ᠬᠠᠳᠠᠭᠠᠭᠰᠡᠨ ᠦᠬᠡᠷ ᠤᠨ ᠮᠢᠬ᠎ᠠ ᠬᠡᠢ ᠡᠪᠡᠳᠴᠢᠨ ᠢ ᠠᠨᠠᠭᠠᠬᠤ ᠦᠢᠯᠡᠳᠦᠯ ᠲᠠᠢ
ᠨᠡᠶᠢᠲᠡᠯᠡᠭᠰᠡᠨ ᠴᠠᠭ᠄
2021/12/27
   ᠬᠠᠮᠢᠶ᠎ᠠ ᠪᠦᠬᠦᠢ ᠳᠡᠤᠬᠡᠨ ᠳᠡᠮᠳᠡᠭᠯᠡᠯ ᠢ ᠦᠨᠳᠤᠰᠤᠯᠡᠪᠡᠯ᠂ ᠬᠠᠳᠠᠭᠠᠭᠰᠠᠨ ᠦᠭᠡᠷ ᠤᠨ ᠮᠢᠬ᠎ᠠ ᠨᠢ ᠬᠦᠮᠦᠨ ᠤ ᠪᠡᠶ᠎ᠡ ᠶᠢᠨ ᠬᠡᠢ ᠶᠢ ᠳᠠᠷᠣᠨ᠂ ᠪᠡᠶ᠎ᠡ ᠶᠢ ᠴᠢᠬᠢᠷᠠᠭᠵᠢᠭᠤᠯᠬᠤ᠂ ᠳᠠᠮᠢᠷ ᠳᠡᠩᠭᠡᠭᠡ ᠶᠢ ᠰᠠᠶᠢᠵᠢᠷᠠᠭᠤᠯᠬᠤ᠂ ᠳᠡᠯᠢᠬᠦᠦ ᠬᠤᠳᠣᠭᠤᠳᠣ ᠶᠢ ᠲᠦᠯᠵᠢᠬᠦᠯᠬᠦ ᠴᠢᠳᠠᠯ ᠲᠠᠢ ᠪᠦᠭᠡᠳ ᠡᠪᠡᠳᠴᠢᠯᠡᠭᠡᠳ ᠡᠴᠡᠵᠦ ᠳᠣᠷᠠᠬᠤ ᠪᠠ ᠡᠪᠦᠳᠦᠭ ᠨᠢᠷᠣᠭᠤ ᠰᠢᠮᠰᠢᠷᠡᠬᠦ᠂ ᠴᠢᠰᠣ ᠳᠣᠳᠠᠬᠤ ᠡᠪᠡᠳᠴᠢᠨ ᠵᠡᠷᠭᠡ ᠶᠢ ᠠᠨᠠᠭᠠᠨ ᠵᠠᠰᠠᠬᠤ ᠦᠢᠯᠡᠳᠦᠯ ᠲᠠᠢ᠃     ᠬᠠᠳᠠᠭᠠᠭᠰᠡᠨ ᠦᠬᠡᠷ ᠤᠨ ᠮᠢᠬ᠎ᠠ ᠶᠢ ᠶᠡᠷᠦ ᠳᠡᠭᠡᠨ ᠰᠢᠷᠠᠬᠤ ᠮᠡᠳᠦ ᠪᠠᠷ ᠢᠳᠡᠵᠤ᠂ ᠬᠡᠷᠡᠭᠯᠡᠬᠦ ᠵᠢᠱᠢᠶ᠎ᠡ ᠨᠢ ᠲᠤᠤᠷᠠᠬᠢ ᠮᠡᠳᠦ᠃ 1. ᠬᠠᠳᠠᠭᠠᠭᠰᠡᠨ ᠦᠬᠡᠷ ᠤᠨ ᠮᠢᠬ᠎ᠠ ᠶᠢ ᠬᠡᠰᠡᠭᠯᠡᠨ ᠬᠡᠷᠴᠢᠵᠦ ᠳᠣᠰᠣᠨ ᠳᠤ ᠪᠣᠴᠠᠯᠭᠠᠵᠦ ᠢᠳᠡᠪᠡᠯ ᠬᠡᠢ ᠡᠪᠡᠳᠴᠢᠨ᠂ ᠳᠠᠮᠢᠷ ᠳᠣᠷᠣᠢ ᠡᠪᠡᠳᠴᠢᠨ ᠢ ᠠᠨᠠᠭᠠᠨ᠎ᠠ᠃ 2. ᠬᠠᠳᠠᠭᠠᠭᠰᠡᠨ ᠦᠬᠡᠷ ᠤᠨ ᠭᠤᠶᠠᠨ ᠤ ᠮᠢᠬ᠎ᠠ ᠶᠢ ᠨᠢᠭᠡ ᠢᠮᠠᠬᠤ ᠵᠣᠵᠠᠭᠠᠨ᠂ ᠭᠤᠷᠪᠠᠨ ᠢᠮᠠᠬᠤ ᠣᠷᠳᠣ ᠬᠡᠷᠴᠢᠵᠦ᠂ ᠵᠢᠩ ᠮᠢᠬᠠᠨ ᠳᠤ ᠨᠣᠨᠳᠠᠭ ᠳᠠᠪᠣᠰᠣ 15g᠂ ᠬᠤᠣᠵᠣᠣ 10g᠂ ᠰᠣᠩᠭᠢᠨ᠎ᠠ 100g ᠦᠷᠦᠵᠦ ᠨᠢᠭᠡ ᠴᠠᠭ ᠪᠣᠯᠣᠭᠰᠡᠨ ᠤ ᠳᠠᠷᠠᠭ᠎ᠠ ᠳᠣᠭᠤᠭᠠᠨ ᠳᠡᠭᠡᠷ᠎ᠡ ᠬᠠᠩᠨᠠᠭᠠᠳ ᠨᠢᠭᠡ ᠣᠳᠠᠭ᠎ᠠ ᠡᠷᠬᠢᠬᠦᠯᠦᠨ ᠪᠣᠯᠭᠤᠭᠠᠳ ᠰᠢᠷ᠎ᠠ ᠳᠣᠰᠣ ᠲᠦᠷᠬᠢᠵᠦ ᠢᠳᠡᠪᠡᠯ ᠬᠡᠢ ᠡᠪᠡᠳᠴᠢᠨ ᠂ ᠳᠠᠮᠢᠷ ᠳᠡᠩᠭᠡᠭᠡ ᠳᠣᠷᠦ᠋ᠢᠳᠠᠭᠰᠡᠨ ᠵᠡᠷᠭᠡ ᠶᠢ ᠠᠨᠠᠭᠠᠨ᠎ᠠ᠃ 100g ᠬᠠᠳᠠᠭᠠᠭᠰᠡᠨ ᠦᠬᠡᠷ ᠤᠨ ᠮᠢᠬᠠᠨ ᠳᠤ ᠣᠭᠤᠷᠠᠭ 55.60g᠂ ᠦᠬᠡᠬᠦ 8.00g᠂ ᠨᠡᠭᠦᠷᠡᠰᠦ ᠣᠰᠣᠨ ᠤ ᠨᠢᠭᠡᠳᠪᠦᠷᠢ 15.00g᠂ ᠺᠣᠯᠧᠰᠲ᠋ᠧᠷᠦᠯ 120.00mg᠂ ᠸᠢᠲ᠋ᠠᠮᠢᠨ B1 0.06mg᠂ ᠸᠢᠲ᠋ᠠᠮᠢᠨ B2 0.26mg᠂ ᠳᠠᠮᠠᠬᠢᠨ ᠬᠦᠴᠢᠯ 15.20mg᠂ ᠹᠣᠰᠹᠣᠷ 464.00mg᠂ ᠲᠡᠮᠦᠷ 15. 60mg᠂ ᠺᠠᠯᠼ 43.00mg᠂ ᠮᠠᠭᠨᠢ 107.0mg᠂ ᠨᠠᠳ᠋ᠷᠢ 412.40mg᠂ ᠰᠧᠯᠧᠨ 9.80μg᠂ ᠴᠠᠶᠢᠷ 7.26mg᠂ ᠵᠡᠰ 0.10mg᠂ ᠺᠠᠯᠢ 4.00mg᠂ ᠮᠠᠩᠭᠠᠨ 0.19mg ᠠᠭᠤᠯᠣᠭᠳᠠᠨ᠎ᠠ᠃ ᠬᠠᠳᠠᠭᠠᠭᠰᠡᠨ ᠦᠬᠡᠷ ᠤᠨ ᠮᠢᠬᠠᠨ ᠳᠤ ᠡᠯᠪᠡᠭ ᠪᠠᠶᠠᠯᠢᠭ ᠰᠡᠷᠺᠦᠰᠢᠨ ︵sarcosine︶᠂ ᠸᠢᠲ᠋ᠠᠮᠢᠨ B6᠂ ᠸᠢᠲ᠋ᠠᠮᠢᠨ B12᠂ ᠯᠠᠺᠲ᠋ᠠᠮ ᠬᠦᠴᠢᠯ ︵2-aminopropionic acid︶᠂ ᠮᠢᠬᠠᠨ ᠱᠦᠯᠳᠦ ︵carnitine︶᠂ ᠣᠭᠤᠷᠠᠭ᠂ ᠳᠣᠳᠠᠭᠤ ᠳᠣᠰᠣᠨ ᠬᠦᠴᠢᠯ᠂ ᠴᠠᠶᠢᠷ᠂ ᠮᠠᠭᠨᠢ᠂ ᠺᠠᠯᠢ᠂ ᠲᠡᠮᠦᠷ᠂ ᠺᠠᠯᠼ ᠵᠡᠷᠭᠡ ᠰᠢᠮ᠎ᠡ ᠳᠡᠵᠢᠬᠡᠯ ᠤᠨ ᠪᠦᠷᠢᠯᠳᠦᠬᠦᠨ ᠠᠭᠤᠯᠣᠭᠳᠠᠵᠦ᠂ ᠡᠳᠡᠭᠡᠷ ᠨᠢ ᠬᠦᠮᠦᠨ ᠤ ᠪᠡᠶ᠎ᠡ ᠶᠢᠨ ᠦᠯᠦ ᠬᠠᠯᠳᠠᠭᠠᠬᠤ ᠴᠢᠳᠠᠪᠣᠷᠢ ᠶᠢ ᠨᠡᠮᠡᠭᠳᠡᠭᠦᠯᠵᠦ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠣᠨ᠎ᠠ᠃    ᠡᠯᠢᠬᠡᠨ ᠡᠪᠡᠳᠴᠢᠨ᠂ ᠪᠦᠬᠡᠷᠡᠨ ᠡᠪᠡᠳᠴᠢᠨ ᠲᠠᠢ ᠬᠦᠮᠦᠨ ᠬᠠᠳᠠᠭᠠᠭᠰᠠᠨ ᠮᠢᠬ᠎ᠠ ᠢᠳᠡᠬᠦ ᠳᠤ ᠬᠢᠴᠢᠶᠡᠬᠦ ᠬᠡᠷᠡᠭᠳᠡᠢ᠃
 
ᠢᠷᠡᠯᠲᠡ᠄ ᠳᠤᠮᠳᠠᠳᠤ ᠤᠯᠤᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号