ᠪᠠᠶ᠎ᠠ ᠳᠤ ᠤᠰᠤ ᠲᠤᠳᠠᠬᠳᠠᠬᠤ ᠶᠢᠨ 19 ᠬᠤᠤᠷ ᠬᠦᠨᠦᠬᠡᠯ
ᠨᠡᠶᠢᠲᠡᠯᠡᠭᠰᠡᠨ ᠴᠠᠭ᠄
2021/12/27
  ᠨᠢᠬᠡ᠂ ᠡᠯᠢᠬᠡ ᠶᠢ ᠠᠮᠠᠷᠬᠠᠨ ᠬᠡᠮᠳᠦᠬᠡᠨ᠎ᠠ ᠪᠠᠶ᠎ᠠ ᠳᠤ ᠤᠰᠤ ᠲᠤᠳᠠᠬᠳᠠᠪᠠᠯ ᠬᠤᠤᠷᠠᠳᠤ ᠡᠳ᠋ ᠨᠢ ᠪᠤᠰᠤᠳ ᠵᠠᠮ ᠢᠶᠠᠷ ᠠᠮᠠᠷᠬᠠᠨ ᠢᠶᠠᠷ ᠭᠠᠳᠠᠬᠰᠢᠯᠠᠵᠤ ᠲᠡᠶᠢᠯᠬᠦ ᠦᠬᠡᠢ ᠪᠤᠯᠳᠠᠬ᠃ ᠡᠶᠢᠮᠦ ᠠᠴᠠ ᠤᠰᠤ ᠲᠤᠳᠠᠬᠳᠠᠬᠤ ᠦᠶᠡᠰ ᠡᠯᠢᠬᠡᠨ ᠤ ᠲᠠᠷᠤᠭᠠᠰᠤ ᠨᠡᠯᠢᠶᠡᠳ ᠬᠦᠨᠳᠤ ᠪᠠᠶᠢᠵᠤ᠂ ᠬᠢᠯᠪᠠᠷᠬᠠᠨ ᠢᠶᠠᠷ ᠡᠯᠢᠬᠡ ᠶᠠᠳᠠᠷᠠᠬᠰᠠᠨ ᠪᠠᠶᠢᠳᠠᠯ ᠲᠤᠤᠷ᠎ᠠ ᠠᠵᠢᠯᠯᠠᠨ ᠡᠯᠢᠬᠡᠨ ᠤ ᠬᠠᠯᠠᠭᠤᠨ ᠲᠡᠭᠡᠭᠰᠢᠯᠡᠳᠡᠭ᠃ ᠤᠯᠠᠩᠬᠢ ᠬᠦᠮᠦᠰ ᠨᠠᠮᠤᠷ ᠤᠨ ᠤᠯᠠᠷᠢᠯ ᠳᠤ ᠡᠯᠢᠬᠡᠨ ᠤ ᠬᠠᠯᠠᠭᠤᠨ ᠪᠠᠳᠠᠷᠠᠳᠠᠭ ᠨᠢ ᠲᠠᠷᠤᠢ ᠤᠰᠤ ᠲᠤᠳᠠᠬᠳᠠᠬᠰᠠᠨ ᠠᠴᠠ ᠪᠤᠯᠤᠬᠰᠠᠨ ᠪᠠᠶᠢᠳᠠᠭ᠃   ᠬᠤᠶᠠᠷ᠂ ᠦᠳᠬᠡᠨ ᠮᠦᠷ ᠬᠠᠭᠠᠭᠳᠠᠬᠤ ᠬᠡᠳᠡᠰᠦᠨ ᠳᠤ ᠲᠡᠩᠳᠡᠬᠦᠦ ᠠᠷᠪᠢᠨ ᠤᠰᠤ ᠶᠢ ᠰᠢᠩᠭᠡᠭᠡᠬᠦ ᠦᠶᠡᠰ ᠦᠳᠬᠡᠨ ᠮᠦᠷ ᠬᠠᠭᠠᠬᠳᠠᠳᠠᠭ᠃ ᠪᠠᠶ᠎ᠠ ᠳᠤ ᠤᠰᠤ ᠲᠤᠳᠠᠬᠳᠠᠪᠠᠯ ᠭᠡᠳᠡᠰᠤ ᠬᠡᠳᠦ ᠠᠷᠪᠢᠨ ᠤᠰᠤ ᠶᠢ ᠰᠢᠩᠭᠡᠭᠡᠵᠤ᠂ ᠪᠠᠶ᠎ᠠ ᠶᠢᠨ ᠰᠢᠩᠭᠡᠨ ᠢ ᠨᠦᠬᠦᠪᠦᠷᠢᠯᠡᠳᠡᠭ ᠪᠤᠯᠬᠤᠷ ᠦᠳᠬᠡᠨ ᠮᠦᠷ ᠢ ᠬᠤᠷᠭᠤᠰᠤᠯᠠᠵᠤ᠂ ᠬᠠᠭᠠᠬᠳᠠᠬᠤ ᠪᠤᠯᠭᠠᠳᠠᠭ᠃   ᠭᠤᠷᠪᠠ᠂ ᠠᠮᠢᠰᠬᠤᠯ ᠤᠨ ᠵᠠᠮ ᠤᠨ ᠡᠪᠡᠳᠴᠢᠨ ᠡᠬᠦᠰᠬᠦ ᠪᠤᠯᠤᠮᠵᠢ ᠨᠡᠮᠡᠭᠳᠡᠨ᠎ᠠ ᠪᠠᠶ᠎ᠠ ᠳᠤ ᠤᠷᠳᠤ ᠬᠤᠭᠤᠴᠠᠭ᠎ᠠ ᠪᠠᠷ ᠤᠰᠤ ᠲᠤᠳᠠᠬᠳᠠᠬᠤ ᠦᠶᠡᠰ᠂ ᠰᠢᠯᠦᠰᠦᠨ ᠤ ᠢᠯᠭᠠᠷᠠᠭᠤᠯᠤᠯᠤᠳᠠ ᠪᠠᠭᠠᠰᠴᠤ᠂ ᠬᠡᠯᠡ ᠠᠮᠠ ᠬᠠᠳᠠᠵᠤ᠂ ᠢᠳᠡᠬᠡᠨ ᠢ ᠵᠠᠯᠬᠢᠬᠤ ᠳᠤ ᠬᠦᠴᠢᠷᠳᠡᠳᠡᠭ᠃ ᠪᠠᠶ᠎ᠠ ᠳᠠᠬᠢ ᠰᠢᠩᠭᠡᠭᠡᠯᠳᠡ ᠶᠢᠨ ᠰᠢᠩᠭᠡᠨ ᠤ ᠢᠯᠭᠠᠷᠠᠭᠤᠯᠤᠯᠳᠠ ᠪᠠᠭᠠᠰᠬᠤ ᠨᠢ ᠪᠠᠰᠠᠴᠤ ᠬᠤᠳᠤᠭᠤᠳᠤ ᠬᠡᠳᠡᠰᠦᠨ ᠤ ᠡᠪᠡᠳᠴᠢᠨ ᠡᠬᠦᠰᠬᠦ ᠶᠢᠨ ᠪᠤᠯᠤᠮᠵᠢ ᠶᠢ ᠨᠡᠩ ᠢᠯᠡᠭᠦᠦ ᠪᠤᠯᠭᠠᠳᠠᠭ᠃  ᠲᠦᠷᠪᠡ᠂ ᠴᠠᠭᠠᠨ ᠬᠠᠷᠠᠩ ᠡᠪᠡᠳᠴᠢᠨ ᠡᠬᠦᠰᠬᠦ ᠨᠤᠷᠮ᠎ᠠ ᠶᠢ ᠨᠡᠮᠡᠭᠳᠡᠬᠦᠯᠦᠨ᠎ᠠ ᠨᠢᠳᠤᠨ ᠤ ᠰᠠᠯᠠᠭ᠎ᠠ ᠶᠢᠨ ᠲᠤᠰᠬᠠᠢ ᠮᠡᠷᠭᠡᠵᠢᠯᠳᠡᠨ ᠤ ᠦᠵᠡᠬᠦ ᠪᠠᠷ᠂ ᠪᠠᠶ᠎ᠠ ᠮᠠᠬᠠᠪᠤᠳ ᠲᠤ ᠤᠰᠤ ᠲᠤᠳᠠᠬᠳᠠᠬᠤ ᠦᠶᠡᠰ ᠬᠦᠮᠦᠨ ᠤ ᠨᠢᠳᠤᠨ ᠲᠤᠳᠤᠷᠠᠬᠢ ᠰᠢᠩᠭᠡᠨ ᠪᠠᠶᠡᠳᠦ ᠶᠢᠨ ᠠᠭᠤᠯᠬᠤᠨ ᠳᠤ ᠬᠤᠪᠢᠷᠠᠯᠳᠠ ᠭᠠᠷᠴᠤ᠂ ᠨᠢᠳᠤᠨ ᠤ ᠲᠠᠯᠠᠰᠳᠤ ᠮᠠᠶ᠋ᠢᠭ ᠤᠨ ᠤᠭᠤᠷᠠᠭ ᠡᠳ᠋ ᠨᠢ ᠬᠤᠪᠢᠷᠠᠵᠤ᠂ ᠡᠬᠦᠨ ᠠᠴᠠ ᠪᠠᠨ ᠲᠠᠯᠠᠰᠳᠤ ᠮᠠᠶ᠋ᠢᠭ ᠤᠨ ᠡᠳ᠋ ᠨᠢ ᠪᠤᠯᠠᠩᠬᠢᠷᠳᠤᠭᠠᠳ ᠨᠢᠳᠤᠨ ᠤ ᠬᠠᠷᠠᠭ᠎ᠠ ᠮᠠᠭᠤᠳᠠᠳᠠᠭ᠃ ᠡᠬᠦᠨ ᠤ ᠬᠠᠮᠳᠤ᠂ ᠴᠠᠭᠠᠨ ᠬᠠᠷᠠᠩ ᠡᠪᠡᠳᠴᠢᠨ ᠡᠬᠦᠰᠬᠦ ᠨᠤᠷᠮ᠎ᠠ ᠶᠢ ᠨᠡᠮᠡᠭᠳᠡᠬᠦᠯᠳᠡᠭ ᠪᠠᠶᠢᠨ᠎ᠠ᠃   ᠲᠠᠪᠤ᠂ ᠵᠢᠷᠦᠬᠡ ᠲᠠᠷᠢᠬᠢᠨ ᠴᠢᠰᠦᠨ ᠰᠤᠳᠠᠯ ᠤᠨ ᠡᠪᠡᠳᠴᠢᠨ ᠢ ᠠᠮᠠᠷᠬᠠᠨ ᠢᠶᠠᠷ ᠡᠬᠦᠰᠭᠡᠳᠡᠭ ᠴᠢᠰᠦᠨ ᠳᠤ ᠤᠰᠤ ᠲᠤᠳᠠᠬᠳᠠᠬᠤ ᠦᠶᠡᠰ ᠴᠢᠰᠦᠨ ᠤ ᠨᠠᠭᠠᠯᠳᠤᠮᠠᠭᠠᠢ ᠪᠦᠬᠡᠳ ᠠᠬᠰᠢᠭᠤᠨ ᠤ ᠬᠡᠮᠵᠢᠶ᠎ᠠ ᠶᠢ ᠨᠡᠮᠡᠭᠳᠡᠬᠦᠯᠵᠤ᠂ ᠴᠢᠰᠦᠨ ᠤ ᠡᠷᠬᠢᠯᠳᠡ ᠶᠢ ᠨᠦᠯᠦᠬᠡᠯᠡᠳᠡᠭ᠃ ᠡᠨᠡ ᠦᠶᠡᠰ ᠬᠦᠮᠦᠰ ᠠᠮᠠᠷᠬᠠᠨ ᠢᠶᠠᠷ ᠲᠤᠷ᠎ᠠ ᠪᠤᠯᠬᠢᠬᠤ᠂ ᠲᠤᠯᠤᠭᠠᠢ ᠡᠷᠬᠢᠬᠦ᠂ ᠵᠢᠷᠦᠬᠡ ᠲᠦᠭᠰᠢᠬᠦ ᠪᠠᠶᠢᠳᠠᠯ ᠢᠯᠡᠷᠡᠵᠤ᠂ ᠵᠢᠷᠦᠬᠡ ᠲᠠᠷᠢᠬᠢᠨ ᠴᠢᠰᠦᠨ ᠰᠤᠳᠠᠯ ᠤᠨ ᠡᠪᠡᠳᠴᠢᠨ ᠳᠤ ᠬᠢᠯᠪᠠᠷᠬᠠᠨ ᠢᠶᠠᠷ ᠨᠡᠷᠪᠡᠭᠳᠡᠳᠡᠭ ᠪᠠᠶᠢᠨ᠎ᠠ᠃   ᠵᠢᠷᠭᠤᠭ᠎ᠠ᠂ ᠬᠡᠳᠡᠰᠦᠨ ᠤ ᠬᠤᠤᠷ ᠢ ᠭᠠᠳᠠᠭᠰᠢᠯᠠᠭᠤᠯᠬᠤ ᠨᠢ ᠰᠠᠭᠠᠳ ᠲᠤ ᠤᠴᠠᠷᠠᠳᠠᠭ ᠪᠠᠶ᠎ᠠ ᠮᠠᠬᠠᠪᠤᠳ ᠲᠤ ᠤᠰᠤ ᠲᠤᠳᠠᠬᠳᠠᠬᠤ ᠦᠶᠡᠰ ᠰᠢᠩᠭᠡᠭᠡᠯᠳᠡ ᠶᠢᠨ ᠰᠢᠩᠭᠡᠨ ᠲᠤᠳᠠᠬᠳᠠᠵᠤ᠂ ᠢᠳᠡᠬᠡᠨ ᠢ ᠰᠢᠩᠭᠡᠭᠡᠬᠦ ᠶᠢ ᠨᠦᠯᠦᠬᠡᠯᠡᠳᠡᠭ ᠃ ᠬᠦᠮᠦᠨ ᠤ ᠪᠠᠶ᠎ᠠ ᠮᠠᠬᠠᠪᠤᠳ ᠨᠢ ᠶᠡᠭᠡ ᠬᠡᠮᠵᠢᠶᠡᠨ ᠤ ᠤᠰᠤ ᠬᠡᠷᠡᠭᠰᠡᠳᠡᠭ᠃ ᠬᠡᠷᠪᠡ ᠤᠰᠤ ᠲᠤᠳᠠᠭᠳᠠᠪᠠᠯ ᠪᠤᠰᠤᠳ ᠡᠷᠭᠡᠳᠡᠨ ᠠᠴᠠ ᠪᠠᠨ ᠤᠰᠤ ᠰᠢᠩᠭᠡᠭᠡᠵᠤ ᠠᠪᠳᠠᠭ ᠪᠤᠯᠬᠤᠷ ᠪᠤᠰᠤᠳ ᠡᠷᠭᠡᠳᠡᠨ ᠤ ᠬᠠᠭᠤᠷᠠᠶᠢᠰᠢᠯ ᠢ ᠡᠬᠦᠰᠬᠡᠵᠤ᠂ ᠢᠳᠡᠬᠡᠨ ᠨᠢ ᠬᠡᠳᠡᠰᠦᠨ ᠳᠤ ᠬᠢᠯᠪᠠᠷᠬᠠᠨ ᠢᠶᠠᠷ ᠬᠤᠷᠠᠵᠤ ᠴᠤᠬᠯᠠᠷᠠᠭᠠᠳ ᠬᠦᠮᠦᠨ ᠤ ᠪᠡᠶ᠎ᠡ ᠢ ᠠᠮᠠᠷᠬᠠᠨ ᠢᠶᠠᠷ ᠦᠳᠡᠯᠬᠦ ᠪᠤᠯᠭᠠᠳᠠᠭ᠃   ᠲᠤᠯᠤᠭ᠎ᠠ᠂ ᠠᠮᠠᠨ ᠬᠦᠨᠳᠡᠢ ᠶᠢᠨ ᠠᠰᠠᠭᠤᠳᠠᠯ ᠤᠰᠤ ᠲᠤᠳᠠᠬᠳᠠᠬᠰᠠᠨ ᠠᠴᠠ ᠪᠤᠯᠤᠬᠰᠠᠨ ᠰᠢᠯᠦᠰᠦ ᠬᠦᠢᠴᠡᠳ ᠪᠤᠰᠤ ᠪᠤᠯᠵᠤ᠂ ᠠᠮᠠᠨ ᠠᠴᠠ ᠦᠮᠡᠬᠡᠢ ᠦᠨᠦᠷ ᠭᠠᠷᠬᠤ᠂ ᠰᠢᠳᠦ ᠬᠤᠷᠤᠬᠠᠢᠢᠳᠠᠬᠤ ᠪᠠ ᠠᠮᠠᠨ ᠬᠦᠨᠳᠡᠢ ᠶᠢᠨ ᠰᠢᠷᠬᠠᠯᠠᠭ᠎ᠠ ᠡᠬᠦᠰᠬᠦ ᠨᠤᠷᠮ᠎ᠠ ᠶᠢ ᠴᠤ ᠲᠡᠭᠡᠭᠰᠢᠯᠡᠬᠦᠯᠳᠡᠭ ᠪᠤᠯᠬᠤᠷ ᠶᠡᠷᠦ ᠶᠢᠨ ᠴᠠᠭ ᠲᠤ ᠢᠯᠡᠬᠦᠦ ᠤᠰᠤ ᠤᠤᠭᠤᠬᠤ ᠶᠢᠨ ᠬᠠᠮᠳᠤ ᠰᠦᠨᠢ ᠶᠢᠨ ᠤᠨᠳᠠᠯᠭ᠎ᠠ ᠶᠢ ᠬᠦᠢᠴᠡᠳ ᠪᠠᠶᠢᠯᠭ᠍ᠵᠦ᠂ ᠪᠠᠰᠠ ᠠᠷᠢᠬᠢ ᠲᠠᠮᠠᠬᠢ ᠶᠢ ᠴᠡᠬᠡᠷᠯᠡᠪᠡᠯ ᠵᠤᠬᠢᠨ᠎ᠠ᠃    ᠨᠠᠢᠮᠠ᠂ ᠵᠢᠷᠦᠬᠡᠨ ᠳᠤ ᠠᠰᠠᠭᠤᠳᠠᠯ ᠭᠠᠷᠤᠨ᠎ᠠ ᠤᠰᠤ ᠠᠯᠳᠠᠬᠳᠠᠬᠤ ᠪᠤᠯ ᠵᠢᠷᠦᠬᠡᠨ ᠴᠤᠬᠢᠯᠭ᠎ᠠ ᠬᠡᠪ ᠤᠨ ᠪᠤᠰᠤ ᠪᠤᠯᠬᠤ ᠶᠢᠨ ᠴᠢᠬᠤᠯᠠ ᠰᠢᠯᠳᠠᠭᠠᠨ ᠪᠤᠯᠤᠨ᠎ᠠ᠃ ᠴᠢᠰᠦᠨ ᠤ ᠠᠭᠤᠯᠬᠤᠨ ᠤ ᠬᠡᠮᠵᠢᠶ᠎ᠠ ᠲᠤᠷᠤᠬᠰᠢᠯᠠᠬᠤ ᠦᠶᠡᠰ ᠴᠡᠬᠡᠵᠢ ᠪᠢᠳᠡᠬᠦᠷᠡᠬᠦ᠂ ᠵᠢᠷᠦᠭᠡ ᠲᠦᠭᠰᠢᠬᠦ᠂ ᠲᠤᠯᠤᠭᠠᠢ ᠡᠷᠬᠢᠬᠦ᠂ ᠲᠠᠮᠢᠷ ᠠᠯᠳᠠᠷᠠᠬᠤ ᠵᠡᠷᠭᠡ ᠢᠯᠡᠷᠡᠯ ᠭᠠᠷᠤᠨ᠎ᠠ᠃    ᠶᠢᠰᠦ᠂ ᠠᠷᠠᠰᠤ ᠪᠠ ᠬᠡᠵᠢᠬᠡ ᠬᠠᠭᠤᠷᠠᠶᠢᠰᠢᠬᠤ ᠬᠢᠳᠡᠳ ᠡᠮᠨᠡᠯᠬᠡ ᠶᠢᠨ ᠦᠵᠡᠬᠦ ᠪᠠᠷ ᠠᠭᠤᠰᠬᠢ ᠨᠢ ᠭᠤᠤᠯᠳᠠᠭᠤ ᠠᠷᠠᠰᠤ ᠪᠤᠯᠤᠨ ᠦᠰᠦ ᠶᠢ ᠵᠠᠬᠢᠷᠳᠠᠬ᠃ ᠠᠭᠤᠰᠬᠢᠨ ᠬᠡᠰᠡᠭ ᠲᠤ ᠤᠰᠤ ᠲᠤᠳᠠᠬᠳᠠᠪᠠᠯ ᠬᠢᠯᠪᠠᠷᠬᠠᠨ ᠢᠶᠠᠷ ᠠᠷᠠᠰᠤ ᠪᠤᠯᠤᠨ ᠬᠡᠵᠢᠬᠡ ᠬᠠᠭᠤᠷᠠᠶᠢᠰᠢᠬᠤ ᠪᠤᠯᠤᠨ᠎ᠠ᠃ ᠡᠶᠢᠮᠦ ᠠᠴᠠ ᠲᠠ ᠬᠡᠷᠪᠡ ᠦᠷᠬᠦᠯᠵᠢ ᠬᠠᠭᠤᠷᠠᠢ ᠪᠠᠷ ᠬᠠᠨᠢᠶᠠᠵᠤ ᠪᠠᠶᠢᠪᠠᠯ ᠤᠰᠤ ᠨᠦᠬᠦᠪᠦᠷᠢᠯᠡᠬᠦ ᠪᠤᠯᠤᠬᠰᠠᠨ ᠲᠤᠬᠢᠶ᠎ᠠ ᠬᠡᠳᠡᠭ ᠢ ᠮᠡᠳᠡᠵᠤ ᠪᠤᠯᠤᠨ᠎ᠠ᠃    ᠠᠷᠪᠠ᠂ ᠠᠷᠠᠰᠤᠨ ᠤ ᠬᠠᠷᠰᠢᠯ ᠪᠤᠯᠬᠤ ᠴᠦᠬᠡᠨ ᠪᠤᠰᠤ ᠬᠦᠮᠦᠰ ᠤᠯᠠᠷᠢᠯ ᠰᠤᠯᠢᠬᠳᠠᠬᠤ ᠪᠤᠯᠤᠬᠰᠠᠭᠠᠷ ᠠᠷᠠᠰᠤ ᠨᠢ ᠮᠠᠰᠢ ᠰᠡᠷᠭᠡᠭ ᠪᠤᠯᠳᠠᠭ᠃ ᠦᠨᠡᠨ ᠳᠡᠭᠡᠨ ᠡᠶᠢᠮᠦᠷᠬᠦ ᠰᠡᠷᠡᠯᠳᠡ ᠶᠡᠬᠡᠳᠡᠢ ᠰᠢᠯᠳᠠᠭᠠᠨ ᠨᠢ ᠤᠰᠤ ᠲᠤᠳᠠᠬᠳᠠᠬᠰᠠᠨ ᠠᠴᠠ ᠪᠤᠯᠤᠬᠰᠠᠨ ᠪᠠᠶᠢᠳᠠᠭ᠃ ᠬᠡᠷᠪᠡ ᠡᠶᠢᠮᠦᠷᠬᠦ ᠪᠠᠶᠢᠳᠠᠯ ᠢᠯᠡᠷᠡᠪᠡᠯ ᠬᠤᠶᠠᠷ ᠲᠠᠯ᠎ᠠ ᠶᠢ ᠠᠩᠬᠠᠷᠴᠤ᠂ ᠤᠰᠤ ᠤᠤᠭᠤᠬᠤ ᠪᠦᠬᠡᠳ ᠪᠠᠰᠠ ᠠᠷᠠᠰᠤᠨ ᠳᠠᠭᠠᠨ ᠤᠰᠤᠷᠬᠠᠬ ᠵᠦᠢᠯ ᠲᠦᠷᠬᠢᠪᠠᠯ ᠵᠤᠬᠢᠨ᠎ᠠ᠃    ᠠᠷᠪᠠᠨ ᠨᠢᠬᠡ᠂ ᠲᠤᠳᠤᠷ ᠪᠦᠬᠡᠷ᠎ᠠ ᠶᠢ ᠬᠡᠮᠳᠦᠬᠡᠬᠦ ᠲᠤᠳᠤᠷ ᠪᠦᠬᠡᠷ᠎ᠠ ᠨᠢ ᠴᠤ ᠠᠳᠠᠯᠢᠬᠠᠨ ᠢᠶᠠᠷ ᠪᠠᠶ᠎ᠠ ᠴᠤᠬᠴᠠᠰ ᠤᠨ ᠬᠤᠤᠷ ᠢ ᠭᠠᠳᠠᠬᠰᠢᠯᠠᠭᠤᠯᠬᠤ ᠡᠷᠭᠡᠳᠡᠨ ᠪᠠᠶᠢᠵᠤ᠂ ᠪᠠᠶ᠎ᠠ ᠳᠤ ᠤᠰᠤ ᠲᠤᠳᠠᠬᠳᠠᠪᠠᠯ ᠬᠢᠯᠪᠠᠷᠬᠠᠨ ᠢᠶᠠᠷ ᠲᠤᠳᠤᠷ ᠪᠦᠬᠡᠷ᠎ᠠ ᠶᠢᠨ ᠲᠠᠷᠤᠯᠳᠠ ᠶᠢ ᠬᠦᠨᠳᠦᠷᠡᠬᠦᠯᠵᠤ᠂ ᠡᠬᠦᠨ ᠠᠴᠠ ᠪᠠᠨ ᠬᠤᠤᠷᠠᠳᠤ ᠪᠤᠳᠠᠰ ᠪᠡᠶ᠎ᠠ ᠳᠤ ᠬᠤᠷᠠᠮᠳᠤᠭᠠᠳ᠂ ᠤᠳᠠᠭᠠᠨ ᠳᠠᠭᠠᠨ ᠪᠦᠬᠡᠷ᠎ᠠ ᠶᠢᠨ ᠡᠷᠭᠡᠳᠡᠨ ᠳᠤ ᠠᠰᠠᠭᠤᠳᠠᠯ ᠭᠠᠷᠬᠤ ᠪᠤᠯᠤᠨ᠎ᠠ᠃   ᠠᠷᠪᠠᠨ ᠬᠤᠶᠠᠷ᠂ ᠪᠠᠶ᠎ᠠ ᠴᠤᠬᠴᠠᠰ ᠬᠢᠯᠪᠠᠷᠬᠠᠨ ᠢᠶᠠᠷ ᠶᠠᠳᠠᠷᠠᠬᠤ ᠤᠰᠤ ᠲᠤᠳᠠᠬᠳᠠᠬᠤ ᠨᠢ ᠴᠢᠰᠦᠨ ᠤ ᠡᠷᠬᠢᠯᠳᠡ ᠶᠢᠨ ᠬᠡᠮᠵᠢᠶ᠎ᠠ ᠶᠢ ᠪᠠᠭᠠᠰᠬᠠᠳᠠᠭ ᠢᠶᠠᠷ ᠪᠠᠶ᠎ᠠ ᠳᠠᠬᠢ ᠬᠦᠴᠢᠯᠳᠦ᠋ᠷᠦᠭᠴᠢ ᠬᠠᠨᠭ᠍ᠭᠠᠬᠤ ᠬᠡᠮᠵᠢᠶ᠎ᠠ ᠴᠤ ᠲᠠᠭᠠᠯᠳᠤᠨ ᠪᠠᠭᠠᠰᠴᠤ᠂ ᠪᠤᠯᠴᠢᠩ ᠮᠢᠬ᠎ᠠ ᠪᠤᠯᠤᠨ ᠮᠡᠳᠡᠷᠡᠯ ᠤᠨ ᠴᠢᠳᠠᠪᠤᠷᠢ ᠶᠢ ᠮᠠᠭᠤᠳᠠᠭᠤᠯᠤᠨ ᠨᠡᠩ ᠬᠢᠯᠪᠠᠷᠬᠠᠨ ᠢᠶᠠᠷ ᠶᠠᠳᠠᠷᠠᠬᠤ ᠲᠦᠷᠦᠭᠳᠡᠯ ᠲᠠᠢ ᠪᠤᠯᠭᠠᠳᠠᠭ᠃   ᠠᠷᠪᠠᠨ ᠭᠤᠷᠪᠡ᠂ ᠪᠤᠯᠴᠢᠩ ᠮᠢᠬ᠎ᠠ ᠲᠠᠳᠠᠯᠳᠠᠬᠤ ᠤᠰᠤ ᠲᠤᠳᠠᠬᠳᠠᠬᠤ ᠨᠢ ᠪᠠᠶ᠎ᠠ ᠴᠤᠬᠴᠠᠰ ᠤᠨ ᠴᠠᠬᠢᠯᠭᠠᠨ ᠵᠠᠳᠠᠯᠤᠬᠳᠠᠬᠤᠨ ᠢ ᠲᠡᠩᠴᠡᠬᠦᠷᠢ ᠠᠯᠳᠠᠭᠤᠯᠵᠤ᠂ ᠬᠦᠳᠡᠯᠬᠡᠬᠡᠨ ᠬᠢᠬᠦ ᠦᠶᠡᠰ ᠪᠤᠯᠴᠢᠩ ᠮᠢᠬ᠎ᠠ ᠲᠠᠳᠠᠯᠳᠠᠬᠤ ᠪᠤᠶᠤ ᠪᠠᠶ᠎ᠠ ᠰᠤᠯᠠᠷᠠᠬᠤ ᠢᠯᠡᠷᠡᠯ ᠭᠠᠷᠳᠠᠭ ᠪᠠᠶᠢᠨ᠎ᠠ᠃ ᠠᠭᠤᠷ ᠠᠮᠢᠰᠬᠤᠯ ᠬᠠᠭᠤᠷᠠᠢ ᠦᠶᠡᠰ ᠲᠤ ᠴᠤ ᠮᠠᠰᠢ ᠬᠢᠯᠪᠠᠷᠬᠠᠨ ᠢᠶᠠᠷ ᠡᠶᠢᠮᠦᠷᠬᠦ ᠪᠠᠶᠢᠳᠠᠯ ᠡᠬᠦᠰᠳᠡᠭ ᠪᠢᠯᠡ᠃    ᠠᠷᠪᠠᠨ ᠲᠦᠷᠪᠡ᠂ ᠨᠢᠳᠤ ᠬᠠᠭᠤᠷᠠᠶᠢᠰᠢᠬᠤ ᠤᠰᠤ ᠲᠤᠳᠠᠬᠳᠠᠬᠤ ᠨᠢ ᠨᠢᠳᠤᠨ ᠤ ᠬᠡᠰᠡᠭ ᠤᠨ ᠰᠢᠩᠭᠡᠨ ᠪᠠᠶᠠᠳᠦ ᠶᠢᠨ ᠠᠭᠤᠯᠬᠤᠨ ᠢ ᠪᠠᠭᠠᠰᠬᠠᠵᠤ᠂ ᠨᠢᠳᠤ ᠬᠠᠭᠤᠷᠠᠶᠢᠰᠢᠵᠤ᠂ ᠡᠳᠦᠷ ᠤᠳᠠᠭᠠᠨ ᠳᠠᠭᠠᠨ ᠮᠠᠰᠢ ᠬᠢᠯᠪᠠᠷᠬᠠᠨ ᠢᠶᠠᠷ ᠨᠢᠳᠤ ᠬᠠᠭᠤᠷᠠᠶᠢᠰᠢᠬᠤ ᠡᠪᠡᠳᠴᠢᠨ ᠪᠤᠯᠳᠠᠭ᠃    ᠠᠷᠪᠠᠨ ᠲᠠᠪᠤ᠂ ᠡᠪᠡᠳᠬᠦ ᠪᠤᠶᠤ ᠪᠡᠶ᠎ᠠ ᠡᠪᠬᠦ᠋ᠢᠷᠡᠬᠦ ᠤᠷᠳᠤ ᠬᠤᠭᠤᠴᠠᠭ᠎ᠠ ᠪᠠᠷ ᠤᠳᠠᠭᠠᠨ ᠴᠢᠨᠠᠷᠳᠠᠢ ᠤᠰᠤ ᠲᠤᠳ᠋᠊ᠠᠬᠳᠠᠬᠤ ᠨᠢ ᠲᠤᠯᠤᠭᠠᠢ ᠡᠪᠡᠳᠬᠦ᠂ ᠲᠠᠯᠤ ᠡᠪᠡᠳᠬᠦ᠂ ᠨᠢᠷᠤᠭᠤ ᠡᠪᠡᠳᠬᠦ ᠵᠢᠴᠢ ᠪᠦᠬᠦ ᠪᠠᠶ᠎ᠠ ᠡᠪᠡᠷᠰᠢᠶᠡᠵᠤ ᠡᠪᠬᠦ᠋ᠢᠷᠡᠳᠡᠭ᠃ ᠭᠤᠤᠯᠳᠠᠭᠤ ᠬᠦᠮᠦᠨ ᠤ ᠪᠠᠶ᠎ᠠ ᠳᠠᠬᠢ ᠲᠡᠭᠡᠳᠦ ᠬᠡᠰᠡᠭ ᠤᠨ ᠬᠦᠨᠳᠤ ᠶᠢᠨ ᠬᠡᠮᠵᠢᠶ᠎ᠠ ᠶᠢᠨ 70% ᠨᠢ ᠪᠦᠷ ᠰᠡᠬᠡᠷ ᠤᠨ ᠶᠠᠰᠤᠨ ᠤ ᠲᠠᠪᠠᠬ ᠤᠨ ᠨᠦᠬᠡᠨ ᠳᠤ ᠬᠤᠷᠠᠮᠳᠤᠬᠰᠠᠨ ᠤᠰᠤ ᠪᠠᠷ ᠲᠤᠯᠭᠠᠭᠤᠷᠢᠯᠠᠵᠤ ᠪᠠᠶᠢᠳᠠᠭ ᠠᠴᠠ ᠪᠤᠯᠵᠠᠢ᠃     ᠠᠷᠪᠠᠨ ᠵᠢᠷᠭᠤᠭ᠎ᠠ᠂ ᠢᠳᠡᠬᠡᠨ ᠤ ᠲᠤᠷᠠᠰᠢᠯ ᠨᠡᠮᠡᠭᠳᠡᠬᠦ ᠤᠰᠤᠨ ᠤ ᠬᠠᠨᠭ᠍ᠭᠠᠯᠭ᠎ᠠ ᠬᠦᠢᠴᠡᠳ ᠦᠬᠡᠢ ᠪᠤᠯᠬᠤ ᠦᠶᠡᠰ ᠶᠡᠭᠡ ᠲᠠᠷᠢᠬᠢᠨ ᠠᠴᠠ ᠲᠤᠰᠠᠯᠠᠮᠵᠢ ᠶᠢᠨ ᠲᠤᠬᠢᠶ᠎ᠠ ᠲᠠᠯᠪᠢᠳᠠᠭ᠃ ᠬᠡᠬᠦ ᠳᠤ ᠮᠡᠳᠡᠷᠡᠯ ᠤᠨ ᠡᠬᠢ ᠨᠢ ᠪᠠᠶ᠎ᠠ ᠳᠤ ᠴᠤᠬᠤᠮ ᠢᠳᠡᠬᠡᠨ ᠲᠤᠳᠠᠬᠳᠠᠵᠤ ᠪᠠᠶᠢᠬᠤ ᠪᠤᠶᠤ ᠡᠰᠡᠬᠦᠯ᠎ᠠ ᠤᠰᠤ ᠲᠤᠳᠠᠬᠳᠠᠵᠤ ᠪᠠᠶᠢᠬᠤ ᠲᠤᠬᠠᠢ ᠬᠠᠨᠭ᠍ᠭᠠᠯᠭ᠎ᠠ ᠶᠢ ᠢᠯᠭᠠᠵᠤ ᠲᠤᠳᠤᠯᠠᠵᠤ ᠲᠡᠶᠢᠯᠬᠦ ᠦᠬᠡᠢ ᠠᠴᠠ ᠪᠤᠯᠵᠤ ᠬᠤᠳᠤᠭᠤᠳᠤᠨ ᠳᠤ ᠡᠨᠧᠷᠬᠢ ᠨᠦᠬᠦᠪᠦᠷᠢᠯᠡᠬᠦ ᠲᠤᠬᠢᠶ᠎ᠠ ᠦᠭᠳᠡᠭ ᠠᠴᠠ ᠬᠦᠮᠦᠨ ᠨᠢ ᠦᠯᠦ ᠮᠡᠳᠡᠭ ᠤᠨ ᠲᠤᠮᠳᠠ ᠨᠡᠩ ᠠᠷᠪᠢᠨ ᠢᠳᠡᠬᠡᠨ ᠢᠳᠡᠳᠡᠭ ᠪᠠᠶᠢᠨ᠎ᠠ᠃    ᠠᠷᠪᠠᠨ ᠲᠤᠯᠤᠭ᠎ᠠ᠂ ᠦᠶ᠎ᠠ ᠬᠡᠰᠢᠬᠦᠦ ᠶᠢᠨ ᠦᠷᠪᠢᠰᠦᠯ ᠡᠬᠦᠰᠬᠦ ᠵᠦᠬᠡᠯᠡᠨ ᠶᠠᠰᠤᠨ ᠤ ᠡᠰ ᠨᠢ ᠤᠰᠤ ᠲᠤᠳᠠᠬᠳᠠᠬᠤ ᠪᠠᠶᠢᠳᠠᠯ ᠲᠤᠤᠷ᠎ᠠ ᠦᠶ᠎ᠠ ᠬᠡᠰᠢᠬᠦᠦ ᠶᠢᠨ ᠴᠢᠰᠦ ᠶᠢ ᠪᠤᠯᠢᠶᠠᠳᠠᠭ ᠢᠶᠠᠷ ᠦᠶ᠎ᠠ ᠬᠡᠰᠢᠬᠦᠦ ᠶᠢ ᠬᠤᠯᠪᠤᠵᠤ ᠪᠠᠶᠢᠭ᠎ᠠ ᠮᠡᠳᠡᠷᠡᠯ ᠢ ᠵᠤᠬᠢᠴᠠᠭᠤᠯᠬᠤ ᠪᠠᠶᠢᠭᠤᠯᠤᠮᠵᠢ ᠨᠢ ᠡᠪᠡᠳᠬᠦ ᠲᠤᠬᠢᠶ᠎ᠠ ᠭᠠᠷᠭᠠᠳᠠᠭ᠃ ᠦᠨᠡᠨ ᠳᠡᠭᠡᠨ ᠡᠨᠡ ᠨᠢ ᠦᠶ᠎ᠠ ᠬᠡᠰᠢᠬᠦᠦ ᠳᠤ ᠤᠰᠤ ᠲᠤᠳᠠᠬᠳᠠᠬᠰᠠᠨ ᠠᠴᠠ ᠪᠤᠯᠵᠠᠢ᠃    ᠠᠷᠪᠠᠨ ᠨᠠᠢᠮᠠ᠂ ᠬᠠᠭᠤᠷᠮᠠᠬ ᠴᠢᠨᠠᠷᠳᠠᠢ ᠮᠤᠬᠤᠷ ᠤᠯᠤᠭᠠᠢ ᠶᠢᠨ ᠦᠷᠪᠢᠰᠦᠯ ᠪᠤᠯᠬᠤ ᠪᠠᠶ᠎ᠠ ᠳᠤ ᠤᠰᠤ ᠲᠤᠳᠠᠬᠳᠠᠬᠤ ᠦᠶᠡᠰ ᠬᠢᠯᠪᠠᠷᠬᠠᠨ ᠢᠶᠠᠷ ᠬᠡᠪᠡᠯᠢ ᠶᠢᠨ ᠬᠠᠨ᠎ᠠ ᠠᠪᠴᠢᠵᠤ᠂ ᠪᠠᠶ᠎ᠠ ᠳᠤ ︽ᠬᠠᠭᠤᠷᠮᠠᠬ ᠴᠢᠨᠠᠷᠳᠠᠢ ᠮᠤᠬᠤᠷ ᠤᠯᠤᠭᠠᠢ ᠶᠢᠨ ᠦᠷᠪᠢᠰᠦᠯ︾ ᠤᠨ ᠢᠯᠡᠷᠡᠯ ᠭᠠᠷᠳᠠᠭ᠃ ᠬᠡᠷᠪᠡ ᠦᠷᠬᠦᠯᠵᠢᠯᠡᠨ ᠪᠦᠬᠡᠯᠵᠢᠬᠦ ᠦᠬᠡᠢ ᠪᠠᠶᠢᠵᠤ᠂ 40% ᠨᠢ ᠪᠠᠷᠠᠭᠤᠨ ᠬᠡᠪᠡᠯᠢ ᠶᠢᠨ ᠲᠤᠤᠷᠠᠳᠤ ᠬᠡᠰᠡᠭ ᠲᠤ ᠡᠪᠡᠳᠴᠤ ᠪᠠᠶᠢᠪᠠᠯ ᠪᠦᠷ ︽ᠬᠠᠭᠤᠷᠮᠠᠬ ᠴᠢᠨᠠᠷᠳᠠᠢ ᠮᠤᠬᠤᠷ ᠤᠯᠤᠭᠠᠢ ᠶᠢᠨ ᠦᠷᠪᠢᠰᠦᠯ︾ ᠠᠴᠠ ᠪᠤᠯᠤᠬᠰᠠᠨ ᠪᠠᠶᠢᠳᠠᠭ᠃    ᠠᠷᠪᠠ ᠶᠢᠰᠦ᠂ ᠪᠤᠬᠢᠨᠢᠳᠤᠬᠤ ᠬᠡᠮ ᠡᠬᠦᠰᠬᠦ ᠪᠡᠶ᠎ᠠ ᠳᠤ ᠤᠷᠳᠤ ᠬᠤᠭᠤᠴᠠᠭ᠎ᠠ ᠪᠠᠷ ᠤᠰᠤ ᠲᠤᠳᠠᠬᠳᠠᠬᠤ ᠦᠶᠡᠰ ︽ᠬᠤᠷᠮᠤᠨ ᠢ ᠲᠠᠷᠤᠬᠤ ᠲᠤᠳᠤᠷ ᠮᠤᠷᠹᠢ︾ ᠶᠢᠨ ᠢᠯᠭᠠᠷᠠᠭᠤᠯᠤᠯᠳᠠ ᠬᠠᠷᠰᠢᠯᠠᠬᠳᠠᠵᠤ᠂ ᠮᠡᠳᠡᠷᠡᠯ ᠤᠨ ᠵᠤᠬᠢᠴᠠᠭᠤᠯᠤᠯᠳᠠ ᠰᠠᠮᠠᠭᠤᠷᠠᠨ᠂ ᠪᠡᠶ᠎ᠠ ᠳᠤ ᠪᠤᠬᠢᠨᠢᠳᠤᠬᠤ ᠬᠡᠮ ᠤᠨ ᠪᠠᠶᠢᠳᠠᠯ ᠢᠯᠡᠷᠡᠳᠡᠭ᠃ ᠵᠢᠱᠢᠶᠠᠯᠠᠪᠠᠯ ᠤᠷᠮ᠎ᠠ ᠰᠡᠳᠬᠢᠯᠬᠡ ᠮᠠᠭᠤᠳᠠᠵᠤ᠂ ᠪᠤᠳᠤᠯ ᠰᠡᠳᠬᠢᠬᠦᠢ ᠤᠳᠠᠭᠠᠰᠢᠷᠠᠨ᠂ ᠵᠤᠷᠢᠬ ᠰᠠᠨᠠᠭ᠎ᠠ ᠮᠤᠬᠤᠬᠤ ᠵᠡᠷᠭᠡ ᠪᠤᠯᠤᠨ᠎ᠠ᠃
 
ᠢᠷᠡᠯᠲᠡ᠄ ᠦᠪᠤᠷ ᠮᠤᠩᠭᠤᠯ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号