ᠤᠪᠤᠭ᠎ᠠ  ᠬᠠᠶᠢᠷᠬᠠᠳ — ᠵᠡᠬᠦᠨ ᠭᠠᠷ ᠤᠨ ᠤᠪᠤᠭ᠎ᠠ
ᠨᠡᠶᠢᠲᠡᠯᠡᠭᠰᠡᠨ ᠴᠠᠭ᠄
2021/11/24
 ᠵᠡᠬᠦᠨ ᠭᠠᠷ ᠤᠨ ᠤᠪᠤᠭ᠎ᠠ ᠨᠢ  ᠬᠦᠨᠪᠤᠯᠠᠭ ᠰᠤᠮᠤᠨ ᠤ ᠲᠦᠪ ᠫᠤᠤᠲᠠᠶᠢᠶ᠋ᠢᠩᠽᠢ ᠶᠢᠨ ᠡᠮᠦᠨᠡᠬᠡᠨ ᠪᠤᠢ᠃  ᠵᠡᠬᠦᠨ ᠭᠠᠷ ᠤᠨ ᠤᠪᠤᠭ᠎ᠠ ᠭᠡᠳᠡᠭ ᠨᠢ ᠲᠠᠶᠢᠹᠤᠰᠧ ᠵᠡᠬᠦᠨ ᠭᠠᠷ ᠰᠦᠷᠦᠭ ᠤᠨ ᠤᠪᠤᠭ᠎ᠠ ᠪᠠᠶᠢᠵᠠᠢ᠃  ᠲᠤᠰ ᠤᠪᠤᠭ᠎ᠠ ᠶᠢ ᠰᠡᠷᠡᠩᠨᠠᠮᠵᠢᠯ ᠠᠮᠪᠠᠨ ᠤ ᠦᠶ᠎ᠡ ᠳᠤ ︵ᠪᠠᠷᠤᠭ 1939 ᠤᠨ︶  ᠤᠷᠳᠤᠰ ᠤᠨ ᠲᠤᠬᠤᠢ ᠵᠤᠤ ᠶᠢᠨ ᠬᠡᠬᠡᠨ ᠢ ᠵᠠᠯᠠᠵᠤ᠂ ᠮᠠᠯᠠᠭᠠᠢ ᠶᠢᠨ ᠰᠦᠮ᠎ᠡ ᠶᠢᠨ ᠯᠠᠮᠠ ᠨᠠᠷ ᠢ ᠤᠷᠤᠯᠴᠠᠭᠤᠯᠤᠨ᠂  ᠪᠦᠬᠦᠯᠢ ᠨᠢᠬᠡ ᠰᠠᠷ᠎ᠠ ᠪᠦᠳᠦᠭᠡᠯᠳᠡ ᠶᠢᠨ ᠨᠤᠮ ᠤᠩᠰᠢᠭᠤᠯᠵᠤ ᠱᠦᠩᠨᠡᠭᠰᠡᠨ ᠭᠡᠳᠡᠭ᠃ ᠪᠤᠳᠤᠬᠤ ᠳᠤ ᠲᠤᠬᠠᠢ ᠶᠢᠨ ᠦᠶ᠎ᠡ ᠶᠢᠨ ᠤᠯᠤᠰ ᠲᠦᠷᠦᠴᠢᠳ ᠤᠨ ᠴᠢᠷᠮᠠᠶᠢᠯᠭ᠎ᠠ ᠪᠠᠷ 1936 ᠤᠨ ᠳᠤ ᠲᠠᠶᠢᠹᠤᠰᠧ ᠵᠡᠬᠦᠨ ᠭᠠᠷ ᠰᠦᠷᠦᠭ ᠨᠢ ᠵᠠᠭᠤ ᠭᠠᠷᠤᠢ ᠵᠢᠯ ᠶᠠᠪᠤᠭᠳᠠᠭᠰᠠᠨ ᠰᠦᠷᠦᠭ ᠤᠨ ᠵᠤᠬᠢᠶᠠᠨ ᠪᠠᠶᠢᠭᠤᠯᠤᠯᠳᠠ ᠠᠴᠠ ᠰᠠᠯᠵᠤ᠂  ᠴᠠᠬᠠᠷ ᠴᠢᠭᠤᠯᠭᠠᠨ ᠳᠤ ᠬᠠᠮᠢᠶᠠᠷᠤᠭᠳᠠᠬᠤ ᠲᠤᠰᠬᠠᠢ ᠬᠤᠰᠢᠭᠤ ᠪᠤᠯᠤᠭᠠᠳ᠂ ᠦᠪᠦᠷ ᠮᠤᠩᠭᠤᠯ ᠤᠨ ᠤᠯᠠᠨ ᠬᠤᠰᠢᠭᠤᠳ ᠯᠤᠭ᠎ᠠ ᠡᠩ ᠰᠠᠴᠠᠭᠤ ᠪᠤᠯᠤᠭᠰᠠᠨ ᠤ ᠲᠠᠷᠠᠭ᠎ᠠ ᠬᠤᠰᠢᠭᠤ ᠨᠤᠳᠤᠭ ᠤᠨ ᠨᠢᠬᠡᠳᠦᠯ ᠲᠠᠢ  ᠬᠡᠶᠢᠮᠤᠷᠢ ᠰᠦᠯᠳᠡ ᠴᠢᠬᠤᠯᠠᠳᠠᠢ ᠪᠤᠯᠤᠭᠰᠠᠨ ᠪᠠ ᠲᠤᠬᠠᠢ ᠶᠢᠨ ᠦᠶ᠎ᠡ ᠶᠢᠨ ᠤᠷᠤᠭ᠎ᠠ ᠪᠤᠰᠤᠭ᠎ᠠ ᠴᠠᠭ ᠤᠨ ᠪᠠᠶᠢᠳᠠᠯ ᠲᠤᠤᠷ᠎ᠠ ᠬᠤᠰᠢᠭᠤ ᠨᠤᠳᠤᠭ ᠤᠨ ᠠᠷᠠᠳ ᠢᠷᠭᠡᠳ ᠤᠨ ᠰᠠᠨᠠᠭ᠎ᠠ ᠰᠡᠳᠬᠢᠯ ᠢ ᠨᠡᠶᠢᠳᠡ ᠶᠢᠨ ᠰᠢᠳᠦᠬᠡᠨ ᠢᠶᠠᠷ ᠲᠦᠪᠯᠡᠷᠡᠬᠦᠯᠦᠨ ᠪᠦᠯᠬᠦᠮᠳᠡᠬᠦᠯᠬᠦ ᠶᠢ ᠵᠤᠷᠢᠭᠰᠠᠨ ᠰᠠᠨᠠᠭ᠎ᠠ ᠪᠠᠶᠢᠵᠠᠢ᠃ ᠭᠡᠳᠡᠯ᠎ᠡ  ᠠᠷᠪᠠᠨ ᠵᠢᠯ ᠲᠠᠬᠢᠭᠳᠠᠭᠰᠠᠨ ᠨᠤᠳᠤᠭ ᠤᠨ ᠮᠢᠨᠢ ᠡᠨᠡ  ᠬᠦ᠋ ᠰᠢᠳᠦᠬᠡᠨ ᠨᠡᠶᠢᠳᠡ ᠤᠯᠠᠨ ᠤ ᠮᠡᠳᠡᠳᠡᠭ ᠨᠡᠶᠢᠬᠡᠮ ᠲᠦᠷᠦ ᠶᠢᠨ ᠰᠢᠯᠳᠠᠭᠠᠨ ᠢᠶᠠᠷ 1949 ᠤᠨ ᠠᠴᠠ ᠡᠬᠢᠯᠡᠨ ᠲᠠᠬᠢᠯᠭ᠎ᠠ ᠲᠠᠰᠤᠷᠠᠭᠰᠠᠨ ᠪᠢᠯᠡ᠃      ᠮᠤᠩᠭᠤᠯ ᠲᠦᠮᠡᠨ ᠤ  ᠤᠶᠤᠨ ᠰᠠᠨᠠᠭ᠎ᠠ ᠰᠤᠶᠤᠯ   ᠤᠨ ᠠᠮᠢᠳᠤᠷᠠᠯ   ᠤᠨ ᠬᠦᠰᠡᠯ ᠱᠠᠭᠠᠷᠳᠠᠯᠭ᠎ᠠ   ᠶᠢ  ᠬᠠᠩᠭᠠᠵᠤ᠂  ᠤᠯᠠᠮᠵᠢᠯᠠᠯᠳᠤ ᠰᠢᠯᠢᠳᠡᠭ ᠦᠨᠳᠦᠰᠦᠳᠡᠨ ᠤ ᠰᠤᠶᠤᠯ ᠢ ᠵᠠᠯᠭᠠᠮᠵᠢᠯᠠᠨ ᠬᠦᠭᠵᠢᠬᠦᠯᠬᠦ ᠶᠢᠨ ᠲᠦᠯᠦᠬᠡ  ᠂ ᠲᠠᠶᠢᠹᠤᠰᠧ ᠬᠤᠰᠢᠭᠤ ᠨᠢ 2016 ᠤᠨ ᠳᠤ  ᠵᠡᠬᠦᠨ ᠭᠠᠷ ᠰᠦᠷᠦᠭ ᠤᠨ ᠨᠡᠶᠢᠳᠡ ᠶᠢᠨ ᠰᠢᠳᠦᠬᠡᠨ ᠪᠠᠶᠢᠭᠰᠠᠨ   ᠢᠶᠠᠨ ᠲᠠᠬᠢᠯᠭ᠎ᠠ ᠲᠠᠰᠤᠷᠠᠭᠠᠳ ᠵᠢᠷᠠᠭᠠᠳ ᠵᠢᠯ ᠪᠤᠯᠤᠭᠰᠠᠨ ᠭᠠᠷ ᠤᠨ ᠤᠪᠤᠭ᠎ᠠ ᠶᠢ  ᠬᠤᠰᠢᠭᠤ ᠤᠪᠤᠭ᠎ᠠ  ᠪᠤᠯᠭᠠᠵᠤ ᠰᠡᠷᠬᠦᠬᠡᠨ ᠪᠠᠶᠢᠭᠤᠯᠤᠭᠰᠠᠨ ᠪᠦᠬᠡᠳ  ᠲᠤᠰ ᠵᠢᠯ   ᠠᠴᠠ ᠨᠢ  ᠤᠪᠤᠭᠠᠨ ᠲᠠᠬᠢᠯᠭ᠎ᠠ ᠶᠢ  ᠬᠢᠵᠦ  ᠡᠬᠢᠯᠡᠵᠡᠢ᠃  ᠡᠶᠢᠨ ᠬᠦ᠋᠂ ᠲᠡᠭᠡᠳᠦ ᠠᠴᠠ ᠤᠯᠠᠮᠵᠢᠯᠠᠯ ᠲᠠᠢ ᠵᠠᠩ ᠵᠢᠷᠤᠮ ᠢ ᠮᠦᠷᠳᠡᠵᠦ᠂   ᠲᠤᠰ ᠤᠪᠤᠭ᠎ᠠ ᠶᠢ ᠵᠢᠯ ᠪᠦᠷᠢ ᠶᠢᠨ  ᠪᠢᠯᠢᠭ ᠤᠨ ᠤᠯᠠᠷᠢᠯ ᠤᠨ ᠵᠢᠷᠭᠤᠭᠠᠨ ᠰᠠᠷ᠎ᠠ ᠶᠢᠨ ᠰᠢᠨ᠎ᠡ ᠶᠢᠨ ᠵᠢᠷᠭᠤᠭᠠᠨ   ᠳᠤ  ᠴᠠᠭᠠᠨ ᠢᠶᠠᠷ  ᠲᠠᠬᠢᠵᠤ᠂ ᠲᠠᠬᠢᠯᠭ᠎ᠠ   ᠶᠢᠨ ᠨᠠᠶᠢᠷ ᠲᠤ ᠬᠤᠷᠲᠣᠨ ᠬᠦᠯᠦᠭ ᠤᠨ ᠰᠢᠲᠢᠲᠣ ᠲᠣᠭᠤᠷᠠᠢ ᠪᠠᠷ ᠣᠪᠣᠭᠠᠨ ᠤ ᠪᠠᠨ ᠬᠡᠶᠢᠮᠤᠷᠢ ᠰᠦᠯᠲᠡ ᠶᠢ  ᠲᠠᠯᠠᠯᠤᠨ᠂  ᠬᠦᠴᠦᠳᠦ  ᠪᠦᠬᠡᠴᠦᠳ ᠤᠨ ᠣᠮᠣᠬᠯᠠᠩ ᠲᠡᠪᠢᠯᠲᠡ ᠪᠠᠷ ᠣᠪᠣᠭᠠᠨ ᠤ ᠪᠠᠨ ᠬᠦᠴᠦᠨ ᠴᠢᠲᠡᠯ ᠢ  ᠬᠤᠷᠤᠶᠢᠯᠠᠵᠤ᠂   ᠨᠣᠲᠤᠭ ᠣᠰᠣᠨ ᠤ ᠪᠠᠨ ᠡᠵᠡᠳ ᠰᠠᠬᠢᠭᠤᠰᠣ ᠶᠢ  ᠪᠠᠶᠠᠰᠬᠠᠨ᠂ ᠦᠶ᠎ᠠ ᠶᠢᠨ ᠦᠶ᠎ᠠ  ᠳᠡᠭᠡᠨ ᠥᠯᠵᠡᠢ ᠮᠥᠷ ᠲᠠᠢ ᠥᠬᠡᠲᠡᠯᠡᠨ ᠮᠡᠡᠲᠣᠬᠤ ᠶᠢ  ᠲᠠᠭᠠᠳᠬᠠᠵᠤ ᠪᠠᠶᠢᠨᠠᠮ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号