ᠤᠯᠠᠮᠵᠢᠯᠠᠯᠳᠤ ᠤᠷ᠎ᠠ ᠮᠡᠷᠭᠡᠵᠢᠯ —  ᠴᠢᠳᠦᠷ  ᠮᠤᠰᠬᠢᠬᠤ
ᠨᠡᠶᠢᠲᠡᠯᠡᠭᠰᠡᠨ ᠴᠠᠭ᠄
2020/6/8
  ᠮᠤᠩᠭᠤᠯᠴᠤᠳ ᠤᠨ ᠦᠨᠢ ᠤᠳᠠᠭᠠᠨ ᠤ ᠨᠡᠭᠦᠳᠡᠯ ᠮᠠᠯᠵᠢᠯ ᠤᠨ ᠠᠮᠢᠳᠤᠷᠠᠯ ᠳᠤᠮᠳᠠᠬᠢ ᠡᠳ᠋ᠯᠡᠯ ᠬᠡᠷᠡᠭᠰᠡᠯ ᠨᠢ ᠪᠦᠷ ᠤᠷᠦ ᠤᠷᠦᠨ ᠳᠤ  ᠎ ᠪᠠᠨ ᠳᠤᠬᠢᠷᠠᠭᠰᠠᠨ ᠮᠦᠷᠲᠡᠭᠡᠨ ᠤᠨᠴᠠᠯᠢᠭ ᠪᠠᠶᠢᠳᠠᠯ ᠳᠤ ᠨᠢ ᠵᠤᠬᠢᠴᠠᠭᠰᠠᠨ ᠨᠡᠷ᠎ᠡ ᠲᠤᠮᠢᠶ᠎ᠠ ᠲᠠᠢ ᠪᠠᠶᠢᠳᠠᠭ᠃  ᠡᠨᠡ ᠨᠢ ᠪᠤᠰᠦᠳ ᠠᠴᠠ ᠢᠯᠭᠠᠭᠳᠠᠬᠤ ᠦᠪᠡᠷᠮᠢᠴᠡ ᠰᠤᠳᠦᠨ ᠰᠤᠶᠦᠯ ᠪᠤᠯᠬᠤ ᠶᠤᠮ᠃ ᠤᠨᠤᠭᠠᠨ ᠤ ᠮᠤᠷᠢ  ᠎ ᠪᠠᠨ《 ᠬᠤᠯᠠ  ᠶᠠᠪᠤᠭᠤᠯᠬᠤ ᠦᠭᠡᠢ 》 ᠭᠡᠮᠡᠨ ᠭᠤᠷᠪᠠᠨ ᠬᠦᠯ  ︵ᠡᠮᠦᠨ᠎ᠡ ᠬᠤᠶᠠᠷ  ᠬᠦᠯ ᠪᠠ ᠵᠦᠪᠲᠡᠢ ᠬᠤᠶᠢᠲᠦ ᠬᠦᠯ︶᠎ ᠢ ᠨᠢ ᠲᠤᠷᠭᠤᠭᠠᠨ ᠪᠠᠬᠢᠯᠡᠳᠡᠭ ᠡᠳ᠋ᠯᠡᠭᠡ ᠶᠢ ︽ᠴᠢᠳᠦᠷ︾  ᠬᠡᠵᠦ᠂ ᠡᠮᠦᠨ᠎ᠡ ᠬᠤᠶᠠᠷ  ᠬᠦᠯ  ᠎ ᠳᠤᠨᠢ ᠬᠢᠳᠡᠭ ᠢ  ︽ᠳᠤᠱᠠ︾ ᠭᠡᠵᠦ᠂ ᠡᠮᠦᠨ᠎ᠡ  ᠬᠤᠶᠢᠨ᠎ᠠ ᠬᠤᠶᠠᠷ ᠬᠦᠯ ᠳᠤ ᠨᠢ ᠬᠢᠳᠡᠭ ᠢ ︽ᠦᠷᠦᠭᠡᠯ  ︾ ᠭᠡᠳᠡᠭ᠃  ᠴᠢᠳᠤᠷ᠂  ᠲᠤᠱᠠ  ᠂ ᠦᠷᠦᠭᠡᠯ ᠢ ᠮᠤᠰᠬᠢᠬᠤ ᠳᠤ ᠰᠤᠷ ᠭᠡᠷᠡᠭᠯᠡᠨ᠎ᠡ᠃ ᠰᠤᠷ  ᠭᠡᠳᠡᠭ ᠨᠢ ᠦᠬᠡᠷ ᠤᠨ ᠰᠢᠷᠢ ᠶᠢ ᠡᠯᠳᠡᠭᠡᠳ ᠭᠤᠯᠳᠤ ᠪᠠᠷ ᠨᠢ ᠵᠦᠰᠦᠭᠰᠡᠨ ᠤᠷᠲᠦ ᠰᠤᠷ ᠢ ᠵᠢᠭᠠᠨ᠎ᠠ᠃      ᠪᠠᠯᠴᠢᠷ ᠲᠠᠢ ᠴᠢᠳᠦᠷ ᠢ ᠵᠠᠩᠬᠢᠳᠬᠤ ᠳᠤ ᠬᠤᠶᠠᠷ ᠵᠦᠰᠦᠮ ᠦᠷᠭᠡᠨ ᠰᠠᠶᠢᠨ ᠰᠤᠷ ᠭᠡᠷᠡᠭᠯᠡᠨ᠎ᠡ᠃  ᠴᠢᠳᠦᠷ ᠎ ᠢᠶᠠᠨ ᠵᠦᠪ ᠲᠠᠯ᠎ᠠ ᠶᠢᠨ ᠠᠯᠠᠭᠠᠨ ᠠᠴᠠ ᠡᠬᠢᠯᠡᠵᠦ ᠨᠦᠬᠡᠯᠡᠭᠡᠳ᠂  ᠴᠢᠳᠦᠷ ᠤᠨ  ᠬᠦᠬᠦᠯ ᠤᠨ ᠨᠦᠬᠡ ᠶᠢ ᠠᠯᠠᠭᠠᠨ ᠎ ᠤ ᠨᠦᠬᠡᠨ ᠳᠤ ᠬᠦᠳᠦᠶᠢᠯᠬᠡᠨ ᠰᠦᠯᠵᠢᠵᠦ ᠭᠠᠷᠭᠠᠭᠠᠳ ᠪᠤᠴᠠᠭᠤᠯᠵᠤ᠂ ᠪᠠᠯᠴᠢᠷ ᠤᠨ ᠠᠷᠤ ᠪᠠᠷ ᠪᠤᠷᠤᠭᠤ ᠠᠯᠠᠭ᠎ᠠ ᠎ ᠶᠢᠨ ᠲᠠᠯ᠎ᠠ ᠬᠦᠬᠦᠯ ᠤᠨ ᠨᠦᠬᠡᠨ ᠳᠤ ᠰᠦᠯᠵᠢᠵᠦ  ᠭᠠᠷᠭᠠᠭᠠᠳ᠂ ᠲᠠᠬᠢᠨ ᠪᠠᠯᠴᠢᠷ ᠲᠤ ᠡᠯᠬᠦᠨ ᠪᠤᠴᠠᠭᠤᠯᠵᠤ ᠬᠦᠬᠦᠯ ᠭᠠᠷᠭᠠᠨ᠎ᠠ᠃  ᠨᠦᠬᠦᠬᠡ ᠨᠢᠬᠡ ᠰᠤᠷ ᠢᠶᠠᠨ ᠮᠤᠰᠬᠢᠨ ᠰᠦᠯᠵᠢᠬᠦ ᠳᠤ ᠴᠢᠳᠦᠷ ᠤᠨ ᠬᠤᠶᠢᠳᠤ ᠠᠯᠠᠭ᠎ᠠ ᠪᠠᠨ  ᠨᠤᠭᠤᠯᠤᠨ ᠤᠷᠤᠭᠰᠢ ᠶᠠᠪᠤᠭᠤᠯᠵᠤ ᠪᠠᠯᠴᠢᠷ ᠠᠴᠠ ᠡᠯᠬᠦᠨ᠂  ᠪᠠᠯᠴᠢᠷ ᠢᠶᠠᠷ ᠵᠠᠩᠬᠢᠳᠴᠤ ᠭᠠᠷᠭᠠᠭᠠᠳ᠂ ᠭᠡᠳᠡᠷᠬᠦ ᠎ ᠪᠠᠨ ᠬᠤᠶᠠᠷ ᠰᠤᠷ ᠢᠶᠠᠨ ᠡᠷᠴᠢᠯᠡᠵᠦ᠂ ᠲᠠᠩ ᠰᠤᠮᠤ ᠮᠤᠰᠬᠢᠨ ᠬᠤᠶᠢᠳᠤ ᠠᠯᠠᠭᠠᠨ ᠤ ᠨᠦᠬᠡᠨ ᠳᠤ ᠰᠦᠯᠵᠢᠵᠦ ᠭᠠᠷᠭᠠᠭᠠᠳ᠂ ᠦᠬᠡᠷ᠎ᠡ ᠰᠤᠷ ᠢᠶᠠᠷ ᠬᠦᠬᠦᠯ ᠬᠢᠵᠦ ᠰᠦᠯᠵᠢᠨ᠎ᠡ᠃   ᠨᠦᠬᠦᠬᠡ ᠰᠤᠷ ᠢᠶᠠᠨ ᠤᠷᠤᠭᠰᠢ ᠡᠷᠬᠢᠬᠦᠯᠦᠨ ᠮᠤᠰᠬᠢᠵᠤ᠂ ᠴᠢᠳᠦᠷ ᠤᠨ ᠰᠤᠮᠤ ᠪᠠᠨ ᠭᠤᠷᠮᠤᠰᠯᠠᠵᠤ ᠮᠤᠰᠬᠢᠭᠠᠳ᠂ ᠲᠠᠬᠢᠨ ᠪᠠᠯᠴᠢᠷ ᠲᠤ ᠡᠯᠬᠦᠵᠦ ᠲᠤᠭᠳᠠᠭᠠᠨ᠂ ᠵᠦᠪ ᠲᠠᠯ᠎ᠠ ᠶᠢᠨ ᠠᠯᠠᠭᠠᠨ ᠳᠤ ᠦᠬᠡᠷ᠎ᠡ ᠰᠤᠷ ᠢᠶᠠᠷ ᠬᠦᠬᠦᠯ ᠵᠠᠩᠬᠢᠳᠪᠠᠯ ᠪᠤᠯᠴᠢᠬᠠᠨ᠎ᠠ᠃ ᠴᠢᠳᠦᠷ ᠲᠤ ᠭᠤᠷᠪᠠᠨ ᠲᠡᠭᠡᠭ ᠭᠡᠷᠡᠭᠯᠡᠨ᠎ᠡ᠃ ᠴᠢᠳᠦᠷ ᠤᠨ ᠲᠡᠭᠡᠭ ᠢ  ᠮᠤᠳᠤ ᠪᠤᠶᠤ ᠡᠪᠡᠷ᠂ ᠶᠠᠰᠤ᠂ ᠬᠤᠯᠤᠰᠤ ᠪᠠᠷ ᠬᠢᠳᠡᠭ᠃      ᠬᠤᠶᠠᠷ ᠠᠯᠠᠭᠠᠨ ᠤ ᠲᠤᠱᠠ ᠬᠢᠬᠦ ᠳᠤ ᠵᠦᠪ ᠠᠯᠠᠭᠠᠨ ᠤ ᠬᠦᠬᠦᠯ ᠤᠨ ᠨᠦᠬᠡ ᠶᠢ ᠨᠦᠬᠡᠨ ᠳᠤ ᠰᠦᠯᠵᠢᠬᠡᠳ ᠂ ᠬᠠᠪᠳᠠᠭᠠᠢ ᠪᠠᠷ ᠪᠤᠷᠤᠭᠤ ᠠᠯᠠᠭᠠᠨ ᠤ ᠨᠦᠬᠡᠨ ᠳᠤ ᠬᠦᠬᠦᠯ ᠢᠶᠠᠨ ᠰᠦᠯᠵᠢᠳᠡᠭ᠃ ᠦᠷᠦᠭᠡᠯ  ᠎ ᠢ ᠬᠢᠬᠦ ᠳᠤ  ᠨᠢᠬᠡ ᠲᠠᠯ᠎ᠠ ᠶᠢᠨ ᠠᠯᠠᠭ᠎ᠠ ᠠᠴᠠ ᠡᠬᠢᠯᠡᠵᠦ ᠨᠦᠬᠡᠯᠡᠬᠡᠳ᠂ ᠦᠬᠡᠷ᠎ᠡ ᠰᠤᠷ ᠢᠶᠠᠷ ᠬᠦᠬᠦᠯ ᠬᠢᠵᠦ ᠲᠠᠭᠤᠰᠬᠠᠭᠠᠳ᠂ ᠭᠤᠤᠯ ᠎ ᠢᠶᠠᠷ ᠨᠢ ᠪᠦᠭᠳᠦᠷᠯᠡᠭᠰᠡᠨ ᠰᠤᠷ ᠢᠶᠠᠨ ᠮᠤᠰᠬᠢᠵᠤ᠂ ᠨᠢᠬᠡ ᠦᠵᠦᠬᠦᠷ ᠢ ᠨᠢ ᠨᠦᠬᠦᠬᠡ ᠠᠯᠠᠭᠠᠨ ᠳᠤ ᠲᠤᠭᠳᠠᠭᠠᠵᠤ  ᠡᠷᠬᠢᠬᠦᠯᠵᠦ ᠨᠤᠭᠤᠯᠤᠭᠠᠳ  ᠬᠦᠬᠦᠯ ᠤᠨ ᠨᠦᠬᠡᠨ ᠳᠤ ᠵᠤᠭᠰᠤᠭᠠᠵᠤ᠂ ᠨᠦᠬᠦᠬᠡ ᠮᠤᠰᠬᠢᠭᠰᠠᠨ ᠰᠤᠷ ᠢᠶᠠᠨ ᠵᠤᠭᠰᠤᠭᠠᠵᠤ ᠬᠦᠬᠦᠯ ᠬᠢᠪᠡᠯ ᠪᠤᠯᠴᠢᠬᠠᠨ᠎ᠠ᠃       ᠡᠬᠦᠨ ᠠᠴᠠ ᠭᠠᠳᠠᠨ᠎ᠠ ᠬᠠᠯᠬ᠎ᠠ ᠴᠢᠳᠦᠷ  ᠮᠤᠰᠬᠢᠵᠤ ᠭᠡᠷᠡᠭᠯᠡᠳᠡᠭ᠃  ᠲᠡᠷᠡ ᠨᠢ ᠴᠢᠳᠦᠷ ᠤᠨ ᠰᠤᠮᠤᠨ ᠎ ᠳᠠᠭᠠᠨ ᠪᠠᠯᠴᠢᠷ ᠦᠬᠡᠢ ᠬᠠᠪᠳᠠᠭᠠᠢ ᠰᠤᠷ ᠢᠶᠠᠷ ᠬᠢᠵᠦ ᠭᠤᠤᠯ ᠳᠤᠨᠢ ᠨᠦᠬᠡᠯᠡᠭᠡᠳ᠂ ᠴᠢᠳᠦᠷ ᠤᠨ ᠰᠤᠮᠤᠨ ᠤ ᠰᠤᠷ ᠎ ᠢᠶᠠᠷ ᠰᠢᠯᠢ ᠶᠢ ᠨᠢ ᠲᠠᠷᠤᠵᠤ ᠰᠦᠯᠵᠢᠬᠡᠳ᠂ ᠬᠤᠶᠢᠰᠢ ᠪᠠᠨ ᠮᠤᠰᠬᠢᠵᠤ ᠬᠦᠬᠦᠯ ᠲᠡᠭᠡᠭ ᠢᠶᠠᠨ ᠬᠢᠳᠡᠭ ᠲᠦᠬᠦᠮ ᠬᠡᠯᠪᠡᠷᠢ ᠶᠢᠨ ᠴᠢᠳᠦᠷ ᠪᠤᠯᠤᠨ᠎ᠠ᠃ ᠭᠤᠷᠪᠠᠨ ᠲᠡᠮᠦᠷ ᠭᠠᠷᠠᠬ᠎ᠠ ᠲᠠᠢ ᠬᠢᠳᠠᠳ ᠴᠢᠳᠦᠷ ᠴᠤ ᠪᠠᠶᠢᠳᠠᠭ᠃ ᠲᠡᠬᠦᠨ ᠢ ᠬᠢᠬᠦ ᠳᠤ ᠡᠮᠦᠨ᠎ᠡ ᠬᠤᠶᠠᠷ ᠠᠯᠠᠭ᠎ᠠ ᠨᠢ ᠲᠡᠮᠦᠷ ᠭᠠᠷᠠᠬ᠎ᠠ ᠠᠴᠠ ᠡᠯᠬᠦᠵᠦ ᠰᠦᠯᠵᠢᠬᠡᠳ ᠬᠦᠬᠦᠯ ᠬᠢᠳᠡᠭ᠃ ᠬᠤᠶᠢᠳᠤ ᠰᠤᠮᠤ ᠶᠢ ᠨᠢ ᠮᠦᠨ ᠠᠯᠠᠭ᠎ᠠ ᠨᠤᠭᠤᠯᠵᠤ ᠦᠯᠡᠳᠡᠭᠡᠭᠡᠳ᠂  ᠲᠤᠮᠳᠠᠬᠢ ᠲᠡᠮᠦᠷ ᠭᠠᠷᠠᠬ᠎ᠠ ᠠᠴᠠ ᠡᠯᠬᠦᠵᠦ ᠮᠤᠰᠬᠢᠭᠠᠳ ᠬᠤᠶᠢᠳᠤ ᠠᠯᠠᠭᠠᠨ ᠤ ᠬᠦᠬᠦᠯ ᠢᠶᠠᠨ ᠰᠦᠯᠵᠢᠳᠡᠭ᠃      ᠲᠠᠶᠢᠹᠤᠰᠧ ᠬᠤᠰᠢᠭᠤ ᠨᠢ  ᠴᠢᠳᠦᠷ  ᠮᠤᠰᠬᠢᠬᠤ ᠮᠡᠷᠭᠡᠵᠢᠯ ᠢ 2015 ᠤᠨ ᠳᠤ ᠠᠶᠢᠮᠠᠭ ᠤᠨ ᠲᠡᠰ ᠤᠨ ᠪᠤᠳᠠᠰ ᠤᠨ ᠪᠤᠰᠤ ᠰᠤᠶᠤᠯ ᠤᠨ ᠦᠪ  ᠎ ᠲᠤ  ᠪᠦᠷᠢᠳᠭᠡᠬᠦᠯᠵᠦ᠂  ᠭᠠᠩᠰᠦ᠋ᠬᠡ  ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃      ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄  ᠭᠠᠩᠰᠦ᠋ᠬᠡ  ᠂ ᠡᠷᠡᠭᠳᠡᠢ᠂   ᠮᠤᠩᠭᠤᠯ ᠦᠨᠳᠦᠰᠦᠳᠡᠨ᠂ 1975 ᠤᠨ ᠳᠤ ᠲᠦᠷᠦᠪᠡ᠃  ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠶᠢᠨ ᠬᠦᠮᠦᠨ᠃  ᠬᠠᠷ᠎ᠠ ᠪᠠᠭ᠎ᠠ ᠎ ᠠᠴᠠ ᠪᠠᠨ ᠠᠳᠤᠭᠤᠨ ᠳᠤ ᠪᠠᠭ᠋ᠠᠳᠠᠢ ᠲᠡᠷᠡᠪᠡᠷ  ᠮᠤᠷᠢ ᠪᠠᠨ ᠤᠨᠤᠵᠤ ᠮᠠᠯ ᠢᠶᠠᠨ ᠬᠠᠷᠢᠭᠤᠯᠵᠤ ᠶᠠᠪᠤᠬᠤ ᠵᠠᠭᠤᠷ᠎ᠠ ᠠᠬᠠᠮᠠᠳ ᠠᠴᠠ ᠪᠠᠨ ᠴᠢᠳᠦᠷ ᠲᠤᠱᠠ᠂  ᠨᠤᠭᠳᠤ ᠬᠠᠵᠠᠭᠠᠷ᠂  ᠤᠷᠭ᠎ᠠ ᠲᠠᠰᠢᠭᠤᠷ ᠵᠡᠷᠭᠡ ᠠᠳᠤᠭᠤᠨ ᠤ ᠡᠳ᠋ᠯᠡᠯ ᠬᠢᠬᠦ ᠵᠡᠷᠭᠡ ᠠᠷᠭ᠎ᠠ ᠮᠡᠷᠭᠡᠵᠢᠯ ᠢ ᠰᠤᠷᠴᠤ  ᠦᠪᠯᠡᠬᠡᠳ᠂  ᠡᠳᠦᠷ ᠤᠨ ᠤᠳᠠᠭᠠᠨ  ᠎ ᠳᠠᠭᠠᠨ ᠮᠡᠷᠭᠡᠰᠢᠵᠦ ᠴᠠᠭᠠᠷᠠᠭᠰᠠᠨ ᠪᠠᠶᠢᠪᠠ᠃  ᠭᠠᠩᠰᠦ᠋ᠬᠡ ᠴᠢᠳᠦᠷ ᠮᠤᠰᠬᠢᠬᠤ  ᠎ ᠳᠠᠭᠠᠨ ᠭᠠᠷᠮᠠᠭᠠᠢ  ᠪᠠᠶᠢᠵᠤ᠂ ᠤᠯᠠᠨ ᠵᠦᠢᠯ ᠤᠨ ᠮᠠᠲ᠋ᠧᠷᠢᠶᠠᠯ ᠢᠶᠠᠷ ᠴᠢᠳᠦᠷ ᠮᠤᠰᠬᠢᠵᠤ ᠴᠢᠳᠠᠳᠠᠭ ᠮᠦᠷᠳᠡᠭᠡᠨ ᠲᠡᠬᠦᠨ ᠤ ᠮᠤᠰᠬᠢᠭᠰᠠᠨ ᠴᠢᠳᠦᠷ ᠨᠢ  ᠲᠠᠮᠤᠯᠳᠠ ᠰᠠᠶᠢᠨ᠂ ᠡᠷᠴᠢᠮ ᠴᠢᠩᠭ᠎ᠠ᠂  ᠨᠢᠬᠳᠠ ᠪᠠᠬᠢᠯᠢᠭ᠌ ᠪᠤᠯᠳᠠᠭ᠃  ᠤᠳᠤ ᠮᠠᠯᠵᠢᠬᠤ ᠤᠷᠤᠨ ᠳᠤ ᠴᠢᠳᠦᠷ ᠮᠤᠰᠬᠢᠵᠤ ᠴᠢᠳᠠᠬᠤ ᠬᠦᠮᠦᠨ ᠴᠦᠬᠡᠨ ᠪᠤᠯᠤᠭᠰᠠᠨ ᠪᠠᠶᠢᠳᠠᠯ ᠳᠤ ᠴᠢᠭᠯᠡᠬᠦᠯᠵᠦ᠂  ᠭᠠᠩᠰᠦ᠋ᠬᠡ ᠦᠪᠡᠷ ᠤᠨ ᠰᠤᠷᠴᠤ ᠡᠵᠡᠮᠰᠢᠭᠰᠡᠨ ᠴᠢᠳᠦᠷ ᠮᠤᠰᠬᠢᠬᠤ ᠮᠡᠷᠭᠡᠵᠢᠯ ᠢᠶᠠᠨ ᠮᠠᠯᠴᠢᠨ ᠲᠡᠬᠦᠦᠨᠡᠷ  ᠎ ᠲᠡᠭᠡᠨ  ᠵᠢᠭᠠᠵᠤ ᠰᠤᠷᠭᠠᠨ᠂  ᠡᠨᠡᠬᠦ ᠤᠯᠠᠮᠵᠢᠯᠠᠯᠳᠤ ᠦᠪ ᠰᠤᠶᠤᠯ ᠎ ᠢ ᠤᠯᠠᠮᠵᠢᠯᠠᠨ ᠵᠠᠯᠭᠠᠮᠵᠢᠯᠠᠭᠤᠯᠬᠤ ᠪᠠᠷ ᠴᠢᠷᠮᠠᠶᠢᠵᠤ ᠶᠠᠪᠤᠨ᠎ᠠ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号