᠤᠨ ᠰᠠᠨᠠᠯ ᠳᠤᠷᠠᠳᠤᠯᠭ᠎ᠠ ᠶᠢ  ᠬᠦᠢᠴᠡᠳᠭᠡᠬᠦ ᠠᠵᠢᠯ ᠢ ᠴᠢᠨᠠᠷᠯᠢᠭ ᠰᠠᠶᠢᠨ ᠬᠢᠬᠦ ᠭᠡᠷᠡᠭᠳᠡᠢ᠃ ᠴᠢᠳᠠᠪᠤᠷᠢ ᠶᠢᠨ ᠪᠠᠶᠢᠭᠤᠯᠤᠯᠲᠠ ᠶᠢ ᠴᠢᠩᠭᠠᠳᠬᠠᠨ᠎ᠠ᠃   ᠰᠠᠨᠠᠭᠠᠴᠢᠯᠠᠭ᠎ᠠ ᠠᠴᠠ ᠪᠠᠨ ᠰᠢᠨ᠎ᠡ ᠴᠠᠭ ᠦᠶ᠎ᠡ ᠳᠤ ᠲᠤᠬᠢᠷᠠᠯᠴᠠᠨ᠂ ᠰᠢᠨ᠎ᠡ ᠤᠶᠢᠯᠠᠭᠠᠬᠳᠠᠬᠤᠨ ᠢ ᠲᠤᠤᠱᠯᠠᠭᠤᠯᠵᠤ᠂ ᠰᠢᠨ᠎ᠡ ᠪᠦᠳᠦᠴᠡ ᠶᠢ ᠡᠬᠦᠳᠦᠨ᠂ ᠦᠵᠡᠯ ᠰᠠᠨᠠᠭ᠎ᠠ ᠎ ᠪᠠᠨ ᠴᠢᠯᠦᠬᠡᠯᠡᠵᠦ᠂ ᠴᠠᠭ ᠦᠶ᠎ᠡ ᠲᠠᠢ ᠵᠡᠷᠭᠡᠴᠡᠨ ᠤᠷᠤᠭᠰᠢᠯᠠᠵᠤ᠂ ᠤᠯᠤᠰ ᠲᠦᠷᠦ ᠶᠢᠨ ᠴᠢᠳᠠᠪᠤᠷᠢ᠂ ᠪᠠᠶᠢᠯᠳᠤᠬᠤ ᠪᠤᠳᠤᠯᠭ᠎ᠠ ᠶᠢᠨ ᠬᠠᠷᠠᠴᠠ ᠪᠣᠯᠤᠨ ᠲᠤᠰᠬᠠᠢ ᠮᠡᠷᠭᠡᠵᠢᠯ ᠤᠨ ᠲᠦᠪᠰᠢᠨ ᠢᠶᠠᠨ ᠲᠠᠰᠤᠷᠠᠯᠳᠠ ᠦᠭᠡᠢ ᠲᠡᠭᠡᠭᠰᠢᠯᠡᠬᠦᠯᠦᠨ᠂ ᠬᠦᠴᠢᠷ ᠢ  ᠲᠤᠭᠤᠯᠵᠤ ᠪᠡᠷᠬᠡ ᠶᠢ ᠳᠠᠪᠠᠭ᠋ᠤ ᠳᠤᠮᠳᠠ ᠴᠢᠳᠠᠪᠤᠷᠢ ᠪᠠᠨ ᠴᠢᠩᠭᠠᠷᠠᠭᠤᠯᠵᠤ᠂ ᠡᠷᠡᠮᠡᠬᠡᠶᠢᠯᠡᠨ ᠲᠡᠮᠡᠴᠡᠬᠦ  ᠎ ᠶᠢᠨ ᠳᠤᠮᠳᠠ ᠬᠠᠷᠢᠭᠤᠴᠠᠯᠭ᠎ᠠ ᠡᠭᠦᠷᠭᠡᠯᠡᠨ ᠵᠢᠳᠬᠦᠯ ᠭᠠᠷᠭᠠᠵᠤ᠂ ᠦᠬᠡᠷᠡᠴᠢᠯᠡᠯᠳᠡ ᠬᠢᠵᠦ ᠰᠢᠨ᠎ᠡ ᠶᠢ ᠡᠬᠦᠳᠬᠦ ᠪᠠ ᠠᠷᠠᠳ ᠲᠦᠮᠡᠨ ᠳᠤ ᠦᠢᠯᠡᠴᠢᠯᠡᠬᠦ  ᠬᠢᠷᠢ ᠲᠦᠪᠰᠢᠨ ᠢᠶᠠᠨ ᠲᠠᠰᠤᠷᠠᠯᠳᠠ ᠦᠬᠡᠢ ᠲᠡᠭᠡᠭᠰᠢᠯᠡᠬᠦᠯᠬᠦ ᠭᠡᠷᠡᠭᠳᠡᠢ᠃ ᠰᠤᠷᠲᠠᠯ ᠤᠨ ᠪᠠᠶᠢᠭᠤᠯᠤᠯᠲᠠ ᠶᠢ ᠴᠢᠩᠭᠠᠳᠬᠠᠨ᠎ᠠ᠃ ᠪᠦᠬᠦ ᠲᠠᠯ᠎ᠠ ᠪᠠᠷ ᠨᠠᠮ ᠢ ᠴᠢᠩᠭ᠎ᠠ ᠵᠠᠰᠠᠬᠤ ᠶᠢ ᠡᠷᠡᠰ ᠨᠠᠶᠢᠳᠠᠪᠤᠷᠢᠵᠢᠭᠤᠯᠵᠤ᠂ ᠲᠥᠪ ᠤᠨ ᠨᠠᠢᠮᠠᠨ ᠲᠣᠭᠲᠠᠭᠠᠯ ᠪᠠ ᠨᠠᠷᠢᠨ ᠲᠦᠷᠢᠮ ᠤᠨ ᠵᠣᠷᠢᠭ ᠰᠠᠨᠠᠭ᠎ᠠ ᠶᠢ ᠴᠢᠩᠭ᠎ᠠ   ᠭᠡᠷᠡᠭᠵᠢᠬᠦᠯᠦᠨ᠂ 《 ᠲᠦᠷᠪᠡᠨ ᠰᠤᠷᠲᠠᠯ 》᠎ ᠤᠨ ᠠᠰᠠᠭᠤᠳᠠᠯ ᠢ ᠦᠷᠭᠦᠯᠵᠢᠯᠡᠨ ᠴᠡᠭᠴᠡᠯᠡᠵᠦ᠂  ᠭᠡᠯᠪᠡᠷᠢᠴᠢ ᠦᠵᠡᠯ᠂ ᠨᠤᠶᠠᠨᠴᠢ ᠰᠤᠷᠳᠠᠯ ᠵᠡᠷᠭᠡ ᠲᠤᠪᠤᠶᠢᠮ᠎ᠠ ᠠᠰᠠᠭᠤᠳᠠᠯ ᠢ ᠭᠤᠤᠯᠳᠠᠯᠭᠠᠳᠠᠢ ᠵᠠᠰᠠᠨ  ᠰᠠᠶᠢᠵᠢᠷᠠᠭᠤᠯᠵᠤ᠂   ᠴᠢᠳᠠᠪᠤᠷᠢ ᠮᠠᠭᠤᠳᠠᠢ ᠠᠯᠵᠠᠭᠤ ᠬᠤᠶᠢᠷᠭᠤ ᠵᠠᠰᠠᠭ ᠢ ᠡᠷᠡᠰ ᠴᠡᠭᠴᠡᠯᠡᠨ᠂ ᠠᠵᠢᠯ ᠬᠢᠬᠦ ᠪᠠᠷ ᠴᠢᠷᠮᠠᠶᠢᠳᠠᠭ᠂ ᠠᠵᠢᠯ ᠬᠢᠵᠦ ᠲᠡᠶᠢᠯᠳᠡᠭ  ᠂ ᠠᠵᠢᠯ ᠬᠢᠵᠦ ᠪᠦᠳᠦᠭᠡᠳᠡᠭ ᠰᠠᠶᠢᠨ ᠰᠠᠶᠢᠬᠠᠨ ᠠᠭᠤᠷ ᠠᠮᠢᠰᠬᠤᠯ ᠢ ᠪᠤᠢ ᠪᠣᠯᠭᠠᠬᠤ ᠬᠡᠷᠡᠭᠲᠡᠢ᠃     ᠲᠥᠯᠥᠭᠡᠯᠡᠭᠴᠢᠳ ᠡ᠂ ᠨᠥᠬᠦᠳ ᠡ᠂  ᠠᠮᠵᠢᠯᠳᠠ ᠪᠦᠳᠦᠮᠵᠢ ᠪᠢᠳᠡᠨ ᠢ ᠵᠤᠷᠢᠬᠵᠢᠭᠤᠯᠵᠤ᠂  ᠠᠯᠤᠰ ᠢᠷᠡᠭᠡᠳᠦᠢ ᠮᠠᠨ ᠢ ᠲᠠᠯᠠᠯᠵᠤ ᠪᠠᠶᠢᠨ᠎ᠠ᠃ ᠪᠢᠳᠡ ᠰᠢ ᠶᠢᠨ ᠫᠢᠩ ᠨᠥᠬᠦᠷ ᠢᠶᠠᠷ ᠭᠤᠤᠯᠯᠠᠭᠴᠢ ᠪᠤᠯᠭᠠᠭᠰᠠᠨ ᠨᠠᠮ ᠤᠨ ᠲᠥᠪ ᠬᠤᠷᠢᠶᠠᠨ ᠤ ᠲᠣᠭᠤᠷᠢᠨ ᠳᠤ ᠨᠢᠭᠲᠠᠷᠠᠨ ᠪᠦᠯᠬᠦᠮᠳᠡᠵᠦ᠂ ᠬᠤᠰᠢᠭᠤ ᠨᠠᠮ ᠤᠨ ᠬᠤᠷᠢᠶᠠᠨ ᠤ ᠪᠠᠲᠤ ᠴᠢᠩᠭ᠎ᠠ ᠤᠳᠤᠷᠢᠳᠤᠯᠭ᠎ᠠ ᠳᠣᠤᠷ᠎ᠠ᠂  ᠰᠡᠳᠬᠢᠯ ᠵᠤᠷᠢᠭ ᠢᠶᠠᠨ ᠨᠢᠬᠡᠳᠬᠡᠨ᠂  ᠬᠦᠴᠦᠨ ᠴᠢᠳᠠᠯ ᠢᠶᠠᠨ ᠬᠠᠮᠳᠤᠳᠬᠠᠵᠤ᠂ ᠰᠢᠷᠭᠠᠭᠤ ᠬᠠᠳᠠᠭᠤᠵᠢᠯᠳᠠᠢ ᠠᠵᠢᠯᠯᠠᠨ᠂ ᠪᠣᠳᠠᠲᠠᠶ ᠶᠢ ᠡᠷᠬᠢᠮᠯᠡᠨ ᠤᠷᠤᠭᠰᠢᠯᠠᠵᠤ᠂  ︽ ᠠᠷᠪᠠᠨ ᠲᠦᠷᠪᠡᠳᠦᠬᠡᠷ ᠲᠠᠪᠤᠨ ᠵᠢᠯ︾᠎ ᠤᠨ  ᠠᠰᠤᠷᠤ ᠰᠠᠶᠢᠨ ᠡᠬᠢᠯᠡᠯᠳᠡ ᠶᠢ ᠴᠢᠷᠮᠠᠶᠢᠨ ᠪᠡᠶᠡᠯᠡᠬᠦᠯᠵᠦ᠂   ᠨᠡᠶᠢᠬᠡᠮ ᠵᠢᠷᠤᠮᠳᠤ ᠤᠳᠤᠬᠢᠴᠢᠯᠠᠯᠳᠠ ᠶᠢ ᠪᠦᠬᠦ ᠲᠠᠯᠠᠪᠠᠷ ᠪᠠᠶᠢᠭᠤᠯᠬᠤ ᠰᠢᠨ᠎ᠡ ᠠᠶᠠᠨ ᠢᠶᠠᠨ ᠦᠩᠬᠡ ᠲᠠᠢ ᠦᠬᠡᠳᠡ ᠲᠠᠢ ᠡᠬᠢᠯᠡᠬᠦᠯᠦᠶ᠎ᠡ︕
 
ᠢᠷᠡᠯᠲᠡ᠄ ᠲᠠᠶᠢᠹᠤᠰᠧ ᠬᠤᠰᠢᠭᠤᠨ ᠤ ᠵᠠᠰᠠᠭ ᠤᠨ ᠶᠠᠪᠤᠳᠠᠯ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号