ᠲᠤᠰ ᠤᠪᠤᠭ᠎ᠠ ᠬᠦᠨᠪᠤᠯᠠᠭ ᠰᠤᠮᠤᠨ ᠤ ᠪᠦᠬᠦᠳᠡ ᠶᠢᠨ ᠤᠪᠤᠭ᠎ᠠ ᠭᠠᠴᠠᠭᠠᠨ ᠤ ᠬᠤᠶᠢᠳᠤ ᠠᠭᠤᠯᠠᠨ ᠲᠡᠭᠡᠷ᠎ᠡ | ᠰᠦᠨᠳᠡᠷᠯᠡᠨ ᠬᠠᠷᠠᠭᠳᠠᠨ᠎ᠠ᠃ ᠴᠢᠩ ᠤᠯᠤᠰ ᠤᠨ ᠦᠶ᠎ᠡ ᠳᠤ ᠶᠡᠭᠡ ᠵᠤᠤ ᠠᠶᠢᠮᠠᠭ ︵ᠤᠳᠤᠬᠢ ᠤᠷᠳᠤᠰ ᠬᠤᠳᠠ︶ | ᠤᠨ ᠲᠤᠬᠤᠢ ᠵᠤᠤ ᠶᠢᠨ ᠬᠡᠬᠡᠨ ᠬᠢᠭᠡᠳ ᠮᠠᠯᠠᠭᠠᠢ ᠶᠢᠨ ᠰᠦᠮ᠎ᠡ ᠠᠴᠠ ᠡᠷᠳᠡᠮ ᠲᠠᠢ ᠯᠠᠮᠠ ᠨᠠᠷ ᠢ ᠵᠠᠯᠠᠵᠤ᠂ ᠨᠤᠮ | ᠰᠤᠳᠤᠷ ᠤᠩᠰᠢᠭᠤᠯᠤᠨ ᠪᠤᠰᠬᠠᠯ᠎ᠠ ᠭᠡᠳᠡᠭ᠃ ᠪᠦᠬᠦᠳᠡ ᠶᠢᠨ ᠤᠪᠤᠭ᠎ᠠ ᠪᠤᠯ ᠲᠠᠶᠢᠹᠤᠰᠧ ᠵᠡᠬᠦᠨ ᠭᠠᠷ ᠰᠦᠷᠦᠭ | ᠤᠨ ᠬᠦᠪᠡᠭᠡᠳᠦ ᠴᠠᠭᠠᠨ ᠤ ᠠᠶᠢᠯ ᠠᠶᠢᠮᠠᠭ ᠤᠨ ᠬᠢᠨ ᠤ ᠲᠠᠬᠢᠳᠠᠭ ᠤᠪᠤᠭ᠎ᠠ ᠪᠤᠯᠤᠨ᠎ᠠ᠃ ᠦᠨᠦ ᠵᠢᠷᠠᠨ ᠤᠰᠤ᠂ | ᠪᠦᠬᠦᠳᠡ ᠶᠢᠨ ᠤᠪᠤᠭ᠎ᠠ᠂ ᠪᠤᠷᠤᠬᠤᠳᠠ᠂ ᠱᠢᠪᠠᠷᠳᠤ ᠵᠡᠷᠭᠡ ᠭᠠᠴᠠᠭᠠᠨ ᠤ ᠮᠠᠯᠴᠢᠳ ᠲᠠᠬᠢᠵᠤ ᠪᠤᠢ᠃ ᠲᠤᠰ | ᠤᠪᠤᠭ᠎ᠠ ᠨᠢ 145 ᠬᠠᠪᠳᠠᠭᠠᠢ ᠲᠦᠷᠪᠡᠯᠵᠢᠨ ᠮᠧᠲᠷ ᠭᠠᠵᠠᠷ ᠡᠵᠡᠯᠡᠵᠦ᠂ ᠭᠤᠤᠯ ᠤᠪᠤᠭ᠎ᠠ ᠨᠢ ᠴᠢᠯᠠᠭᠤ ᠪᠠᠷ | ᠵᠡᠷᠭᠡᠯᠡᠭᠰᠡᠨ ᠭᠤᠷᠪᠠᠨ ᠲᠠᠪᠬᠤᠷ ᠲᠤᠭᠤᠷᠢᠭ ᠭᠡᠯᠪᠡᠷᠢᠳᠦ ᠲᠠᠪᠴᠠᠩ ᠲᠠᠢ᠂ ᠲᠠᠪᠴᠠᠩ ᠤᠨ ᠳ᠋ᠢᠶᠠᠮᠧᠲᠷ ᠨᠢ | ᠲᠤᠰᠪᠤᠷᠢ 7.3 ᠮᠧᠲᠷ᠂ 4.3 ᠮᠧᠲᠷ᠂ 1.3 ᠮᠧᠲᠷ ᠂ ᠦᠨᠳᠦᠷ ᠨᠢ ᠲᠤᠰᠪᠤᠷᠢ 1 ᠮᠧᠲᠷ᠃ ᠲᠡᠭᠡᠳᠦ | ᠲᠠᠪᠴᠠᠩ ᠤᠨ ᠲᠦᠪ ᠲᠤᠮᠳᠠ ᠨᠢ 2 ᠮᠧᠲᠷ ᠤᠷᠳᠤ ᠮᠤᠳᠤᠨ ᠴᠢᠭᠠᠩ ︵ᠲᠤᠭ ᠤᠨ ᠡᠰᠢ︶ ᠪᠤᠰᠬᠠᠵᠤ᠂ | ᠭᠠᠳᠠᠭᠤᠷ ᠨᠢ ᠠᠳᠠᠯᠢ ᠬᠡᠮᠵᠢᠶᠡᠨ ᠤ 12 ᠵᠢᠵᠢᠭ ᠴᠢᠯᠠᠭᠤᠨ ᠤᠪᠤᠭ᠎ᠠ ᠪᠠᠷ ᠬᠦᠷᠢᠶᠡᠯᠡᠭᠰᠡᠨ ᠪᠠᠶᠢᠳᠠᠭ᠃ ᠲᠤᠰ | ᠤᠪᠤᠭ᠎ᠠ ᠶᠢ ᠵᠢᠯ ᠪᠦᠷᠢ ᠶᠢᠨ ᠪᠢᠯᠢᠭ ᠤᠨ ᠤᠯᠠᠷᠢᠯ ᠤᠨ ᠲᠠᠪᠤᠨ ᠰᠠᠷ᠎ᠠ ᠶᠢᠨ ᠠᠷᠪᠠᠨ ᠭᠤᠷᠪᠠᠨ ᠳᠤ ᠲᠠᠬᠢᠵᠤ᠂ | ᠡᠷ᠎ᠡ ᠶᠢᠨ ᠭᠤᠷᠪᠠᠨ ᠨᠠᠭᠠᠳᠤᠮ ᠶᠠᠪᠤᠭᠳᠠᠭᠤᠯᠤᠨ ᠤᠪᠤᠭᠠᠨ ᠰᠠᠬᠢᠭᠤᠰᠤ ᠪᠠᠨ ᠪᠠᠶᠠᠰᠬᠠᠳᠠᠭ᠃ ᠤᠶᠢᠷ᠎ᠠ ᠶᠢᠨ ᠵᠢᠯ | ᠳᠤ ᠤᠪᠤᠭᠠᠨ ᠰᠤᠶᠤᠯ ᠤᠨ ᠡᠷᠳᠡᠮᠳᠡᠳ ᠤᠨ ᠪᠦᠷᠢᠳᠭᠡᠨ ᠲᠡᠮᠳᠡᠭᠯᠡᠭᠰᠡᠨ ᠪᠦᠬᠦ ᠦᠪᠦᠷ ᠮᠤᠩᠭᠤᠯ ᠤᠷᠤᠨ ᠳᠠᠬᠢ | 3747 ᠰᠠᠭᠤᠷᠢ ᠤᠪᠤᠭᠠᠨ ᠤ ᠲᠤᠳᠤᠷᠠᠬᠢ 72 ᠰᠠᠭᠤᠷᠢ ᠨᠡᠷᠡᠳᠦ ᠤᠪᠤᠭᠠᠨ ᠳᠤ ᠲᠠᠶᠢᠹᠤᠰᠧ ᠬᠤᠰᠢᠭᠤᠨ ᠠᠴᠠ | ᠪᠦᠬᠦᠳᠡ ᠶᠢᠨ ᠤᠪᠤᠭ᠎ᠠ ᠰᠢᠯᠢᠭᠳᠡᠨ ᠤᠷᠤᠭᠰᠠᠨ ᠶᠤᠮ᠃ |