ᠭᠠᠵᠠᠷ ᠤᠰᠤᠨ — ᠤᠯᠠᠭᠠᠨᠨᠠᠭᠤᠷ
ᠨᠡᠶᠢᠲᠡᠯᠡᠭᠰᠡᠨ ᠴᠠᠭ᠄
2020/9/9
  ᠬᠦᠨᠪᠤᠯᠠᠭ ᠤᠨ ᠲᠤᠮᠳᠠ ᠬᠠᠪᠢ ᠪᠠᠷ ᠪᠠᠶᠢᠷᠢᠰᠢᠨ᠎ᠠ᠃ ᠬᠤᠷ᠎ᠠ ᠪᠤᠷᠤᠭᠠᠨ ᠲᠡᠩᠴᠡᠭᠰᠡᠨ ᠪᠠᠶᠠᠨ ᠲᠠᠷᠭᠤᠨ ᠨᠠᠮᠤᠷ ᠠᠯᠤᠰ ᠠᠴᠠ ᠪᠠᠷᠠᠯᠠᠬᠤ ᠳᠤ ᠴᠡᠩᠭᠡᠷᠯᠡᠨ ᠬᠠᠷᠠᠭᠳᠠᠬᠤ ᠨᠠᠭᠤᠷ ᠤᠨ ᠤᠰᠤᠨ ᠳᠤ ᠵᠦᠢᠯ ᠤᠨ ᠰᠢᠪᠠᠭᠤᠳ ᠭᠠᠩᠭᠠᠨᠠᠯᠳᠤᠨ᠂  ᠨᠠᠭᠤᠷ ᠤᠨ ᠪᠠᠷᠠᠭᠤᠨ ᠵᠠᠬ᠎ᠠ ᠪᠠᠷ ᠡᠮᠦᠨᠡᠰᠢ ᠬᠤᠶᠢᠰᠢ ᠦᠷᠬᠦᠯᠵᠢᠯᠡᠭᠰᠡᠨ ᠲᠡᠷᠡᠰᠦᠨ ᠲᠠᠯᠠᠢ ᠰᠠᠯᠬᠢᠨ ᠤ ᠠᠶᠠᠰ ᠢᠶᠠᠷ ᠨᠠᠶᠢᠭᠤᠬᠤ ᠨᠢ ᠶᠠᠭ ᠯᠠ  ᠬᠦᠪᠡᠭᠡ ᠬᠢᠵᠠᠭᠠᠷ ᠦᠬᠡᠢ ᠰᠢᠷ᠎ᠠ ᠲᠤᠷᠳᠤᠩ ᠲᠡᠯᠭᠡᠴᠢᠬᠡᠬᠡᠳ ᠲᠠᠪᠢᠵᠦ ᠪᠠᠶᠢᠬᠤ  ᠰᠢᠭ᠋ ᠭᠤᠶᠤᠬᠠᠨ ᠬᠠᠷᠠᠭᠳᠠᠳᠠᠭ᠃ ᠬᠤᠷ᠎ᠠ ᠪᠤᠷᠤᠭᠠᠨ ᠡᠯᠪᠡᠭ ᠵᠢᠯ ᠨᠠᠭᠤᠷ ᠤᠰᠤ ᠪᠠᠷ ᠲᠦᠬᠦᠷᠴᠦ᠂ ᠨᠠᠭᠤᠷ ᠤᠨ ᠬᠦᠪᠡᠭᠡ ᠪᠤᠯᠤᠨ ᠨᠠᠭᠤᠷ ᠲᠤᠮᠳᠠᠬᠢ ᠶᠡᠭᠡ ᠪᠠᠭ᠎ᠠ ᠲᠠᠩ ᠲᠡᠭᠡᠷ᠎ᠡ ᠤᠯᠠᠭᠠᠨ ᠦᠩᠬᠡ ᠲᠠᠢ ᠭᠡᠷᠡᠰᠦ ᠲᠦᠬᠦᠷᠳᠡᠯ᠎ᠡ ᠤᠷᠭᠤᠭᠠᠳ ᠴᠡᠩᠬᠡᠷ ᠤᠰᠤ᠂ ᠤᠯᠠᠭᠠᠨ ᠭᠡᠷᠡᠰᠦ᠂ ᠠᠯᠳᠠᠨ ᠰᠢᠷᠭᠠᠯ ᠲᠡᠷᠡᠰᠦ ᠨᠠᠭᠤᠷ ᠢ ᠴᠢᠮᠡᠭᠯᠡᠵᠦ᠂ ᠡᠬᠡ ᠪᠠᠶᠢᠭᠠᠯᠢ ᠶᠢᠨ ᠭᠤᠸ᠎ᠠ ᠰᠠᠶᠢᠬᠠᠨ ᠢ ᠬᠦᠮᠦᠰ ᠲᠤ ᠭᠠᠶᠢᠬᠠᠭᠤᠯᠤᠨ᠎ᠠ᠃ ᠢᠩᠬᠢᠬᠡᠳ ᠯᠠ ᠨᠠᠭᠤᠷ  ᠤᠨ ᠴᠢᠮᠡᠭ ᠪᠤᠯᠤᠭᠰᠠᠨ ᠤᠯᠠᠭᠠᠨ ᠭᠡᠷᠡᠰᠦ ᠨᠢ ︽ᠤᠯᠠᠭᠠᠨᠨᠠᠭᠤᠷ︾ ᠭᠡᠳᠡᠭ ᠰᠠᠶᠢᠬᠠᠨ ᠨᠡᠷ᠎ᠡ ᠶᠢ ᠡᠨᠡ  ᠶᠢᠷᠳᠢᠨᠴᠦ  ᠳᠤ ᠠᠪᠴᠢᠷᠠᠵᠠᠢ᠃ ᠤᠯᠠᠭᠠᠨᠨᠠᠭᠤᠷ ᠪᠤᠯ ᠬᠤᠶᠢᠨ᠎ᠠ ᠠᠴᠠ ᠪᠠᠨ ᠤᠷᠤᠭᠰᠢ  ᠰᠤᠨᠤᠯᠵᠠᠵᠤ ᠲᠠᠬᠢᠭᠠᠳ ᠪᠠᠷᠠᠭᠤᠨᠰᠢ ᠲᠠᠬᠢᠷᠯᠠᠭᠰᠠᠨ ᠲᠤᠮᠤ ᠨᠠᠭᠤᠷ ᠪᠤᠯᠤᠨ᠎ᠠ᠃ ᠤᠤᠯ   ᠳᠠᠭᠠᠨ ᠪᠤᠮᠪᠠᠨ ᠭᠤᠤᠯ ᠨᠢ ᠪᠤᠤᠴᠠᠩ᠂ ᠪᠤᠮᠪᠠᠨ᠂ ᠪᠤᠷᠤᠬᠤᠳᠠ᠂ ᠫᠤᠤᠲ᠋ᠠᠶᠢᠶ᠋ᠢᠩᠽᠢ ᠶᠢ ᠲᠠᠭᠠᠷᠢᠵᠤ ᠤᠯᠠᠭᠠᠨᠨᠠᠭᠤᠷ ᠲᠤ ᠴᠢᠳᠬᠤᠳᠠᠭ ᠪᠠᠶᠢᠵᠠᠢ᠃ ᠨᠠᠭᠤᠷ ᠤᠨ ᠵᠡᠬᠦᠨ ᠬᠤᠶᠢᠳᠤ ᠲᠠᠯ᠎ᠠ  ᠳᠤ ᠰᠦᠵᠢ ᠶᠢᠨ ᠤᠪᠤᠭ᠎ᠠ ᠪᠤᠢ᠃ ᠲᠡᠬᠦᠨ ᠤ ᠪᠠᠷᠠᠭᠤᠨ ᠰᠤᠭᠤ ᠪᠠᠷ ᠨᠠᠮᠤᠭᠤᠨ ᠲᠦᠯᠬᠡᠨ ᠰᠦᠵᠢ ᠶᠢᠨ ᠭᠤᠤᠯ  ᠰᠦᠵᠢ ᠶᠢᠨ ᠬᠦᠨᠳᠡᠢ ᠶᠢᠨ ᠲᠤᠮᠳᠠᠭᠤᠷ ᠠᠨᠢᠷ ᠴᠢᠮᠡᠭᠡ ᠦᠬᠡᠶᠢᠬᠡᠨ ᠤᠯᠠᠭᠠᠨᠨᠠᠭᠤᠷ ᠲᠤ ᠴᠢᠳᠬᠤᠨ᠎ᠠ᠃   ᠤᠯᠠᠭᠠᠨᠨᠠᠭᠤᠷ   ᠠᠴᠠ ᠲᠠᠪᠤᠰᠤ ᠭᠠᠷᠤᠨ᠎ᠠ᠃  ᠵᠤᠵᠠᠭᠠᠨ   ᠳᠠᠭᠠᠨ ᠲᠠᠪᠤᠨ ᠬᠤᠷᠤᠭᠤ  ᠂  ᠬᠠᠮᠤᠭ ᠨᠢᠮᠬᠡᠨ   ᠳᠡᠭᠡᠨ ᠴᠤ ᠬᠤᠶᠠᠷ ᠬᠤᠷᠤᠭᠤ ᠬᠢᠷᠢ ᠪᠠᠶᠢᠳᠠᠭ᠃ ᠦᠩᠬᠡ ᠠᠮᠳᠠ ᠨᠢ ᠡᠵᠢ ᠨᠠᠭᠤᠷ ᠤᠨ ᠲᠠᠪᠤᠰᠤ   ᠯᠤᠭ᠎ᠠ ᠲᠡᠮᠡᠢ ᠵᠦᠷᠢᠶ᠎ᠡ ᠦᠬᠡᠢ᠃        ᠤᠯᠠᠭᠠᠨᠨᠠᠭᠤᠷ ᠤᠨ ᠪᠠᠷᠠᠭᠤᠨ ᠲᠠᠯ᠎ᠠ ᠳᠠᠬᠢ ᠤᠷᠤᠭᠰᠢ ᠬᠤᠶᠢᠰᠢ ᠦᠷᠬᠦᠯᠵᠢᠯᠡᠭᠰᠡᠨ ᠠᠭᠤᠯᠠ  ᠬᠠᠶᠢᠷᠬᠠᠳ ᠢ ᠪᠡᠷᠭᠡ ᠶᠢᠨ ᠠᠭᠤᠯᠠ  ᠨᠢᠷᠤᠭᠤᠣᠳ ᠭᠡᠳᠡᠭ᠃ ᠡᠮᠦᠨ᠎ᠡ ᠠᠴᠠ ᠬᠤᠶᠢᠰᠢ ᠪᠠᠨ ᠤᠯᠠᠭᠠᠨ ᠬᠦᠳᠦᠯ᠂ ᠡᠬᠡᠯᠢᠳᠦ᠂ ᠬᠠᠷ᠎ᠠ ᠨᠤᠬᠠᠢ ᠶᠢᠨ ᠬᠤᠰᠢᠭᠤ ᠬᠠᠷᠠᠭᠳᠠᠨ᠎ᠠ᠃ ᠤᠰᠤᠨ ᠤ ᠤᠷᠤᠰᠬᠠᠯ ᠳᠤ ᠢᠳᠡᠭᠳᠡᠨ ᠭᠠᠷᠤᠭᠰᠠᠨ ᠭᠤᠤ ᠶᠢᠨ ᠰᠢᠷᠤᠢ ᠨᠢ ᠤᠯᠠᠭᠠᠨ ᠨᠠᠩᠬᠢ ᠲᠤᠯᠠ  ᠡᠨᠡ  ᠬᠦᠳᠦᠯ ᠢ ᠤᠯᠠᠭᠠᠨ ᠬᠦᠳᠦᠯ ᠬᠡᠵᠦ ᠨᠡᠷᠡᠯᠡᠵᠡᠢ᠃ ᠬᠦᠳᠦᠯ ᠤᠨ ᠬᠤᠶᠢᠳᠤᠬᠢ ᠵᠡᠬᠦᠨᠰᠢ ᠬᠠᠷᠠᠭᠰᠠᠨ ᠠᠭᠤᠯᠠᠨ ᠠᠮᠠ ᠨᠢ ᠴᠠᠰᠤ ᠰᠢᠭᠤᠷᠭᠠᠨ ᠲᠠᠢ ᠡᠪᠦᠯ ᠤᠨ ᠬᠦᠢᠳᠡᠨ ᠳᠤ ᠴᠤ ᠨᠦᠮᠦᠷᠢ ᠲᠠᠢ ᠲᠤᠯᠠᠭᠠᠨ ᠪᠤᠯᠬᠤᠷ ᠡᠭᠡᠯᠢᠳᠦ  ᠬᠡᠮᠡᠨ ᠨᠡᠷᠡᠶᠢᠳᠴᠤ ᠬᠡᠨ᠎ᠡ᠃ ᠡᠬᠡᠯᠢᠳᠦ ᠠᠴᠠ ᠵᠡᠬᠦᠨ ᠬᠤᠶᠢᠰᠢ ᠬᠠᠷᠠᠭᠳᠠᠬᠤ ᠦᠷᠬᠦᠯᠵᠢᠯᠡᠭᠰᠡᠨ ᠠᠭᠤᠯᠠ  ᠨᠢᠷᠤᠭᠤᠳ ᠨᠢ ᠲᠠᠷᠠᠭᠠᠯᠠᠨ ᠬᠠᠷ᠎ᠠ ᠨᠤᠬᠠᠢ ᠶᠢᠨ ᠬᠤᠰᠢᠭᠤ᠂ ᠶᠡᠭᠡ ᠡᠪᠡᠰᠦᠳᠡᠢ᠂ ᠶᠡᠭᠡ ᠡᠪᠦᠯᠵᠢᠶ᠎ᠡ᠂ ᠴᠠᠭᠠᠨ ᠴᠢᠯᠠᠭᠤᠳᠤ᠂ ᠲᠡᠷᠡᠰᠦᠳᠦ ᠡᠩᠬᠡᠷ ᠪᠤᠯᠤᠨ᠎ᠠ᠃ ᠡᠳᠡᠭᠡᠷ ᠠᠭᠤᠯᠠ ᠨᠢᠷᠤᠭᠤᠳ ᠢ ᠬᠠᠮᠳᠤᠷᠠᠭᠤᠯᠤᠨ ᠨᠤᠳᠤᠭ ᠢᠶᠠᠨ ᠰᠠᠬᠢᠭᠰᠠᠨ ᠬᠠᠷ᠎ᠠ ᠨᠤᠬᠠᠢ ᠭᠡᠳᠡᠭ᠃ ᠬᠠᠷ᠎ᠠ ᠨᠤᠬᠠᠢ ᠡᠮᠦᠨᠡᠰᠢ ᠬᠠᠨᠳᠤᠨ ᠬᠤᠶᠠᠷ ᠬᠦᠯ ᠢᠶᠠᠨ ᠤᠷᠤᠭᠰᠢ ᠵᠢᠬᠢᠵᠦ᠂ ᠡᠷᠡᠦ ᠪᠠᠨ ᠲᠡᠷᠡᠯᠡᠨ ᠬᠡᠪᠳᠡᠵᠦ᠂   ᠰᠡᠷᠭᠡᠭ ᠨᠢᠳᠦ ᠰᠤᠷᠭᠤᠭ ᠰᠤᠨᠤᠷ ᠲᠠᠭᠠᠨ ᠲᠦᠰᠢᠭᠯᠡᠨ ᠨᠤᠳᠤᠭ ᠤᠨ ᠢᠶᠠᠨ ᠠᠮᠤᠷ ᠲᠠᠶᠢᠪᠤᠩ ᠢ ᠬᠠᠷᠠᠵᠤ ᠬᠠᠮᠠᠭᠠᠯᠠᠨ᠎ᠠ᠃ ᠡᠶᠢᠮᠦ ᠠᠴᠠ ᠠᠭᠤᠯᠠ ᠶᠢᠨ ᠡᠮᠦᠨ᠎ᠡ ᠬᠤᠰᠢᠭᠤ ᠶᠢ ᠬᠠᠷ᠎ᠠ ᠨᠤᠬᠠᠢ ᠶᠢᠨ ᠬᠤᠰᠢᠭᠤ ᠭᠡᠳᠡᠭ᠃
 
ᠢᠷᠡᠯᠲᠡ᠄ ︽ᠦᠯᠢᠬᠡᠷ ᠲᠤᠮᠤᠭᠳᠤ ᠨᠤᠳᠤᠭ ᠤᠰᠤ︾ ︵ᠷᠤ᠂ ᠷᠢᠨᠴᠢᠨᠵᠠᠮᠰᠤ︶᠂
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号