ᠭᠠᠵᠠᠷ ᠤᠰᠤᠨ —  ᠵᠢᠷᠠᠨ ᠤᠰᠤ
ᠨᠡᠶᠢᠲᠡᠯᠡᠭᠰᠡᠨ ᠴᠠᠭ᠄
2020/9/9
 ᠨᠤᠳᠤᠭ ᠤᠨ ᠠᠬᠠᠮᠠᠳ ᠤᠨ ᠬᠡᠯᠡᠬᠦ ᠪᠠᠷ ᠡᠷᠳᠡ ᠤᠷᠢᠳᠤ ᠴᠠᠭ ᠲᠤ ᠴᠢᠩᠬᠢᠰ ᠬᠠᠭᠠᠨ ᠠᠶᠠᠨ ᠲᠠᠶᠢᠨ ᠳᠤ ᠮᠤᠷᠳᠠᠵᠤ᠂ ᠶᠡᠭᠡ ᠭᠤᠪᠢ ᠶᠢ ᠲᠤᠭᠤᠯᠤᠭᠠᠳ  ᠡᠨᠡ ᠨᠤᠳᠤᠭ ᠲᠤ ᠢᠷᠡᠳᠡᠯ᠎ᠡ ᠵᠠᠮ ᠲᠠᠭᠠᠤ  ᠴᠡᠷᠢᠭ ᠮᠤᠷᠢ ᠨᠢ  ᠠᠩᠭᠠᠵᠤ ᠤᠮᠳᠠᠭᠠᠰᠬᠤ ᠶᠢᠨ ᠲᠤᠶᠢᠯ ᠳᠤ ᠲᠤᠯᠵᠤ᠂  ᠤᠷᠢᠳ ᠬᠤᠵᠢᠳ ᠵᠢᠷᠠᠨ ᠬᠤᠳᠳᠤᠭ ᠮᠠᠯᠳᠠᠭᠰᠠᠨ ᠴᠤ ᠤᠰᠤ ᠤᠮᠳᠠ ᠬᠦᠷᠦᠯᠴᠡᠬᠦ ᠦᠬᠡᠢ᠂ ᠤᠷᠤᠭᠰᠢᠯᠠᠯᠳᠠ ᠶᠢᠨ ᠵᠠᠮ ᠳᠤ ᠶᠡᠭᠡ ᠰᠠᠭᠠᠳ ᠪᠤᠯᠤᠭᠰᠠᠨ ᠬᠡᠨ᠎ᠡ᠃ ᠠᠶᠠᠯᠠᠨ ᠶᠠᠪᠤᠭᠰᠠᠭᠠᠷ ᠤᠯᠠᠭᠠᠨ ᠨᠠᠭᠤᠷ ᠤᠨ ᠬᠦᠪᠡᠭᠡᠨ ᠳᠤ ᠢᠷᠡᠵᠦ  ᠪᠠᠭᠤᠳᠠᠯᠯᠠᠬᠤ ᠳᠠᠭᠠᠨ ᠪᠠᠶᠢᠭᠠᠯᠢ ᠤᠷᠴᠢᠨ ᠢ ᠠᠵᠢᠭᠯᠠᠨ ᠦᠵᠡᠬᠦ ᠳᠤ ᠡᠪᠡᠰᠦ ᠨᠤᠭᠤᠭ᠎ᠠ ᠡᠪᠦᠳᠦᠭ ᠲᠠᠪᠠᠵᠤ᠂ ᠦᠩᠬᠡ ᠶᠢᠨ ᠴᠡᠴᠡᠭ ᠮᠢᠷᠠᠯᠵᠠᠨ ᠲᠡᠯᠭᠡᠷᠡᠭᠰᠡᠨ ᠦᠨᠢᠷ ᠲᠠᠩᠰᠤᠭ ᠨᠤᠳᠤᠭ ᠪᠠᠶᠢᠵᠠᠢ᠂ ᠪᠤᠭᠳᠠ ᠡᠵᠡᠨ ᠶᠡᠬᠡᠯᠡ ᠪᠠᠶᠠᠰᠴᠤ᠂   ᠭᠠᠵᠠᠷ ᠦᠵᠡᠨ ᠪᠠᠭᠤᠴᠠ ᠪᠠᠨ ᠠᠪᠤᠭᠠᠳ᠂  ᠬᠤᠶᠠᠭ ᠴᠡᠷᠢᠭ ᠤᠳ ᠨᠢ ᠬᠤᠳᠳᠤᠭ ᠮᠠᠯᠳᠠᠵᠤ ᠦᠵᠡᠭᠰᠡᠨ ᠳᠤ ᠠᠷᠪᠠᠨ ᠲᠤᠬᠤᠢ ᠮᠠᠯᠳᠠᠭᠰᠠᠨ ᠦᠬᠡᠢ ᠪᠠᠷ ᠲᠤᠩᠭᠠᠯᠠᠭ ᠤᠰᠤ ᠤᠷᠬᠢᠯᠤᠨ  ᠭᠠᠷᠴᠤ  ᠂  ᠬᠡᠳᠦᠨ ᠲᠦᠮᠡᠨ ᠴᠡᠷᠢᠭ ᠮᠤᠷᠢᠳ ᠤᠨ ᠴᠠᠩᠭᠠᠭ᠎ᠠ ᠶᠢ  ᠲᠠᠶᠢᠯᠤᠭᠠᠳ ᠪᠠᠰᠠ ᠰᠢᠷᠬᠢᠭᠰᠡᠨ ᠦᠬᠡᠢ ᠮᠦᠷᠳᠡᠭᠡᠨ ᠠᠮᠳᠠᠳᠤ ᠤᠰᠤ ᠨᠢ ᠤᠷᠬᠢᠯᠤᠨ ᠤᠨᠳᠤᠷᠴᠤ  ᠪᠠᠶᠢᠵᠠᠢ᠂ ᠴᠢᠩᠬᠢᠰ ᠪᠤᠭᠳᠠ ᠲᠤᠩ ᠪᠠᠶᠠᠰᠤᠨ ᠲᠠᠭᠠᠰᠢᠶᠠᠵᠤ᠂ ᠡᠨᠡ  ᠬᠤᠳᠳᠤᠭ ᠢ ᠵᠢᠷᠠᠨ ᠤᠰᠤ ᠭᠡᠵᠦ ᠨᠡᠷᠡᠯᠡᠯ᠎ᠡ ᠭᠡᠳᠡᠭ᠃ ᠤᠯᠠᠮᠵᠢᠯᠠᠯ ᠶᠠᠷᠢᠶᠠᠨ  ᠳᠤ ᠪᠠᠰᠠ ᠬᠦᠨᠪᠤᠯᠠᠭ ᠨᠤᠳᠤᠭ  ᠢ ᠰᠤᠨᠳᠠᠯᠠᠵᠤ ᠦᠩᠭᠡᠷᠡᠭᠡ  ︽ᠠᠯᠳᠠᠨ ᠤᠯᠤᠰ  ᠤᠨ ᠬᠡᠷᠡᠮ︾  ᠢ ᠪᠠᠷᠢᠬᠤ ᠦᠶᠡᠰ ᠵᠠᠮ ᠲᠠᠭᠠᠤ ᠵᠢᠷᠠᠨ ᠬᠤᠳᠳᠤᠭ ᠮᠠᠯᠳᠠᠭᠠᠳ ᠤᠰᠤ   ᠨᠢ ᠬᠦᠷᠦᠭᠰᠡᠨ ᠦᠬᠡᠢ᠂  ᠬᠠᠷᠢᠨ ᠡᠨᠡ ᠬᠤᠳᠳᠤᠭ ᠢ ᠤᠯᠵᠤ ᠠᠪᠤᠭᠰᠠᠨ ᠳᠤ ᠤᠨᠳᠤᠷᠴᠤ ᠭᠠᠷᠤᠭᠰᠠᠨ ᠤᠰᠤ ᠨᠢ ᠵᠢᠷᠠᠨ ᠬᠤᠳᠳᠤᠭ ᠤᠨ ᠤᠰᠤ ᠲᠠᠢ ᠲᠡᠩᠴᠡᠭᠡᠳ᠂ ᠪᠠᠷᠢᠯᠭ᠎ᠠ ᠶᠢᠨ ᠭᠡᠷᠡᠭᠴᠡᠭᠡ ᠶᠢ ᠨᠢ ᠬᠠᠩᠭᠠᠴᠢᠬᠠᠵᠠᠢ᠃ ᠲᠡᠭᠡᠭᠡᠳ ᠡᠨ᠋ᠨ ᠨᠤᠳᠤᠭ ᠢ ᠵᠢᠷᠠᠨ ᠤᠰᠤ  ᠬᠡᠵᠦ ᠨᠡᠷᠡᠯᠡᠯ᠎ᠡ ᠭᠡᠳᠡᠭ᠃   ᠭᠡᠷᠪᠡ ᠡᠨᠡ   ᠨᠢ ᠦᠯᠢᠭᠡᠷ ᠪᠢᠰᠢ ᠦᠨᠡᠨ ᠪᠤᠯᠳᠠᠭ ᠲᠤ ᠬᠦᠷᠪᠡᠯ᠂ ᠡᠵᠡᠨ ᠴᠢᠩᠬᠢᠰ  ᠤᠨ  ᠮᠠᠯᠳᠠᠭᠰᠠᠨ ᠬᠤᠳᠳᠤᠭ ᠪᠤᠯᠤᠨ ᠠᠯᠳᠠᠨ ᠤᠯᠤᠰ ᠤᠨ ᠬᠦᠮᠦᠨ ᠤ ᠲᠤᠬᠢᠶᠠᠯᠳᠤᠭᠰᠠᠨ ᠬᠤᠳᠳᠤᠭ ᠨᠢ ᠨᠢᠬᠡ ᠯᠡ ᠬᠤᠳᠳᠤᠭ ᠪᠠᠶᠢᠬᠤ ᠳ᠋ᠡ᠃
 
ᠢᠷᠡᠯᠲᠡ᠄ ︽ᠦᠯᠢᠬᠡᠷ ᠲᠤᠮᠤᠭᠳᠤ ᠨᠤᠳᠤᠭ ᠤᠰᠤ︾ ︵ᠷᠤ᠂ ᠷᠢᠨᠴᠢᠨᠵᠠᠮᠰᠤ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号