ᠲᠠᠶᠢᠹᠤᠰᠧ ᠬᠤᠰᠢᠭᠤ  ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ ᠶᠢᠨ ᠤᠬᠠᠭᠤᠯᠭ᠎ᠠ ᠶᠢᠨ ᠰᠠᠷ᠎ᠠ ᠶᠢᠨ ᠠᠵᠢᠯᠯᠠᠭ᠎ᠠ ᠪᠠᠨ ᠡᠬᠢᠯᠡᠬᠦᠯᠪᠡ
ᠨᠡᠶᠢᠲᠡᠯᠡᠭᠰᠡᠨ ᠴᠠᠭ᠄
2020/9/30
   ᠲᠤᠯᠤᠳᠤᠭᠠᠷ ᠤᠳᠠᠭᠠᠨ ᠤ ᠪᠦᠬᠦ ᠤᠯᠤᠰ ᠤᠨ ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ ᠶᠢᠨ ᠠᠵᠢᠯ ᠢ ᠨᠡᠶᠢᠬᠡᠮ ᠤᠨ ᠡᠯ᠎ᠡ ᠡᠳᠡᠭᠡᠳ ᠤᠨ ᠬᠢᠨ ᠳᠤ ᠤᠬᠠᠭᠤᠯᠤᠨ ᠤᠶᠢᠯᠠᠭᠠᠭᠤᠯᠵᠤ᠂ ᠲᠡᠳᠡᠨ ᠤ ᠤᠷᠤᠯᠴᠠᠯᠭ᠎ᠠ ᠲᠡᠮᠵᠢᠯᠬᠡ ᠎ ᠶᠢ ᠠᠬᠢᠭᠤᠯᠬᠤ ᠶᠢᠨ ᠲᠦᠯᠦᠬᠡ᠂  9 ᠰᠠᠷ᠎ᠠ ᠶᠢᠨ 27᠎ ᠤ ᠡᠳᠦᠷ ᠠᠴᠠ ᠲᠠᠶᠢᠹᠤᠰᠧ ᠬᠤᠰᠢᠭᠤ  ᠬᠦᠮᠦᠨ ᠠᠮᠠ ᠎ ᠶᠢᠨ ᠨᠡᠶᠢᠳᠡᠮ ᠪᠠᠶᠢᠴᠠᠭᠠᠯᠳᠠ ᠶᠢᠨ ᠤᠬᠠᠭᠤᠯᠭ᠎ᠠ ᠶᠢᠨ ᠰᠠᠷ᠎ᠠ ᠶᠢᠨ ᠠᠵᠢᠯᠯᠠᠭ᠎ᠠ ᠪᠠᠨ ᠡᠬᠢᠯᠡᠬᠦᠯᠦᠭᠰᠡᠨ ᠪᠠᠶᠢᠨ᠎ᠠ᠃     ᠡᠨᠡ ᠤᠳᠠᠭᠠᠨ ᠤ ᠠᠵᠢᠯᠯᠠᠭ᠎ᠠ ᠶᠢ ᠬᠤᠰᠢᠭᠤᠨ ᠤ ᠤᠬᠠᠭᠤᠯᠬᠤ ᠭᠡᠯᠳᠡᠰ᠂  ᠲᠤᠭ᠎ᠠ ᠪᠦᠷᠢᠳᠬᠡᠯ ᠤᠨ ᠲᠤᠪᠴᠢᠶ᠎ᠠ᠂  ᠰᠤᠷᠭᠠᠨ ᠬᠦᠮᠦᠵᠢᠯ ᠤᠨ ᠲᠤᠪᠴᠢᠶ᠎ᠠ ᠵᠡᠷᠭᠡ ᠰᠠᠯᠠᠭ᠎ᠠ ᠮᠦᠴᠢᠷ ᠠᠴᠠ ᠬᠤᠯᠪᠤᠭᠠᠯᠠᠨ ᠦᠷᠨᠢᠬᠦᠯᠵᠦ᠂  ᠠᠬᠤᠢ ᠲᠠᠯᠠᠪᠠᠢ ᠳᠤ ᠠᠵᠢᠯᠳᠠᠳ ᠠᠴᠠ ᠤᠬᠠᠭᠤᠯᠭ᠎ᠠ ᠶᠢᠨ ᠰᠠᠮᠪᠠᠷ᠎ᠠ ᠪᠤᠰᠬᠠᠵᠤ ᠤᠬᠠᠭᠤᠯᠭ᠎ᠠ ᠶᠢᠨ ᠮᠠᠲ᠋ᠧᠷᠢᠶᠠᠯ  ᠲᠠᠷᠬᠠᠭᠠᠬᠤ ᠶᠢᠨ ᠬᠠᠮᠳᠤ᠂  ᠤᠯᠠᠨ ᠲᠦᠮᠡᠨ ᠤ ᠠᠰᠠᠭᠤᠭᠰᠠᠨ ᠵᠦᠢᠯ ᠳᠤ ᠨᠠᠷᠢᠨ ᠲᠤᠳᠤᠷᠬᠠᠢ ᠬᠠᠷᠢᠭᠤᠯᠳᠠ ᠲᠠᠶᠢᠯᠤᠮᠵᠢ ᠬᠢᠵᠦ ᠪᠠᠶᠢᠨ᠎ᠠ᠃     ︽ᠪᠦᠬᠦ ᠤᠯᠤᠰ ᠤᠨ ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ ᠶᠢᠨ ᠲᠦᠷᠢᠮ︾ ᠶᠤᠰᠤᠭᠠᠷ᠂  ᠮᠠᠨ ᠤ ᠤᠯᠤᠰ ᠨᠢ ᠲᠤᠯᠤᠳᠤᠭᠠᠷ ᠤᠳᠠᠭᠠᠨ ᠤ ᠪᠦᠬᠦ ᠤᠯᠤᠰ ᠤᠨ ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ ᠶᠢ 2020 ᠤᠨ ᠤ 11 ᠰᠠᠷ᠎ᠠ ᠶᠢᠨ 1᠎ ᠤ ᠡᠳᠦᠷ ᠠᠴᠠ ᠡᠬᠢᠯᠡᠬᠦ ᠪᠠᠷ ᠲᠤᠭᠳᠠᠵᠠᠢ᠃  ᠬᠦᠮᠦᠨ ᠠᠮᠠ ᠶᠢᠨ ᠨᠡᠶᠢᠳᠡᠮ ᠪᠠᠶᠢᠴᠠᠭᠠᠯᠳᠠ ᠶᠢ ᠬᠢᠵᠦ ᠪᠠᠶᠢᠭ᠎ᠠ ᠶᠢᠨ ᠭᠤᠤᠯ ᠵᠤᠷᠢᠯᠳᠠ ᠪᠤᠯ᠂ ᠪᠦᠬᠦ ᠤᠯᠤᠰ ᠤᠨ ᠬᠦᠮᠦᠨ ᠠᠮᠠ  ᠎ ᠶᠢᠨ ᠲᠤᠭ᠎ᠠ᠂ ᠪᠦᠷᠢᠯᠳᠦᠴᠡ᠂  ᠲᠠᠷᠬᠠᠴᠠ᠂ ᠤᠷᠤᠨ ᠰᠠᠭᠤᠴᠠ ᠵᠡᠷᠭᠡ ᠶᠢ ᠪᠦᠬᠦ ᠲᠠᠯ᠎ᠠ ᠪᠠᠷ ᠪᠠᠶᠢᠴᠠᠭᠠᠨ ᠤᠶᠢᠯᠠᠭᠠᠵᠤ᠂  ᠬᠦᠮᠦᠨ ᠠᠮᠠ ᠶᠢᠨ ᠬᠦᠭᠵᠢᠯᠳᠡ ᠶᠢᠨ ᠪᠠᠶᠢᠯᠳᠤᠬᠤ ᠪᠤᠳᠤᠯᠭ᠎ᠠ ᠪᠠ ᠲᠦᠷᠦ ᠶᠢᠨ ᠪᠤᠳᠤᠯᠭ᠎ᠠ ᠶᠢᠨ ᠰᠢᠰᠲ᠋ᠧᠮᠵᠢ ᠶᠢ ᠲᠡᠬᠦᠯᠳᠡᠷᠵᠢᠬᠦᠯᠦᠨ᠂ ᠬᠦᠮᠦᠨ ᠠᠮᠠ  ᠎ ᠶᠢᠨ ᠤᠷᠳᠤ ᠬᠤᠭᠤᠴᠠᠭᠠᠨ ᠤ ᠲᠡᠩᠴᠡᠬᠦᠷᠢᠳᠡᠢ ᠬᠦᠭᠵᠢᠯᠳᠡ ᠶᠢ ᠠᠬᠢᠭᠤᠯᠵᠤ ᠂  ᠤᠯᠤᠰ ᠠᠷᠠᠳ ᠤᠨ ᠠᠵᠤ ᠠᠬᠤᠢ  ᠪᠠ ᠨᠡᠶᠢᠬᠡᠮ ᠤᠨ ᠬᠦᠭᠵᠢᠯᠳᠡ ᠶᠢᠨ ᠲᠦᠯᠦᠪᠵᠢᠬᠦᠯᠬᠡ ᠶᠢ ᠰᠢᠨᠵᠢᠯᠡᠬᠦ ᠤᠬᠠᠭᠠᠨᠴᠢ ᠪᠠᠷ ᠲᠤᠭᠳᠠᠭᠠᠨ᠂ ᠠᠵᠤ ᠠᠬᠤᠢ ᠶᠢᠨ ᠴᠢᠨᠠᠷ ᠰᠠᠶᠢᠳᠠᠢ ᠬᠦᠭᠵᠢᠯᠳᠡ ᠶᠢ ᠲᠦᠯᠬᠢᠨ ᠠᠬᠢᠭᠤᠯᠬᠤ ᠳᠤ  ᠰᠢᠨᠵᠢᠯᠡᠬᠦ ᠤᠬᠠᠭᠠᠨᠴᠢ  ᠪᠦᠬᠡᠳ ᠵᠦᠪ ᠤᠨᠤᠪᠴᠢᠳᠠᠢ  ᠲᠤᠭ᠎ᠠ ᠪᠦᠷᠢᠳᠭᠡᠯ ᠤᠨ ᠮᠡᠳᠡᠭᠡ ᠵᠠᠩᠬᠢ ᠬᠠᠩᠭᠠᠬᠤ ᠶᠠᠪᠤᠳᠠᠯ ᠪᠤᠯᠤᠨ᠎ᠠ᠃  ᠤᠶᠢᠯᠠᠭᠠᠭᠰᠠᠨ ᠢᠶᠠᠷ᠂ ᠲᠤᠰᠬᠠᠢ ᠪᠤᠯᠪᠠᠰᠤᠷᠠᠯ ᠬᠦᠷᠳᠡᠭᠰᠡᠨ  ᠨᠡᠶᠢᠳᠡᠮ ᠪᠠᠶᠢᠴᠠᠭᠠᠯᠳᠠ ᠶᠢᠨ ᠠᠵᠢᠯᠳᠠᠳ 11 ᠰᠠᠷ᠎ᠠ ᠶᠢᠨ 1᠎ ᠤ ᠡᠳᠦᠷ ᠠᠴᠠ ᠵᠢᠩᠬᠢᠨᠢ ᠪᠠᠷ ᠡᠷᠦᠬᠡ ᠳᠤ ᠤᠷᠤᠵᠤ  ᠪᠦᠷᠢᠳᠬᠡᠨ ᠲᠠᠩᠰᠠᠯᠠᠬᠤ ᠠᠵᠢᠯ ᠢᠶᠠᠨ ᠡᠬᠢᠯᠡᠬᠦ ᠪᠠᠷ ᠪᠠᠶᠢᠨ᠎ᠠ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号