1675 ᠤᠨ ︵ᠡᠩᠬᠡ ᠠᠮᠤᠭᠤᠯᠠᠩ ᠤᠨ ᠠᠷᠪᠠᠨ ᠲᠦᠷᠪᠡᠳᠦᠭᠡᠷ ᠤᠨ ᠤ ᠦᠶᠡᠰ︶ ᠳᠤ᠂ ᠮᠠᠨᠵᠤ ᠶᠢᠨ | ᠨᠤᠶᠠᠷᠬᠠᠭᠴᠢᠳ ᠠᠴᠠ ᠴᠠᠬᠠᠷ ᠤᠨ ᠪᠦᠷᠨᠡᠢ ᠴᠢᠨ ᠸᠠᠩ ᠤᠨ ᠪᠤᠰᠤᠯᠭ᠎ᠠ ᠶᠢ ᠲᠠᠷᠤᠩᠭᠤᠶᠢᠯᠠᠭᠰᠠᠨ ᠤ ᠲᠠᠷᠠᠭ᠎ᠠ᠂ | ᠮᠠᠨᠵᠤ ᠴᠢᠩ ᠤᠨ ᠲᠤᠳᠤᠭᠠᠳᠤ ᠶᠠᠮᠤᠨ ᠤ ᠰᠢᠭᠤᠳ ᠵᠠᠬᠢᠷᠤᠯ ᠬᠢᠬᠡᠳ ᠲᠠᠶᠢᠹᠤᠰᠧ ᠶᠠᠮᠤᠨ ᠤ ᠵᠠᠬᠢᠷᠭᠠᠨ ᠳᠤ ᠴᠠᠬᠠᠷ | ᠨᠠᠢᠮᠠᠨ ᠬᠤᠰᠢᠭᠤᠨ ᠠᠴᠠ ᠠᠳᠤᠭᠤᠴᠢᠨ ᠤᠳᠤᠮ ᠲᠠᠢ ᠠᠶᠢᠯ ᠡᠷᠦᠬᠡ ᠶᠢ ᠲᠠᠳᠠᠵᠤ᠂ ᠲᠠᠶᠢᠹᠤᠰᠧ ᠪᠠᠷᠠᠭᠤᠨ ᠭᠠᠷᠤᠨ | ᠠᠳᠤᠭᠤᠨ ᠰᠦᠷᠦᠭ᠂ ᠲᠠᠶᠢᠹᠤᠰᠧ ᠵᠡᠬᠦᠨ ᠭᠠᠷᠤᠨ ᠠᠳᠤᠭᠤᠨ ᠰᠦᠷᠦᠭ ᠪᠠᠶᠢᠭᠤᠯᠵᠤ᠂ ᠮᠠᠨᠵᠤ ᠨᠠᠢᠮᠠᠨ ᠬᠤᠰᠢᠭᠤ | ᠶᠢᠨ ᠴᠡᠷᠢᠭ ᠤᠨ ᠠᠭᠳᠠ ᠶᠢ ᠬᠠᠩᠭᠠᠬᠤ ᠠᠳᠤᠭᠤᠨ ᠲᠠᠯᠠᠪᠠᠢ ᠪᠠᠶᠢᠭᠤᠯᠵᠠᠢ᠃ ᠡᠶᠢᠨᠬᠦ ᠮᠠᠨᠵᠤ ᠴᠢᠩ ᠬᠦᠷᠦᠨ ᠤ | ᠤᠤᠯ ᠨᠤᠳᠤᠭ ᠳ᠋ᠠ ᠯᠢᠩ ᠾᠧ ᠤᠷᠴᠢᠮ ᠤᠨ ᠤᠰᠤᠨ ᠭᠤᠷᠪᠠᠨ ᠵᠦᠷᠴᠢᠨ ᠤ ᠮᠠᠯᠵᠢᠯ ᠤᠨ ᠲᠠᠯᠠᠪᠠᠢ ᠶᠢᠨ | ᠰᠢᠯᠢᠳᠡᠭ ᠤᠳᠤᠮ ᠤᠨ ᠠᠳᠤᠭᠤᠨ ᠰᠦᠷᠦᠭ ᠢᠶᠠᠨ ᠠᠪᠴᠢᠷᠠᠭᠰᠠᠨ ᠤ ᠬᠠᠮᠳᠤ᠂ ᠲᠡᠭᠡᠷ᠎ᠡ ᠨᠢ ᠴᠠᠬᠠᠷ ᠯᠢᠭᠳᠡᠨ | ᠬᠠᠭᠠᠨ ᠠᠴᠠ ᠤᠯᠵᠠᠯᠠᠭᠰᠠᠨ ᠴᠠᠭᠠᠨ ᠠᠳᠤᠭᠤᠨ ᠰᠦᠷᠦᠭ ᠢ ᠨᠡᠮᠡᠷᠢᠯᠡᠵᠦ᠂ ᠪᠠᠰᠠ ᠬᠠᠯᠬ᠎ᠠ ᠶᠢᠨ ᠤᠨᠤᠨ ᠰᠡᠯᠡᠩᠬᠡ | ᠮᠦᠷᠡᠨ ᠤ ᠤᠷᠴᠢᠮ ᠤᠨ ᠸᠠᠩ ᠬᠦᠩ ᠨᠠᠷ ᠤᠨ ᠮᠠᠨᠵᠤ ᠶᠢᠨ ᠬᠠᠭᠠᠨ ᠳᠤ ᠲᠠᠯ᠎ᠠ ᠪᠤᠯᠭᠠᠵᠤ ᠪᠡᠯᠡᠭᠯᠡᠭᠰᠡᠨ ᠤᠯᠠᠨ | ᠲᠤᠭᠠᠨ ᠤ ᠠᠳᠤᠭᠤᠳ ᠢ ᠨᠡᠶᠢᠯᠡᠬᠦᠯᠦᠭᠡᠳ᠂ ᠡᠳᠡᠭᠡᠷ ᠠᠳᠤᠭᠤᠳ ᠢ ᠮᠠᠯᠵᠢᠳᠠᠭ ᠲᠠᠶᠢᠹᠤᠰᠧ ᠵᠡᠬᠦᠨ ᠪᠠᠷᠠᠭᠤᠨ | ᠭᠠᠷᠤᠨ ᠠᠳᠤᠭᠤᠨ ᠰᠦᠷᠦᠭ ᠢ ᠪᠠᠶᠢᠭᠤᠯᠵᠤ ᠮᠠᠯᠵᠢᠭᠤᠯᠤᠭᠰᠠᠨ ᠪᠠᠶᠢᠪᠠ᠃ ᠲᠡᠷᠡ ᠦᠶᠡᠰ᠂ ᠲᠠᠶᠢᠹᠤᠰᠧ ᠵᠡᠬᠦᠨ | ᠭᠠᠷ ᠰᠦᠷᠦᠭ ᠤᠨ ᠠᠯᠪᠠᠨ ᠠᠳᠤᠭᠤ 75 ᠰᠦᠷᠦᠭ ︵ ᠪᠠᠷᠤᠭ 27000 ᠠᠳᠤᠭᠤ︶ ᠪᠠᠶᠢᠵᠤ᠂ ᠲᠡᠭᠡᠷ᠎ᠡ ᠨᠢ | ᠬᠤᠪᠢ ᠠᠶᠢᠯ ᠤᠨ ᠲᠦᠮᠡ ᠭᠠᠷᠤᠢ ᠠᠳᠤᠭᠤ ᠶᠢ ᠨᠡᠮᠡᠪᠡᠯ ᠨᠡᠶᠢᠳᠡ ᠲᠦᠷᠪᠡᠨ ᠲᠦᠮᠡᠭᠡᠳ ᠠᠳᠤᠭᠤ ᠲᠠᠢ ᠪᠠᠶᠢᠵᠠᠢ᠃ | 1913 ᠤᠨ ᠳᠤ ᠲᠠᠶᠢᠹᠤᠰᠧ ᠵᠡᠬᠦᠨ ᠭᠠᠷ ᠤᠨ ᠠᠯᠪᠠᠨ ᠠᠳᠤᠭᠤ ᠶᠢ ᠲᠤᠮᠳᠠᠳᠤ ᠢᠷᠭᠡᠨ ᠤᠯᠤᠰ ᠤᠨ ᠬᠠᠭᠤᠷᠠᠢ | ᠵᠠᠮ ᠤᠨ ᠴᠡᠷᠢᠭ ᠤᠨ ᠠᠭᠳᠠ ᠶᠢᠨ ᠲᠠᠯᠠᠪᠠᠢ ᠳᠤ ᠲᠤᠰᠢᠶᠠᠭᠰᠠᠨ ᠢᠶᠠᠷ᠂ ᠮᠠᠨᠵᠤ ᠶᠢᠨ ᠠᠯᠪᠠᠨ ᠠᠳᠤᠭᠤ ᠨᠢ | ᠲᠠᠶᠢᠹᠤᠰᠧ ᠨᠤᠳᠤᠭ ᠠᠴᠠ ᠠᠩᠬᠢᠵᠢᠷᠠᠭᠰᠠᠨ ᠶᠤᠮ᠃ 1945 ᠤᠨ ᠪᠤᠯᠬᠤ ᠳᠤ᠂ ᠴᠠᠭ ᠲᠦᠷᠦ ᠶᠢᠨ ᠬᠤᠪᠢᠰᠤᠯ | ᠂ ᠲᠠᠶᠢᠨ ᠲᠠᠵᠢᠨ ᠤ ᠦᠢᠮᠡᠬᠡᠨ ᠠᠴᠠ ᠪᠤᠯᠤᠭᠠᠳ ᠲᠠᠶᠢᠹᠤᠰᠧ ᠵᠡᠬᠦᠨ ᠭᠠᠷ ᠬᠤᠰᠢᠭᠤ ᠨᠢ ᠬᠤᠷᠢᠭᠠᠳ ᠠᠳᠤᠭᠤᠨ | ᠰᠦᠷᠦᠭ ᠲᠠᠢ ᠯᠠ ᠦᠯᠡᠳᠡᠵᠦ᠂ ᠭᠤᠷᠪᠠᠨ ᠮᠢᠩᠭ᠎ᠠ ᠭᠠᠷᠤᠢ ᠠᠳᠤᠭᠤ ᠲᠠᠢ ᠨᠤᠳᠤᠭ ᠪᠤᠯᠪᠠ᠃ | ᠲᠠᠶᠢᠹᠤᠰᠧ ᠵᠡᠬᠦᠨ ᠭᠠᠷ ᠰᠦᠷᠦᠭ ᠨᠢ ᠲᠦᠷᠦ ᠬᠦᠷᠦᠨ ᠤ ᠠᠳᠤᠭᠤᠨ ᠲᠠᠯᠠᠪᠠᠢ ᠪᠠᠶᠢᠭᠰᠠᠨ ᠲᠤᠯᠠ ᠰᠠᠶᠢᠨ | ᠮᠤᠷᠢ ᠮᠤᠩ ᠦᠬᠡᠢ ᠤᠯᠠᠨ ᠪᠠᠶᠢᠵᠠᠢ᠃ ᠮᠡᠳᠡᠬᠦ ᠵᠢᠱᠢᠶ᠎ᠡ ᠶᠢ ᠲᠤᠷᠠᠳᠪᠠᠰᠤ᠂ 1903 ᠤᠨ ︵ᠬᠠᠷᠠᠭᠴᠢᠨ | ᠲᠠᠤᠯᠠᠢ ᠵᠢᠯ︶ ᠳᠤ ᠬᠡᠶᠢᠪᠡᠩ ᠤᠨ ᠭᠤᠤᠯ ᠤᠨ ᠬᠠᠵᠠᠭᠤᠳᠠᠬᠢ ᠠᠯᠳᠠᠨ ᠰᠢᠷᠡᠭᠡᠳᠦ ᠶᠢᠨ ᠲᠠᠯ᠎ᠠ ᠳᠤ ᠵᠠᠩᠵᠢᠶ᠎ᠠ ᠬᠡᠬᠡᠨ | ᠵᠠᠯᠠᠷᠠᠨ ᠪᠠᠭᠤᠭᠰᠠᠨ ᠤ ᠶᠡᠭᠡ ᠨᠠᠶᠢᠷ ᠢ ᠬᠢᠬᠦ ᠳᠤ ᠲᠠᠯᠠᠨ ᠭᠠᠵᠠᠷ ᠤᠨ ᠠᠯᠤᠰ ᠠᠴᠠ ᠲᠠᠪᠤᠨ ᠵᠠᠭᠤᠨ ᠠᠭᠳᠠ ᠮᠤᠷᠢ | ᠤᠷᠤᠯᠳᠤᠭᠤᠯᠵᠤ᠂ ᠲᠠᠶᠢᠹᠤᠰᠧ ᠵᠡᠬᠦᠨ ᠭᠠᠷ ᠰᠦᠷᠦᠭ ᠤᠨ ᠮᠤᠳᠤᠨ ᠰᠦᠮ᠎ᠡ ᠬᠤᠳᠠ ᠶᠢᠨ ᠴᠠᠭᠳᠠᠷᠭᠤᠮᠪᠤ ᠶᠢᠨ | ᠬᠦᠷᠡᠩ ᠮᠤᠷᠢ ᠲᠡᠷᠢᠬᠦᠯᠡᠵᠦ᠂ ᠵᠠᠩᠵᠢᠶ᠎ᠠ ᠬᠡᠬᠡᠨ ᠠᠴᠠ ᠢᠷᠤᠭᠠᠷ ᠲᠠᠭᠠᠨ ᠶᠤᠸᠠᠨ ᠤᠯᠤᠰ ᠤᠨ ᠲᠠᠮᠠᠭ᠎ᠠ ᠲᠠᠢ᠂ | ᠦᠩᠬᠡ ᠶᠢᠨ ᠲᠤᠯᠤᠭᠠᠨ ᠠᠷᠰᠯᠠᠨ ᠲᠤᠭᠯᠠᠭᠰᠠᠨ ᠠᠯᠳᠠᠨ ᠬᠦᠷᠢᠶ᠎ᠡ ᠲᠠᠢ ᠱᠠᠵᠠᠩ ᠠᠶᠠᠭ᠎ᠠ ᠪᠠᠷ ᠱᠠᠩᠨᠠᠯ᠎ᠠ ᠬᠡᠳᠡᠭ᠃ | 1930 ᠤᠨ ︵ᠴᠠᠭᠠᠨ ᠮᠤᠷᠢᠨ ᠵᠢᠯ︶ ᠳᠤ ᠪᠠᠨᠳᠢᠳᠠ ᠭᠡᠭᠡᠨ ᠬᠡᠶᠢᠳ ︵ᠪᠡᠶᠢᠰᠡ ᠶᠢᠨ ᠰᠦᠮ᠎ᠡ︶ ᠳᠤ ᠪᠠᠨᠴᠢᠨ | ᠪᠤᠭᠳᠠ ᠮᠤᠷᠢᠯᠠᠨ ᠪᠠᠭᠤᠵᠤ ᠮᠦᠷᠬᠦᠯ ᠰᠤᠩᠳᠠᠭ ᠲᠠᠯᠪᠢᠬᠤ ᠳᠤ ᠪᠠᠰᠠ ᠶᠡᠭᠡ ᠨᠠᠶᠢᠷ ᠬᠢᠵᠦ᠂ ᠲᠠᠯᠠᠨ ᠭᠠᠵᠠᠷ ᠤᠨ | ᠠᠯᠤᠰ ᠠᠴᠠ ᠭᠤᠷᠪᠠᠨ ᠵᠠᠭᠤᠨ ᠠᠭᠳᠠ ᠲᠠᠯᠪᠢᠬᠤ ᠳᠤ ᠲᠠᠶᠢᠹᠤᠰᠧ ᠵᠡᠬᠦᠨ ᠭᠠᠷ ᠬᠤᠰᠢᠭᠤᠨ ᠤ ᠬᠦᠪᠡᠭᠡᠳᠦ ᠰᠢᠷ᠎ᠠ | ᠰᠤᠮᠤᠨ ᠤ ᠵᠦᠩᠨᠡᠢ ᠮᠡᠶᠢᠷᠡᠨ ᠤ ᠬᠤᠸᠠ ᠮᠤᠷᠢ ᠲᠡᠷᠢᠬᠦᠯᠡᠵᠡᠢ᠃ 1936 ᠤᠨ ᠳᠤ ᠲᠡᠮᠴᠤᠭᠳᠤᠩᠷᠤᠪ ᠸᠠᠩ ᠤᠨ | ᠵᠠᠪᠰᠠᠷ ︵ ᠬᠤᠸᠠᠳᠧ︶ ᠲᠤ ᠬᠢᠭᠰᠡᠨ ᠰᠢᠯᠢ ᠶᠢᠨ ᠭᠤᠤᠯ ᠤᠨ ᠠᠷᠪᠠᠨ ᠬᠤᠰᠢᠭᠤ ᠪᠠ ᠴᠠᠬᠠᠷ ᠤᠨ ᠠᠷᠪᠠᠨ | ᠬᠤᠰᠢᠭᠤᠨ ᠤ ᠬᠠᠮᠳᠤᠷᠠᠭᠰᠠᠨ ᠶᠡᠭᠡ ᠴᠢᠭᠤᠯᠭᠠᠨ ᠨᠠᠶᠢᠷ ᠲᠡᠭᠡᠷ᠎ᠡ ᠲᠠᠯᠠᠨ ᠭᠠᠵᠠᠷ ᠤᠨ ᠠᠯᠤᠰ ᠠᠴᠠ ᠭᠤᠷᠪᠠᠨ ᠵᠠᠭᠤ | ᠭᠠᠷᠤᠢ ᠮᠤᠷᠢ ᠤᠷᠤᠯᠳᠤᠭᠤᠯᠵᠤ᠂ ᠲᠠᠶᠢᠹᠤᠰᠧ ᠵᠡᠬᠦᠨ ᠭᠠᠷ ᠬᠤᠰᠢᠭᠤᠨ ᠤ ᠬᠦᠪᠡᠭᠡᠳᠦ ᠴᠠᠭᠠᠨ ᠰᠤᠮᠤᠨ ᠤ | ᠬᠠᠰᠢᠶᠠᠳᠤ ᠤᠰᠤᠨ ᠤ ᠭᠤ ᠫᠠᠶᠢᠵᠠᠩ ︵ᠭᠤᠮᠪᠤᠵᠠᠪ︶ ᠤᠨ ᠬᠤᠸᠠ ᠮᠤᠷᠢ ᠲᠡᠷᠢᠬᠦᠯᠡᠭᠰᠡᠨ ᠪᠦᠬᠡᠳ ᠲᠠᠷᠠᠭᠠᠬᠠᠨ | ᠨᠢ ︵1938 ᠤᠨ︶ ᠬᠠᠳᠠᠨ ᠬᠤᠰᠢᠭᠤ ᠰᠦᠮ᠎ᠡ ᠲᠡᠭᠡᠷ᠎ᠡ ᠪᠤᠯᠤᠭᠰᠠᠨ ᠵᠤᠳᠪᠠᠵᠠᠪ ᠠᠮᠪᠠᠨ ᠤ ᠴᠠᠬᠠᠷ ᠴᠢᠭᠤᠯᠭᠠᠨ | ᠲᠠᠷᠤᠭ᠎ᠠ ᠲᠡᠪᠰᠢᠭᠰᠡᠨ ᠶᠡᠭᠡ ᠨᠠᠶᠢᠷ ᠤᠨ ᠵᠢᠷᠠᠨ ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ ᠳᠤ ᠭᠤ | ᠫᠠᠶᠢᠵᠠᠩ ᠤᠨ ᠬᠤᠸᠠ ᠮᠤᠷᠢ ᠬᠤᠶᠠᠷ ᠵᠠᠭᠤ ᠭᠠᠷᠤᠢ ᠠᠭᠳᠠ ᠶᠢᠨ ᠲᠤᠮᠳᠠ ᠠᠴᠠ ᠲᠠᠰᠤᠷᠠᠨ ᠦᠵᠦᠬᠦᠷᠯᠡᠵᠦ | ᠲᠠᠬᠢᠨᠳᠠ ᠮᠠᠩᠯᠠᠶᠢᠯᠠᠭᠰᠠᠨ ᠪᠦᠬᠡᠳ ᠲᠠᠶᠢᠹᠤᠰᠧ ᠵᠡᠬᠦᠨ ᠭᠠᠷ ᠬᠤᠰᠢᠭᠤᠨ ᠠᠴᠠ ᠤᠴᠢᠭᠰᠠᠨ ᠬᠤᠷᠢᠨ ᠲᠠᠪᠤᠨ | ᠮᠤᠷᠢᠳ ᠤᠨ ᠲᠤᠳᠤᠷ᠎ᠠ ᠠᠴᠠ ᠪᠠᠰᠠ ᠬᠤᠶᠠᠷ ᠮᠤᠷᠢ ᠨᠢ ᠲᠤᠯᠤᠭ᠎ᠠ ᠪᠠ ᠬᠤᠷᠢᠨ ᠲᠠᠪᠤᠳᠤᠭᠠᠷ ᠲᠤ ᠤᠷᠤᠭᠠᠳ᠂ | ᠲᠠᠶᠢᠹᠤᠰᠧ ᠤᠨ ᠮᠤᠷᠢᠳ ᠴᠠᠬᠠᠷ᠂ ᠰᠢᠯᠢ ᠶᠢᠨ ᠭᠤᠤᠯ ᠳᠤ ᠠᠯᠳᠠᠷᠰᠢᠭᠰᠠᠨ ᠪᠠᠶᠢᠪᠠ᠃ | ᠨᠡᠶᠢᠳᠡ ᠮᠤᠩᠭᠤᠯᠴᠤᠳ ᠤᠨ ᠵᠠᠩᠰᠢᠯ ᠶᠤᠰᠤᠭᠠᠷ ᠲᠠᠶᠢᠹᠤᠰᠧ ᠨᠤᠳᠤᠭ ᠤᠨ ᠬᠢᠨ ᠴᠤ ᠨᠠᠶᠢᠷ ᠲᠤ ᠲᠠᠯᠪᠢᠬᠤ | ᠮᠤᠷᠢᠳ ᠢ ᠡᠷᠳᠡ ᠠᠴᠠ ᠤᠶᠠᠵᠤ ᠰᠤᠶᠢᠨᠠ᠃ ᠠᠭᠳᠠ ᠮᠤᠷᠢ ᠲᠤᠯᠤᠭᠠᠨ ᠨᠠᠰᠤ ᠬᠦᠷᠪᠡᠯ ᠨᠠᠰᠤ ᠪᠡᠶ᠎ᠡ ᠬᠦᠢᠴᠡᠭᠰᠡᠨ | ᠳᠤ ᠲᠤᠭᠠᠴᠠᠵᠤ᠂ ᠬᠤᠯᠠ ᠤᠷᠤᠯᠳᠤᠭᠠᠨ ᠳᠤ ᠤᠶᠠᠵᠤ ᠪᠤᠯᠤᠨ᠎ᠠ᠃ ᠲᠤᠯᠤᠭᠠᠨ ᠨᠠᠰᠤᠨ ᠠᠴᠠ ᠡᠮᠦᠨ᠎ᠡ ᠮᠤᠷᠢᠨ | ᠤ ᠰᠤᠶᠤᠭ᠎ᠠ ᠰᠢᠳᠦᠨ ᠤ ᠤᠷᠭᠤᠯᠳᠠ ᠪᠦᠷᠢᠳᠦᠭᠡᠳᠦᠢ ᠲᠤᠯᠠ ᠰᠤᠶᠤᠭᠠᠯᠠᠩ ᠦᠷᠢᠶ᠎ᠡ ᠶᠢ ᠤᠷᠤᠯᠳᠤᠭᠠᠨ ᠤ ᠬᠤᠯᠠ | ᠵᠠᠮ ᠳᠤ ᠵᠦᠳᠡᠭᠡᠪᠡᠯ ᠰᠢᠷᠪᠦᠰᠦ ᠶᠠᠰᠤᠨ ᠤ ᠪᠤᠶᠢᠵᠢᠯᠳᠠ ᠳᠤ ᠮᠠᠭᠤ ᠬᠡᠳᠡᠭ᠃ | ᠨᠠᠶᠢᠷ ᠨᠠᠭᠠᠳᠤᠮ ᠨᠢ ᠶᠡᠷᠤ ᠳᠡᠭᠡᠨ ᠵᠢᠯ ᠪᠦᠷᠢ ᠶᠢᠨ ᠲᠤᠯᠤᠭ᠎ᠠ ᠨᠠᠢᠮᠠᠳᠤᠭᠠᠷ ᠰᠠᠷ᠎ᠠ ᠶᠢᠨ ᠬᠤᠭᠤᠷᠤᠨᠳᠤ | ᠪᠤᠯᠳᠠᠭ᠃ ᠡᠨᠡ ᠦᠶ᠎ᠠ ᠳᠤ ᠶᠠᠭ ᠰᠠᠶᠢᠬᠠᠨ ᠠᠭᠤᠷ ᠠᠮᠢᠰᠬᠤᠯ ᠡᠶᠡᠪᠡᠷᠬᠦᠤ᠂ ᠬᠤᠷ᠎ᠠ ᠪᠤᠷᠤᠭᠠᠨ ᠲᠡᠭᠰᠢ᠂ ᠡᠪᠡᠰᠤ | ᠤᠷᠭᠤᠮᠠᠯ ᠴᠡᠯᠭᠡᠷᠡᠵᠤ ᠨᠤᠭᠤᠭᠠᠷᠠᠨ ᠠᠳᠤᠭᠤ ᠮᠠᠯ ᠬᠦᠯᠯᠡᠨ ᠲᠠᠷᠭᠤᠯᠠᠵᠤ᠂ ᠰᠦ ᠰᠠᠭᠠᠯᠢ ᠡᠯᠪᠡᠭᠵᠢᠭᠰᠡᠨ ᠲᠠᠩᠰᠤᠭ | ᠡᠷᠡᠨ ᠪᠠᠶᠢᠳᠠᠭ᠃ ᠤᠶᠠᠭᠠᠴᠢᠳ ᠨᠠᠶᠢᠷ ᠨᠠᠭᠠᠳᠤᠮ ᠪᠤᠯᠬᠤ ᠰᠤᠷᠠᠭ ᠴᠢᠮᠡᠭᠡ ᠶᠢ ᠰᠤᠨᠤᠰᠤᠩᠭᠤᠳᠠ ᠠᠶᠢᠯ ᠤᠰᠤ | ᠪᠠᠷ ᠢᠶᠠᠨ ᠬᠦᠯ ᠪᠤᠯᠵᠤ ᠤᠷᠤᠯᠳᠤᠭᠠᠨ ᠤ ᠮᠤᠷᠢᠳ ᠢᠶᠠᠨ ᠪᠠᠷᠢᠵᠤ᠂ ᠡᠪᠡᠰᠤ ᠬᠤᠯᠤᠰᠤ ᠶᠢ ᠨᠢ ᠠᠩᠬᠠᠷᠤᠨ᠂ ᠤᠰᠤ | ᠬᠦᠯᠦᠰᠤ ᠶᠢ ᠨᠢ ᠬᠢᠴᠢᠶᠡᠵᠤ᠂ ᠤᠶᠠᠯᠭ᠎ᠠ ᠰᠦᠢᠯᠭ᠎ᠠ ᠶᠢ ᠨᠢ ᠲᠡᠩᠴᠡᠬᠦᠯᠳᠡᠭ᠃ ᠵᠢᠷᠤᠭ᠎ᠠ ᠮᠤᠷᠢᠳᠠᠨ ᠨᠢ ᠡᠮᠡᠭᠡᠯ | ᠲᠤᠬᠤᠰᠢ ᠶᠢ ᠨᠢ ᠭᠤᠶᠤᠯᠠᠵᠤ᠂ ᠦᠰᠤ ᠲᠡᠯ ᠢ ᠨᠢ ᠶᠠᠩᠵᠤᠯᠠᠵᠤ᠂ ᠲᠠᠬ᠎ᠠ ᠲᠤᠭᠤᠷᠠᠢ ᠶᠢ ᠨᠢ ᠵᠠᠰᠠᠵᠤ᠂ ᠠᠮᠠᠭᠠᠢ | ᠵᠤᠤᠵᠠᠢ ᠶᠢ ᠨᠢ ᠵᠤᠬᠢᠷᠠᠭᠤᠯᠵᠤ᠂ ᠠᠯᠬᠤᠳᠠᠯ ᠬᠢᠰᠬᠢᠳᠡᠯ ᠢ ᠨᠢ ᠪᠤᠯᠪᠠᠰᠤᠷᠠᠭᠤᠯᠳᠠᠭ᠃ | ᠮᠣᠷᠢ ᠶᠢ ᠵᠢᠯ ᠤᠨ ᠲᠤᠷᠰᠢ ᠲᠠᠷᠭᠤ ᠬᠦᠴᠦ ᠶᠢ ᠨᠢ ᠠᠯᠲᠠᠭᠤᠯᠬᠤ ᠦᠭᠡᠢ᠂ ᠪᠡᠶ᠎ᠡ ᠶᠢᠨ ᠬᠥᠨᠳᠡᠭᠦᠷ ᠠᠴᠠ | ᠭᠠᠷᠭᠠᠬᠤ ᠶᠢᠨ ᠲᠤᠯᠠᠳᠠ ᠤᠨᠤᠵᠤ ᠡᠳ᠋ᠯᠡᠨ᠎ᠡ᠃ ᠮᠥᠨ ᠢᠳᠡᠰᠢ ᠶᠢ ᠨᠢ ᠪᠠᠭᠠᠰᠬᠠᠨ ᠭᠡᠳᠡᠰᠦ ᠳᠣᠲᠣᠷ ᠢ ᠨᠢ | ᠠᠭᠰᠢᠭᠠᠵᠤ᠂ ᠠᠴᠢᠶᠠᠯᠠᠯ ᠢ ᠪᠠᠭ᠎ᠠ ᠪᠠᠭ᠎ᠠ ᠪᠠᠷ ᠨᠡᠮᠡᠭᠳᠡᠭᠦᠯᠵᠦ᠂ ᠡᠬᠢᠯᠡᠭᠡᠳ 4 — 5 ᠺᠢᠯᠤᠮᠧᠲᠷ ᠭᠠᠵᠠᠷ ᠲᠤ | ᠳᠠᠪᠬᠢᠭᠤᠯᠤᠨ᠎ᠠ᠃ ᠶᠡᠭᠡ ᠰᠤᠩᠭᠠᠭ᠎ᠠ ᠠᠴᠠ ᠲᠡᠭᠦᠨ ᠢ 10 — 12 ᠺᠢᠯᠤᠮᠧᠲᠷ ᠪᠣᠯᠭᠠᠵᠤ ᠰᠤᠩᠭᠠᠭᠠᠬᠤ ᠭᠡᠬᠦ | ᠮᠡᠲᠦᠴᠢᠯᠡᠨ ᠪᠡᠯᠡᠳᠭᠡᠯ ᠢ ᠬᠠᠩᠭᠠᠨ᠎ᠠ᠃ ᠮᠣᠩᠭᠤᠯ ᠮᠣᠷᠢ ᠪᠣᠯ ᠪᠡᠶ᠎ᠡ ᠪᠠᠷ ᠪᠠᠭ᠎ᠠ᠂ ᠬᠥᠯ ᠪᠣᠭᠤᠨᠢ ᠲᠠᠢ ᠂ | ᠪᠡᠯᠴᠢᠭᠡᠷ ᠲᠤ ᠢᠳᠡᠭᠡᠰᠢᠳᠡᠭ ᠤᠴᠢᠷ ᠠᠴᠠ ᠳᠣᠲᠣᠷ ᠡᠷᠭᠡᠳᠡᠨ ᠤ ᠡᠵᠡᠯᠡᠬᠦᠨ ᠲᠣᠮᠣ ᠪᠠᠶᠢᠳᠠᠭ᠃ ᠳᠡᠭᠡᠭᠦ ᠪᠠᠷ | ᠮᠣᠷᠢ ᠶᠢ ᠳᠠᠪᠬᠢᠭᠤᠯᠵᠤ ᠬᠤᠷᠳᠤ ᠶᠢ ᠨᠢ ᠨᠡᠮᠡᠬᠦ ᠶᠢᠨ ᠲᠤᠯᠠᠳᠠ ᠳᠣᠲᠣᠷ᠎ᠠ ᠡᠷᠭᠡᠳᠡᠨ ᠢ ᠨᠢ ᠪᠠᠭᠠᠰᠬᠠᠵᠤ᠂ | ᠢᠳᠡᠰᠢ ᠶᠢ ᠨᠢ ᠬᠢᠵᠠᠭᠠᠷᠯᠠᠬᠤ ᠵᠠᠶᠢᠯᠠᠰᠢ ᠦᠭᠡᠢ ᠱᠠᠭᠠᠷᠳᠠᠯᠭ᠎ᠠ ᠲᠠᠢ ᠪᠤᠯᠳᠠᠭ᠃ ᠶᠡᠷᠦᠨᠢ ᠠᠳᠤᠭᠤ ᠪᠤᠯ ᠶᠡᠭᠡ | ᠢᠳᠡᠮᠡᠭᠡᠢ ᠠᠮᠢᠳᠠᠨ᠃ ᠲᠡᠶᠢᠮᠦ ᠠᠴᠠ ᠤᠶᠠᠵᠤ ᠪᠠᠶᠢᠭ᠎ᠠ ᠮᠤᠷᠢ ᠶᠢ ᠰᠥᠨᠢ ᠨᠢ ᠲᠠᠯᠪᠢᠵᠤ ᠢᠳᠡᠭᠦᠯᠦᠭᠡᠳ ᠡᠳᠦᠷ ᠨᠢ | ᠰᠦᠢᠨ᠎ᠠ ᠭᠡᠰᠡᠨ ᠦᠭᠡ᠃ | ᠮᠤᠷᠢᠨ ᠤᠷᠤᠯᠳᠤᠭᠠᠨ ᠳᠤ ᠤᠷᠤᠯᠴᠠᠬᠤ ᠮᠤᠷᠢᠳ ᠤᠨ ᠤᠯᠠᠨ ᠴᠦᠭᠡᠨ ᠢ ᠬᠢᠵᠠᠭᠠᠷᠯᠠᠳᠠᠭ ᠦᠭᠡᠢ᠂ ᠨᠤᠳᠤᠭ | ᠤᠰᠤ ᠬᠡᠵᠤ ᠬᠤᠪᠢᠶᠠᠳᠠᠭ ᠦᠭᠡᠢ᠂ ᠤᠨᠤᠭᠠᠷᠢ ᠶᠢᠨ ᠬᠦᠮᠦᠨ ᠢ ᠢᠯᠭᠠᠳᠠᠭ ᠦᠭᠡᠢ᠂ ᠵᠦᠪᠭᠡᠨ ᠨᠠᠭᠠᠳᠤᠮ | ᠬᠠᠮᠢᠶᠠᠷᠤᠭᠴᠢ ᠳᠤ ᠨᠠᠷᠠ ᠪᠠᠨ ᠪᠦᠷᠢᠳᠭᠡᠬᠦᠯᠴᠢᠭᠡᠪᠡᠯ ᠤᠷᠤᠯᠳᠤᠭᠠᠨ ᠳᠤ ᠤᠷᠤᠯᠴᠠᠵᠤ ᠪᠦᠷ ᠪᠤᠯᠳᠠᠭ᠃ | ᠬᠤᠷᠳᠤᠨ ᠮᠤᠷᠢᠨ ᠤ ᠤᠷᠤᠯᠳᠤᠭᠠᠨ ᠳᠤ ᠲᠤᠰᠬᠠᠢ ᠲᠠᠯᠠᠪᠠᠢ ᠭᠠᠷᠭᠠᠬᠤ ᠴᠢᠬᠤᠯᠠ ᠦᠭᠡᠢ᠃ ᠬᠠᠷᠢᠨ ᠲᠡᠭᠰᠢ | ᠰᠠᠷᠠᠭᠤᠯ ᠭᠠᠵᠠᠷ ᠢ ᠰᠤᠩᠭᠤᠨ ᠤᠷᠤᠯᠳᠤᠭᠠᠨ ᠤ ᠲᠠᠯᠠᠪᠠᠢ ᠪᠤᠯᠭᠠᠪᠠᠯ ᠪᠤᠯᠴᠢᠬᠠᠳᠠᠭ᠃ ᠤᠷᠤᠯᠳᠤᠬᠤ ᠵᠠᠢ ᠶᠢ ᠨᠠᠶᠢᠷ | ᠨᠠᠭᠠᠳᠤᠮ ᠤᠨ ᠬᠡᠪᠴᠢᠶᠡᠨ ᠤ ᠶᠡᠭᠡ ᠪᠠᠭ᠎ᠠ᠂ ᠢᠷᠡᠭᠰᠡᠨ ᠮᠤᠷᠢᠳ ᠤᠨ ᠤᠯᠠᠨ ᠴᠦᠬᠡᠨ ᠵᠢᠴᠢ ᠠᠭᠤᠷ ᠠᠮᠢᠰᠬᠤᠯ᠂ | ᠭᠠᠵᠠᠷ ᠤᠨ ᠪᠠᠶᠢᠴᠠ ᠵᠡᠷᠭᠡ ᠶᠢ ᠦᠨᠳᠦᠰᠦᠯᠡᠵᠦ ᠪᠠᠶᠢᠭᠠᠳ ᠲᠤᠭᠳᠠᠭᠠᠨ᠎ᠠ᠃ ᠦᠩᠭᠡᠷᠡᠭᠰᠡᠨ ᠳᠤ 80 — 100 | ᠭᠠᠵᠠᠷ ᠲᠠᠯᠪᠢᠵᠤ ᠪᠠᠶᠢᠯ᠎ᠠ ᠭᠡᠳᠡᠭ᠃ ᠤᠶᠢᠷ᠎ᠠ ᠦᠶ᠎ᠡ ᠳᠤ ᠤᠯᠠᠩᠬᠢ ᠳᠠᠭᠠᠨ 20 — 40 ᠭᠠᠵᠠᠷ | ᠤᠷᠴᠢᠮ ᠲᠠᠪᠬᠢᠭᠤᠯᠳᠠᠭ ᠪᠤᠯᠵᠠᠢ᠃ ᠤᠷᠤᠯᠳᠤᠭᠠᠨ ᠤ ᠮᠤᠷᠢᠨ ᠳᠤ ᠲᠤᠭᠳᠠᠭᠰᠠᠨ ᠲᠤᠭ᠎ᠠ ᠦᠬᠡᠢ᠃ | ᠤᠷᠤᠯᠳᠤᠭᠠᠨ ᠤ ᠬᠤᠷᠳᠤᠨ ᠮᠤᠷᠢ ᠶᠢ ᠭᠤᠤᠯᠳᠠᠭᠤ ᠠᠷᠪᠠᠭᠠᠳ ᠨᠠᠰᠤᠨ ᠤ ᠬᠡᠦᠬᠡᠳ ᠵᠠᠶᠢᠳᠠᠩ ᠤᠨᠤᠳᠠᠭ᠃ | ᠮᠤᠷᠢ ᠤᠨᠤᠬᠤ ᠬᠡᠦᠬᠡᠳ ᠭᠤᠶᠤᠮᠰᠤᠭ ᠦᠩᠬᠡ ᠶᠢᠨ ᠲᠤᠷᠭ᠎ᠠ ᠲᠤᠷᠳᠤᠩ ᠦᠮᠦᠳᠦ ᠬᠠᠨᠳᠠᠭᠠᠰᠤ ᠡᠮᠦᠰᠴᠦ᠂ | ᠲᠤᠯᠤᠭᠠᠢ ᠪᠠᠨ ᠦᠩᠬᠡ ᠶᠢᠨ ᠲᠤᠷᠳᠤᠩ ᠢᠶᠠᠷ ᠤᠷᠢᠶᠠᠵᠤ ᠴᠢᠮᠡᠳᠡᠭ᠃ ᠤᠷᠤᠯᠳᠤᠭᠠᠨ ᠠᠴᠠ ᠪᠠᠷᠤᠭ ᠲᠤᠯᠤᠭᠠᠨ | ᠡᠳᠦᠷ ᠤᠨ ᠡᠮᠦᠨ᠎ᠡ ᠮᠤᠷᠢᠨ ᠤ ᠪᠠᠨ ᠲᠡᠯ ᠰᠡᠬᠦᠯ ᠢ ᠰᠠᠶᠢᠬᠠᠨ ᠵᠠᠰᠠᠨ᠎ᠠ᠃ ᠤᠷᠤᠯᠳᠤᠭᠠᠨ ᠤᠶᠢᠷᠠᠳᠤᠪᠠᠯ ᠮᠤᠷᠢᠨ ᠤ | ᠪᠡᠶ᠎ᠡ ᠳᠤ ᠬᠠᠶᠢᠴᠢ ᠮᠡᠰᠡ ᠬᠦᠷᠭᠡᠬᠦ ᠶᠢ ᠴᠡᠭᠡᠷᠯᠡᠨ᠎ᠡ᠃ ᠲᠡᠯ ᠵᠠᠰᠠᠬᠤ ᠳᠠᠭᠠᠨ ᠠᠰᠬᠠᠨ ᠨᠢᠷᠤᠭᠤ ᠲᠠᠢ ᠮᠤᠷᠢᠨ ᠳᠤ | ᠰᠤᠮᠤᠨ ᠲᠡᠯ ᠵᠠᠰᠠᠵᠤ᠂ ᠲᠠᠰᠢᠶᠠᠨ ᠤ ᠭᠡᠰᠡᠭ ᠪᠠ ᠲᠤᠯᠤᠭᠠᠢ ᠨᠢ ᠲᠤᠤᠷ᠎ᠠ ᠰᠢᠭ᠋ ᠮᠤᠷᠢᠨ ᠳᠤ ᠪᠤᠯ ᠮᠦᠭᠡᠷᠦᠨ ᠲᠡᠯ | ᠵᠠᠰᠠᠳᠠᠭ᠃ ᠬᠦᠶᠦᠬᠦ ᠮᠤᠷᠢᠨ ᠤ ᠬᠠᠷᠠᠭ᠎ᠠ ᠶᠢ ᠬᠠᠯᠬᠠᠯᠠᠬᠤ ᠠᠴᠠ ᠵᠠᠶᠢᠯᠠᠰᠬᠢᠵᠤ᠂ ᠬᠡᠵᠢᠬᠡᠨ ᠬᠦᠬᠦᠯ ᠪᠠ ᠮᠤᠨᠳᠠᠭ᠎ᠠ | ᠶᠢ ᠲᠤᠷᠭᠠᠨ ᠤᠳᠠᠰᠤ᠂ ᠲᠤᠷᠳᠤᠩ ᠢᠶᠠᠷ ᠴᠢᠮᠡᠭᠯᠡᠨ ᠤᠷᠢᠶᠠᠵᠤ᠂ ᠰᠡᠬᠦᠯ ᠢ ᠨᠢ ᠪᠤᠷᠪᠢᠨ ᠤ ᠲᠡᠭᠡᠬᠦᠷᠭᠡᠨ ᠲᠠᠰᠤ | ᠪᠠᠷᠢᠵᠤ ᠪᠤᠭᠤᠳᠠᠭ᠃ ᠤᠷᠤᠯᠳᠤᠭᠠᠨ ᠮᠤᠷᠢᠨ ᠳᠤ ᠬᠠᠵᠠᠭᠠᠷ ᠨᠤᠭᠳᠤ ᠪᠠᠶᠢᠬᠤ ᠠᠴᠠ ᠭᠠᠳᠠᠨ᠎ᠠ ᠨᠢᠮᠭᠡᠨ ᠰᠢᠷᠢᠳᠡᠭ | ᠲᠠᠳᠠᠵᠤ᠂ ᠮᠤᠷᠢ ᠤᠨᠤᠬᠤ ᠬᠡᠤᠭᠡᠳ ᠲᠤ ᠲᠦᠭᠡ ᠢᠯᠡᠬᠦᠤ ᠤᠷᠳᠤ ᠶᠠᠰᠤᠯᠢᠭ ᠮᠤᠳᠤᠨ ᠪᠦᠷᠢᠶ᠎ᠠ ᠲᠠᠢ᠂ ᠤᠷᠳᠤ | ᠤᠬᠤᠷ ᠨᠢ ᠪᠦᠷᠢᠶ᠎ᠠ ᠲᠠᠢ ᠨᠢ ᠲᠡᠩᠴᠡᠬᠦᠭᠡᠨ ᠬᠢᠭᠰᠡᠨ ᠬᠠᠪᠳᠠᠭᠠᠢ ᠰᠤᠷ ᠲᠠᠰᠢᠭᠤᠷ ᠪᠠᠷᠢᠭᠤᠯᠳᠠᠭ᠃ ᠡᠶᠢᠮᠤ | ᠲᠠᠰᠢᠭᠤᠷ ᠮᠤᠷᠢ ᠭᠤᠶᠠᠳᠠᠬᠤ ᠳᠤ ᠴᠠᠪᠢᠨ ᠳᠤᠨᠢ ᠬᠦᠷᠬᠦ ᠦᠭᠡᠢ ᠮᠦᠷᠳᠡᠭᠡᠨ ᠬᠡᠷᠡᠭᠯᠡᠬᠦ ᠳᠤ ᠡᠪᠳᠠᠢ ᠪᠠᠶᠢᠳᠠᠭ᠃ | ᠤᠷᠤᠯᠳᠤᠭᠠᠨ ᠳᠤ ᠤᠷᠤᠬᠤ ᠬᠡᠤᠭᠡᠳ ᠦᠪᠡᠷ ᠦᠪᠡᠷ ᠤᠨ ᠮᠤᠷᠢ ᠪᠠᠨ ᠤᠨᠤᠵᠤ᠂ ᠤᠶᠠᠭᠠᠴᠢ ᠨᠢ | ᠬᠦᠳᠦᠯᠦᠨ ᠨᠠᠶᠢᠷ ᠤᠨ ᠲᠤᠭ ᠰᠦᠯᠳᠡ ᠶᠢ ᠵᠦᠪ ᠢᠶᠠᠷ ᠭᠤᠷᠪᠠᠨᠳᠠ ᠡᠷᠬᠢᠭᠡᠳ ᠤᠷᠤᠯᠳᠤᠭᠠᠨ ᠤ ᠮᠤᠷᠢ ᠲᠠᠯᠪᠢᠬᠤ | ᠱᠤᠭᠤᠮ ᠳᠤ ᠤᠴᠢᠨ᠎ᠠ᠃ ᠡᠬᠦᠨ ᠢ ᠰᠠᠩ ᠡᠷᠬᠢᠬᠦ ᠬᠡᠳᠡᠭ᠃ ᠮᠤᠷᠢ ᠤᠨᠤᠭᠰᠠᠨ ᠬᠡᠦᠬᠡᠳ ᠤᠨ ᠭᠡᠷ ᠤᠨ ᠠᠬᠠᠮᠠᠳ ᠨᠢ | ᠪᠤᠶᠤ ᠮᠤᠷᠢᠨ ᠤ ᠡᠵᠡᠨ ᠨᠢ ᠲᠠᠯᠠᠪᠠᠢ ᠳᠤ ᠤᠷᠤᠬᠤ ᠳᠤ ᠪᠠᠷ᠎ᠠ ᠪᠤᠯᠵᠤ᠂ ᠬᠡᠦᠭᠡᠳ ᠢ ᠮᠤᠷᠢᠨ ᠲᠡᠭᠡᠷ᠎ᠠ ᠨᠢ | ᠤᠨᠤᠭᠤᠯᠳᠠᠭ ᠪᠠ ᠤᠷᠤᠯᠳᠤᠵᠤ ᠢᠷᠡᠮᠡᠭᠴᠠ ᠲᠤᠰᠤᠨ ᠠᠪᠴᠤ ᠪᠠᠭᠤᠯᠭᠠᠭᠠᠳ ᠬᠦᠮᠦᠨ ᠢ ᠨᠢ ᠠᠮᠠᠷᠠᠭᠤᠯᠵᠤ | ᠮᠤᠷᠢ ᠶᠢ ᠨᠢ ᠡᠷᠬᠢᠬᠦᠯᠵᠤ ᠠᠮᠢᠰᠬᠤᠭᠤᠯᠳᠠᠭ ᠵᠤᠷᠰᠢᠯ ᠲᠠᠢ᠃ | ᠬᠤᠷᠳᠤᠨ ᠮᠤᠷᠢᠨ ᠤ ᠤᠷᠤᠯᠳᠤᠭᠠᠨ ᠨᠢ ᠤᠷᠤᠯᠳᠤᠬᠤ ᠲᠠᠯᠠᠪᠠᠢ ᠳᠤ ᠬᠢᠵᠠᠭᠠᠷᠯᠠᠭᠳᠠᠬᠤ ᠦᠭᠡᠢ ᠪᠤᠯᠬᠤᠷ | ᠬᠡᠳᠦᠨ ᠠᠷᠪᠠᠠ ᠮᠤᠷᠢᠳ ᠢ ᠨᠢᠭᠡ ᠲᠤᠤᠷ᠎ᠠ ᠬᠦᠶᠦᠯᠭᠡᠵᠤ᠂ ᠡᠮᠦᠨ᠎ᠡ ᠬᠤᠶᠢᠨ᠎ᠠ ᠢᠷᠡᠭᠰᠡᠨ ᠲᠡᠰ ᠲᠠᠷᠠᠭᠠᠯᠠᠯ ᠢᠶᠠᠷ | ᠬᠤᠷᠳᠤᠴᠠ ᠪᠤᠯᠭᠠᠨ ᠲᠡᠷᠢᠬᠦᠨ ᠲᠡᠳ᠋ ᠢ ᠰᠢᠯᠭᠠᠷᠠᠭᠤᠯᠳᠠᠭ᠃ | ᠮᠤᠷᠢ ᠤᠷᠤᠯᠳᠤᠬᠤ ᠳᠤ ᠭᠠᠷᠤᠭᠠᠨ ᠤ ᠴᠡᠭ ᠲᠤ ᠬᠦᠷᠴᠦ ᠨᠡᠷ᠎ᠡ ᠲᠡᠮᠳᠡᠭᠯᠡᠬᠦᠯᠦᠨ ᠨᠤᠮᠧᠷ ᠢᠶᠠᠨ ᠠᠪᠤᠨ᠎ᠠ᠃ | ᠪᠠᠷᠢᠶᠠᠨ ᠤ ᠭᠠᠵᠠᠷ ᠲᠤ ᠫᠠᠶᠢᠰᠠ ᠤᠯᠭᠤᠬᠤ ᠮᠤᠷᠢᠳᠠᠢ ᠬᠦᠮᠦᠨ ᠲᠤᠬᠢᠷᠠᠭᠤᠯᠬᠤ ᠪᠦᠬᠡᠳ ᠦᠩᠬᠡ ᠪᠦᠷᠢ ᠶᠢᠨ ᠲᠤᠭ | ᠬᠠᠳᠬᠤᠵᠤ᠂ ᠲᠡᠬᠦᠰᠭᠡᠯ ᠤᠨ ᠴᠡᠭ ᠤᠨ ᠲᠤᠭ᠎ᠠ ᠪᠠ ᠱᠤᠭᠤᠮ ᠢ ᠦᠩᠭᠡᠷᠡᠭᠰᠡᠨ ᠤᠷᠢᠳ ᠬᠤᠵᠢᠳ ᠢᠶᠠᠷ ᠨᠢ | ᠫᠠᠶᠢᠰᠠ ᠳ᠋ᠤᠭᠠᠷ ᠤᠯᠭᠤᠨ᠎ᠠ ᠃ ᠵᠤᠤᠵᠠᠢ ᠬᠤᠯᠪᠤᠵᠤ ᠵᠡᠷᠭᠡᠴᠡᠵᠦ ᠢᠷᠡᠭᠰᠡᠨ ᠮᠤᠷᠢᠨ ᠤ ᠵᠦᠪ ᠲᠠᠯ᠎ᠠ ᠶᠢᠨ ᠬᠢ ᠶᠢ | ᠨᠢ ᠲᠡᠷᠢᠬᠦᠨ᠂ ᠪᠤᠷᠤᠭᠤ ᠲᠠᠯ᠎ᠠ ᠶᠢᠨ ᠬᠢ ᠶᠢ ᠨᠢ ᠲᠡᠳ᠋ ᠢᠶᠠᠷ ᠪᠤᠳᠤᠬᠤ ᠵᠠᠩᠰᠢᠯ ᠲᠠᠢ᠃ ᠱᠠᠩ ᠭᠡᠰᠢᠭ ᠨᠢ ᠴᠤ | ᠨᠠᠶᠢᠷ ᠨᠠᠭᠠᠳᠤᠮ ᠤᠨ ᠭᠡᠪᠴᠢᠶ᠎ᠡ᠂ ᠮᠤᠷᠢᠨ ᠤ ᠤᠯᠠᠨ ᠴᠦᠬᠡᠨ᠂ ᠤᠷᠤᠯᠳᠤᠬᠤ ᠵᠠᠮ ᠤᠨ ᠬᠤᠯᠠ ᠤᠶᠢᠷ᠎ᠠ ᠪᠠᠷ | ᠲᠤᠭᠳᠠᠭᠠᠭᠳᠠᠨ᠎ᠠ᠃ ᠤᠷᠤᠯᠳᠤᠭᠠᠨ ᠤ ᠲᠡᠷᠢᠬᠦᠨ ᠮᠤᠷᠢᠨ ᠳᠤ ᠱᠠᠩ ᠦᠭᠴᠦ ᠴᠤᠯᠠ ᠲᠠᠭᠤᠳᠠᠬᠤ ᠪᠠᠷ ᠪᠠᠷᠠᠬᠤ | ᠦᠬᠡᠢ᠂ ᠰᠡᠬᠦᠯ ᠤᠨ ᠮᠤᠷᠢ ᠶᠢ ᠴᠤ ︽ᠪᠠᠶᠠᠨ ᠬᠤᠳᠤᠭᠤᠳᠤ︾ ᠬᠡᠮᠡᠨ ᠡᠩᠬᠦᠷᠡᠶᠢᠯᠡᠨ ᠵᠤᠷᠢᠭᠵᠢᠭᠤᠯᠵᠤ᠂ ᠱᠠᠩ | ᠦᠭᠴᠦ ᠴᠤᠯᠠ ᠲᠠᠭᠤᠳᠠᠳᠠᠭ᠃ | ᠬᠤᠷᠳᠤᠨ ᠮᠤᠷᠢᠨ ᠤ ᠴᠤᠯᠠ | ᠤᠮ ᠰᠠᠶᠢᠨ ᠠᠮᠤᠭᠤᠯᠠᠩ ᠪᠤᠯᠳᠤᠭᠠᠢ | ᠡᠩᠬᠡ ᠰᠠᠶᠢᠨ ᠵᠢᠷᠭᠠᠯᠠᠩ ᠪᠤᠯᠳᠤᠭᠠᠢ | ᠬᠦᠭᠵᠢᠯ ᠪᠠᠳᠠᠷᠠᠯ ᠢ ᠢᠪᠡᠭᠡᠭᠰᠡᠨ | ᠬᠦᠨ ᠴᠠᠪ ᠤᠨ ᠲᠡᠨᠵᠢ ᠲᠡᠭᠡᠷ᠎ᠡ | ᠠᠯᠤᠰ ᠤᠨ ᠤᠷᠤᠯᠳᠤᠭᠠᠨ ᠳᠤ ᠰᠢᠯᠭᠠᠷᠠᠭᠰᠠᠨ | ᠠᠵᠢᠨᠠᠢ ᠬᠦᠯᠦᠭ ᠤᠨ ᠴᠤᠯᠠ | ᠮᠢᠩᠭᠠᠨ ᠴᠠᠭᠠᠨ ᠠᠭᠳᠠ ᠶᠢᠨ | ᠮᠠᠩᠯᠠᠢ ᠲᠡᠷᠢᠬᠦᠨ ᠮᠤᠷᠢᠨ ᠤ | ᠡᠷᠬᠢᠮ ᠰᠠᠶᠢᠬᠠᠨ ᠲᠦᠷᠦᠴᠡ ᠰᠢᠨᠵᠢ ᠶᠢ | ᠡᠭᠡᠰᠢᠭᠯᠡᠨ ᠤᠶᠠᠩᠭᠠᠯᠠᠵᠤ ᠦᠬᠦᠯᠡᠪᠡᠰᠦ | ᠨᠤᠮᠢᠨ ᠲᠠᠯᠠᠢ ᠳᠤ ᠱᠤᠩᠪᠠᠭᠰᠠᠨ | ᠨᠤᠭᠤᠰᠤ ᠭᠠᠯᠠᠭᠤᠨ ᠲᠦᠷᠦᠯᠳᠡ | ᠯᠤᠤᠰ ᠤᠨ ᠤᠷᠤᠨ ᠢ ᠵᠠᠬᠢᠷᠤᠭᠰᠠᠨ | ᠯᠤᠤ ᠮᠠᠳᠠᠷ ᠤᠨ ᠬᠠᠮᠰᠠᠭᠠᠳᠠᠨ ︵ᠮᠠᠯᠠᠭᠠᠢ ᠶᠢᠨ ᠰᠦᠮ᠎ᠡ ᠶᠢᠨ ᠠᠭᠤᠯᠠ ᠶᠢ ᠵᠢᠭᠠᠵᠤ ᠪᠤᠢ︶ | ᠬᠦᠨᠳᠡᠢ ᠬᠠᠩᠭᠠᠢ ᠨᠤᠳᠤᠭ ᠤᠨ | ᠬᠦᠬᠡ ᠠᠷᠰᠯᠠᠨ ᠤ ᠴᠢᠳᠠᠯᠳᠠᠨ ︵ᠠᠷᠰᠯᠠᠩᠳᠤ ᠠᠭᠤᠯᠠ ᠶᠢ ᠵᠢᠭᠠᠵᠤ ᠪᠤᠢ︶ | ᠬᠦᠳᠡᠭᠡ ᠲᠠᠯ᠎ᠠ ᠶᠢ ᠪᠦᠷᠬᠦᠭᠰᠡᠨ | ᠬᠦᠷᠦᠭᠡᠰᠦ ᠵᠡᠭᠡᠷ᠎ᠡ ᠶᠢᠨ ᠤᠳᠤᠮᠳᠠᠨ | ᠬᠠᠨ ᠰᠦᠮᠪᠦᠷ ᠠᠭᠤᠯᠠᠨ ᠤ | ᠭᠠᠷᠤᠳᠢ ᠭᠠᠯᠪᠢᠩᠭ᠎ᠠ ᠶᠢᠨ ᠰᠢᠨᠵᠢᠳᠡᠨ ︵ᠬᠠᠨ ᠰᠤᠪᠤᠷᠭ᠎ᠠ ᠶᠢ ᠵᠢᠭᠠᠵᠤ ᠪᠤᠢ︶ | ᠬᠠᠳᠠᠨ ᠤᠷᠬᠢᠯ ᠢ ᠡᠵᠡᠯᠡᠭᠰᠡᠨ | ᠬᠠᠷᠴᠠᠭᠠᠢ ᠰᠢᠪᠠᠭᠤᠨ ᠤ ᠬᠠᠨᠢᠳᠠᠨ | ᠪᠠᠯᠠᠷ ᠤᠢ ᠶᠢ ᠰᠦᠷᠳᠡᠬᠦᠯᠦᠭᠰᠡᠨ | ᠪᠠᠷᠰ ᠢᠷᠪᠢᠰ ᠤᠨ ᠬᠦᠴᠦᠳᠡᠨ ︵ᠪᠠᠷᠰ ᠠᠭᠤᠯᠠ ᠶᠢ ᠵᠢᠭᠠᠵᠤ ᠪᠤᠢ︶ | ᠪᠠᠷᠳᠠᠭᠠᠳᠤ ᠬᠠᠳᠠᠨ ᠳᠤ ᠤᠷᠤᠮᠳᠠᠭᠰᠠᠨ | ᠪᠤᠭᠤ ᠰᠤᠭᠤ ᠶᠢᠨ ᠤᠭᠰᠠᠭᠠᠳᠠᠨ | ᠮᠠᠨᠳᠤᠮᠠᠯ ᠰᠠᠷᠠᠨ ᠮᠠᠩᠨᠠᠢ | ᠮᠠᠳᠠᠷ ᠵᠢᠭᠠᠰᠤᠨ ᠬᠠᠮᠠᠷ | ᠲᠤᠷᠠᠨ ᠬᠤᠶᠠᠷ ᠨᠢᠳᠦ | ᠲᠤᠩ ᠴᠠᠭᠠᠨ ᠰᠢᠳᠦ | ᠴᠢᠨᠳᠠᠮᠤᠨᠢ ᠡᠷᠳᠡᠨᠢ ᠶᠢᠨ ᠲᠤᠯᠤᠭᠠᠢ | ᠴᠠᠭᠠᠨ ᠯᠤᠤ ᠶᠢᠨ ᠬᠦᠵᠦᠬᠦᠦ | ᠦᠨᠳᠦᠷ ᠶᠡᠭᠡ ᠮᠤᠨᠳᠠᠭ᠎ᠠ ᠲᠡᠯ | ᠦᠨᠢᠳᠡ ᠬᠡᠶᠢᠮᠤᠷᠢ ᠶᠢᠨ ᠪᠡᠯᠭᠡᠳᠡᠯ | ᠰᠤᠯᠪᠢᠬᠤ ᠬᠤᠶᠠᠷ ᠴᠢᠬᠢ | ᠰᠤᠨᠤᠷ ᠰᠡᠷᠭᠡᠢ ᠶᠢᠨ ᠰᠢᠨᠵᠢ | ᠰᠤᠭᠤ ᠶᠢᠨ ᠬᠤᠶᠠᠷ ᠡᠷᠬᠢᠬᠦᠯᠬᠡ | ᠰᠤᠳᠤ ᠵᠢᠬᠦᠷ ᠤᠨ ᠲᠡᠮᠳᠡᠭ | ᠬᠠᠷᠴᠠᠭ᠎ᠠ ᠬᠠᠪᠢᠷᠭ᠎ᠠ ᠶᠢᠨ ᠮᠠᠳᠠᠭᠠᠰᠤ | ᠬᠠᠨ ᠲᠡᠯᠡᠬᠡᠢ ᠶᠢᠨ ᠬᠦᠪᠴᠢ | ᠬᠠᠨᠠᠭᠠᠷ ᠦᠷᠭᠡᠨ ᠲᠠᠰᠢᠶ᠎ᠠ | ᠬᠠᠷᠴᠠᠭᠠᠢ ᠪᠦᠷᠬᠦᠳ ᠤᠨ ᠲᠠᠯᠠᠪᠴᠢ | ᠲᠠᠯ᠎ᠠ ᠶᠢᠨ ᠴᠠᠭᠠᠨ ᠬᠦᠷᠦᠭᠡᠰᠦ | ᠲᠡᠰ ᠰᠢᠪᠠᠭᠤᠨ ᠤ ᠲᠡᠬᠦᠯᠢᠯᠳᠡ | ᠭᠠᠵᠠᠷ ᠡᠪᠬᠢᠨ ᠲᠠᠪᠬᠢᠭᠴᠢ | ᠭᠠᠩ ᠲᠦᠷᠪᠡᠨ ᠲᠤᠭᠤᠷᠠᠢ | ᠢᠯᠭᠤᠮ ᠰᠠᠶᠢᠬᠠᠨ ᠪᠡᠶ᠎ᠡ ᠲᠠᠢ | ᠢᠯᠠᠭᠳᠠᠰᠢ ᠦᠬᠡᠢ ᠬᠦᠶᠦᠳᠡᠯ ᠲᠠᠢ | ᠡᠷᠳᠡᠨᠢ ᠶᠢᠨ ᠬᠦᠯᠦᠭ ᠮᠤᠷᠢᠨ ᠤ | ᠡᠷᠳᠡᠮ ᠴᠢᠳᠠᠯ ᠢ ᠲᠡᠯᠭᠡᠪᠡᠰᠦ | ᠴᠠᠭᠠᠨ ᠵᠡᠭᠡᠷ᠎ᠡ ᠶᠢᠨ ᠲᠠᠪᠬᠢᠯᠳᠠ | ᠴᠠᠨ᠎ᠠ ᠪᠤᠭᠤ ᠶᠢᠨ ᠦᠰᠦᠷᠦᠯᠳᠡ | ᠴᠠᠯᠮ᠎ᠠ ᠵᠢᠭᠠᠰᠤᠨ ᠤ ᠱᠤᠩᠪᠠᠯᠳᠠ | ᠴᠠᠬᠢᠯᠭᠠᠨ ᠬᠢᠯᠪᠢᠬᠦ ᠬᠠᠷᠠᠶᠢᠯᠳᠠ | ᠬᠠᠯᠢᠨ ᠨᠢᠰᠬᠦ ᠪᠦᠷᠬᠦᠳ | ᠬᠠᠷᠪᠤᠭᠰᠠᠨ ᠰᠤᠮᠤᠨ ᠬᠦᠶᠦᠳᠡᠯ | ᠬᠠᠨᠳᠠᠭᠠᠢ ᠪᠤᠭᠤ ᠶᠢᠨ ᠨᠠᠮᠨᠠᠯᠳᠠ | ᠬᠠᠶᠠᠮᠠᠯ ᠨᠠᠷᠢᠨ ᠲᠤᠭᠤᠰᠤ | ᠪᠤᠮᠠᠨ ᠡᠷᠳᠡᠨᠢ ᠪᠦᠷᠢᠳᠦᠭᠰᠡᠨ | ᠪᠤᠯᠤᠳ ᠲᠦᠷᠪᠡᠨ ᠲᠤᠭᠤᠷᠠᠢ ᠶᠢᠨ | ᠪᠤᠳᠠᠷᠠᠨ ᠲᠡᠭᠳᠡᠬᠦ ᠲᠤᠭᠤᠰᠤ | ᠪᠤᠳᠠᠩ ᠮᠠᠨᠠᠨ ᠲᠠᠳᠠᠭᠠᠳ | ᠮᠢᠨᠳᠠᠰᠤᠨ ᠵᠢᠯᠤᠭᠤ ᠰᠤᠩᠭᠠᠵᠤ | ᠮᠢᠩᠭᠠᠨ ᠠᠭᠳᠠ ᠠᠴᠠ ᠮᠠᠩᠯᠠᠶᠢᠯᠠᠵᠤ | ᠠᠯᠳᠠᠨ ᠵᠤᠤᠵᠠᠢ ᠬᠦᠨᠳᠡᠷᠴᠦ | ᠠᠯᠤᠰ ᠤᠨ ᠤᠷᠤᠯᠳᠤᠭᠠᠨ ᠳᠤ ᠲᠡᠷᠢᠬᠦᠯᠡᠪᠡ | ᠡᠵᠡᠨ ᠴᠢᠩᠬᠢᠰ ᠤᠨ ᠠᠳᠤᠭᠤᠨ ᠤ | ᠡᠩᠬᠦᠷᠡᠢ ᠰᠦᠷᠦᠭ ᠤᠨ ᠤᠳᠤᠮ | ᠡᠨᠡ ᠰᠠᠶᠢᠬᠠᠨ ᠬᠦᠯᠦᠭ ᠤᠨ | ᠢᠳᠡᠰᠢᠯᠡᠨ ᠪᠡᠯᠴᠢᠬᠦ ᠨᠤᠳᠤᠭ ᠪᠤᠯᠪᠠᠰᠤ | ᠦᠦᠷᠰᠡᠨ ᠲᠤᠷᠬᠢᠨ ᠲᠤᠭᠯᠠᠭᠰᠠᠨ | ᠦᠵᠦᠮ ᠵᠢᠮᠢᠰ ᠲᠠᠢ ᠪᠤᠱᠤᠭ ᠤᠨ ᠲᠠᠯ᠎ᠠ | ᠦᠷᠬᠦᠨ ᠬᠠᠯᠢᠰᠴᠤ ᠠᠯᠢᠶᠠᠷᠬᠠᠭᠰᠠᠨ | ᠦᠵᠡᠮᠵᠢ ᠭᠤᠶᠤᠬᠠᠨ ᠪᠡᠷᠭᠡ ᠶᠢᠨ ᠠᠭᠤᠯᠠ | ᠠᠭᠯᠠᠭ ᠪᠡᠯᠴᠢᠭᠡᠷ ᠲᠠᠢ ᠮᠦᠷᠬᠦᠴᠡᠭ | ᠠᠭᠤᠳᠠᠮ ᠲᠠᠩᠰᠤᠭ ᠲᠤᠭᠤᠷᠤᠤ ᠲᠠᠯ᠎ᠠ | ᠠᠯᠳᠠᠷ ᠶᠡᠬᠡᠳᠡᠢ ᠪᠠᠶᠠᠨ ᠴᠠᠭᠠᠨ | ᠠᠮᠳᠠᠳᠤ ᠪᠤᠯᠠᠭ ᠤᠯᠠᠭᠠᠨ ᠨᠠᠭᠤᠷ | ᠴᠡᠴᠡᠭᠳᠦ ᠲᠠᠯ᠎ᠠ ᠶᠢᠨ ᠡᠪᠡᠰᠦ ᠶᠢ | ᠴᠢᠮᠬᠢᠯᠡᠨ ᠲᠠᠰᠤᠯᠤᠨ ᠢᠳᠡᠰᠢᠯᠡᠭᠡᠳ | ᠴᠡᠪᠡᠷ ᠲᠤᠩᠭᠠᠯᠠᠭ ᠤᠰᠤ ᠶᠢ | ᠰᠢᠯᠢᠵᠦ ᠰᠢᠮᠡᠭᠡᠳ ᠦᠰᠦᠭᠰᠡᠨ | ᠡᠵᠡᠨ ᠴᠢᠩᠬᠢᠰ ᠤᠨ ᠵᠠᠶᠠᠭᠠᠭᠰᠠᠨ | ᠡᠷᠭᠡᠳᠦ ᠮᠤᠩᠭᠤᠯ ᠨᠤᠳᠤᠭ ᠤᠨ ᠢᠶᠠᠨ | ᠡᠩ ᠠᠭᠤᠳᠠᠮ ᠭᠠᠵᠠᠷ ᠲᠠᠭᠠᠨ | ᠡᠷᠭᠡ ᠲᠤᠷ᠎ᠠ ᠪᠠᠷ ᠢᠶᠠᠨ ᠠᠮᠢᠳᠤᠷᠠᠭᠰᠠᠨ | ᠡᠷᠬᠢᠮ ᠪᠦᠬᠦᠨ ᠢ ᠪᠦᠷᠢᠯᠳᠦᠬᠦᠯᠦᠭᠰᠡᠨ | ᠡᠨᠡ ᠨᠠᠶᠢᠷ ᠲᠤ ᠲᠡᠷᠢᠬᠦᠯᠡᠭᠰᠡᠨ | ᠡᠷᠳᠡᠨᠢ ᠬᠦᠯᠦᠭ ᠮᠤᠷᠢᠨ ᠤ | ᠡᠵᠡᠨ ᠤ ᠬᠢᠨᠢ ᠠᠯᠳᠠᠷ ᠢ ᠮᠡᠳᠡᠭᠡᠯᠡᠪᠡᠰᠦ | ᠨᠠᠭᠠᠳᠤᠮ ᠪᠦᠬᠦᠨ ᠳᠤ ᠲᠤᠭᠤᠰᠤ ᠮᠠᠨᠠᠷᠠᠭᠠᠵᠤ | ᠨᠠᠶᠢᠷ ᠪᠤᠯᠭᠠᠨ ᠳᠤ ᠱᠠᠩ ᠬᠦᠷᠳᠡᠭᠰᠡᠨ | ᠮᠢᠩᠭᠠᠨ ᠴᠠᠭᠠᠨ ᠠᠳᠤᠭᠤ ᠦᠰᠭᠡᠵᠦ | ᠮᠠᠩᠯᠠᠢ ᠲᠡᠷᠢᠬᠦᠨ ᠬᠦᠯᠦᠭ ᠤᠶᠠᠭᠰᠠᠨ | ᠠᠳᠤᠭᠤᠳᠤ ᠨᠤᠳᠤᠭ ᠬᠦᠨᠪᠤᠯᠠᠭ ᠤᠨ | ᠠᠵᠢᠯᠴᠢ ᠴᠢᠨᠡᠭᠡᠯᠢᠭ ᠮᠠᠯᠴᠢᠨ | ᠤᠶᠢᠷ᠎ᠠ ᠬᠤᠯᠠ ᠳᠤ ᠨᠡᠷ᠎ᠡ ᠮᠠᠨᠳᠤᠭᠰᠠᠨ | ᠠᠯᠳᠠᠷᠳᠤ ᠤᠶᠠᠭᠠᠴᠢ ××× ᠪᠤᠶᠤ᠃ | ᠬᠠᠳᠠᠷᠢᠶ᠎ᠠ ᠮᠤᠷᠢᠨ ᠤ ᠶᠠᠪᠤᠳᠠᠯ ᠪᠤᠯ ᠵᠦᠪ ᠲᠠᠯ᠎ᠠ ᠶᠢᠨ ᠡᠮᠦᠨ᠎ᠡ ᠬᠦᠯ ᠨᠢ ᠪᠤᠷᠤᠭᠤ ᠲᠠᠯ᠎ᠠ ᠶᠢᠨ ᠬᠤᠶᠢᠳᠤ | ᠬᠦᠯ ᠲᠠᠢ ᠵᠡᠷᠭᠡ ᠪᠠᠷ ᠤᠷᠤᠭᠰᠢ ᠬᠤᠶᠢᠰᠢ ᠰᠢᠯᠵᠢᠵᠦ ᠶᠠᠪᠤᠬᠤ ᠶᠢ ᠬᠡᠯᠡᠨ᠎ᠡ᠃ ᠬᠠᠳᠠᠷᠢᠶ᠎ᠠ ᠤᠷᠤᠬᠤ ᠪᠤᠯᠤᠮᠵᠢ ᠲᠠᠢ | ᠮᠤᠷᠢ ᠶᠢ ᠲᠠᠨᠢᠭᠰᠠᠨ ᠬᠤᠶᠢᠨ᠎ᠠ᠂ ᠦᠷᠢᠶ᠎ᠡ ᠠᠴᠠ ᠨᠢ ᠡᠬᠢᠯᠡᠨ ᠡᠮᠡᠬᠡᠯ ᠲᠤᠬᠤᠵᠤ᠂ ᠮᠤᠷᠢᠨ ᠤ ᠬᠦᠵᠦᠬᠦᠦ ᠬᠦᠢᠴᠡᠳ | ᠰᠤᠩᠭᠠᠵᠤ ᠴᠢᠳᠠᠬᠤ ᠬᠡᠮᠵᠢᠶ᠎ᠡ ᠪᠠᠷ ᠵᠢᠯᠤᠭᠤ ᠶᠢ ᠨᠢ ᠲᠠᠯᠪᠢᠨ ᠦᠭᠴᠦ᠂ ᠰᠠᠶᠢᠳᠤᠷ ᠬᠦᠨᠳᠡᠷᠦᠨ ᠵᠤᠤᠵᠠᠢ ᠲᠠᠷᠤᠵᠤ | ᠶᠠᠪᠤᠬᠤ ᠲᠠᠳᠬᠠᠯ ᠲᠠᠢ ᠪᠤᠯᠭᠠᠨ᠎ᠠ᠃ ᠬᠠᠳᠠᠷᠢᠶ᠎ᠠ ᠮᠤᠷᠢᠨ ᠤ ᠬᠦᠯ ᠤᠨ ᠵᠦᠬᠡᠬᠡᠯᠳᠡ ᠶᠢᠨ ᠤᠨᠴᠠᠯᠢᠭ᠂ ᠬᠢᠰᠬᠢᠯᠳᠡ | ᠶᠢᠨ ᠴᠢᠩᠭ᠎ᠠ ᠰᠤᠯᠠ᠂ ᠲᠦᠪᠡᠷᠭᠡᠨ ᠤ ᠲᠠᠭᠤ᠂ ᠲᠦᠷᠪᠡᠨ ᠬᠦᠯ ᠤᠨ ᠠᠯᠬᠤᠳᠠᠯ ᠵᠡᠷᠭᠡ ᠶᠢ ᠦᠨᠳᠦᠰᠦᠯᠡᠵᠦ᠂ | ᠬᠠᠷ᠎ᠠ ᠬᠠᠳᠠᠷᠢᠶ᠎ᠠ᠂ ᠲᠠᠶᠢᠪᠢᠷ ᠬᠠᠳᠠᠷᠢᠶ᠎ᠠ᠂ ᠰᠠᠴᠤᠯᠭ᠎ᠠ ᠬᠠᠳᠠᠷᠢᠶ᠎ᠠ᠂ ᠵᠡᠭᠡᠷ᠎ᠡ ᠬᠠᠳᠠᠷᠢᠶ᠎ᠠ᠂ ᠬᠤᠸᠠᠷ ᠬᠠᠳᠠᠷᠢᠶ᠎ᠠ᠂ | ᠰᠤᠮᠤᠨ ᠬᠠᠳᠠᠷᠢᠶ᠎ᠠ ᠬᠡᠵᠦ ᠠᠩᠬᠢᠯᠠᠳᠠᠭ᠃ | ᠵᠢᠷᠤᠭ᠎ᠠ ᠮᠤᠷᠢ ᠶᠢ ᠲᠠᠨᠢᠬᠤ ᠪᠠ ᠰᠤᠷᠭᠠᠬᠤ ᠨᠢ ᠪᠠᠰᠠ ᠨᠢᠬᠡ ᠴᠢᠬᠤᠯᠠ ᠶᠠᠪᠤᠳᠠᠯ ᠃ ᠲᠦᠷᠦᠯᠬᠢ ᠵᠢᠷᠤᠭ᠎ᠠ ᠶᠢ | ᠤᠨᠠᠭᠠᠨ ᠵᠢᠷᠤᠭ᠎ᠠ ᠭᠡᠵᠦ᠂ ᠰᠡᠬᠦᠯ ᠳᠤ ᠤᠷᠤᠭᠰᠠᠨ ᠵᠢᠷᠤᠭ᠎ᠠ ᠶᠢ ᠤᠷᠤᠮᠠᠯ ᠵᠢᠷᠤᠭ᠎ᠠ ᠭᠡᠳᠡᠭ᠃ ᠵᠢᠷᠤᠭ᠎ᠠ ᠮᠤᠷᠢᠨ ᠤ | ᠶᠠᠪᠤᠳᠠᠯ ᠬᠡᠵᠦ ᠨᠢᠬᠡ ᠲᠠᠯ᠎ᠠ ᠶᠢᠨ ᠡᠮᠦᠨ᠎ᠡ ᠬᠤᠶᠢᠳᠤ ᠬᠦᠯ ᠨᠢ ᠵᠡᠷᠭᠡ ᠪᠠᠷ ᠡᠮᠦᠨᠡᠰᠢ ᠬᠤᠶᠢᠰᠢ ᠰᠢᠯᠵᠢᠵᠦ ᠶᠠᠪᠤᠬᠤ | ᠶᠢ ᠬᠡᠯᠡᠨ᠎ᠡ᠃ ᠵᠢᠷᠤᠭ᠎ᠠ ᠮᠤᠷᠢᠨ ᠤ ᠬᠦᠯ ᠤᠨ ᠵᠢᠬᠢᠯᠳᠡ᠂ ᠪᠡᠶ᠎ᠡ ᠶᠢᠨ ᠲᠠᠶᠢᠪᠠᠯᠵᠠᠯᠳᠠ᠂ ᠰᠠᠭᠤᠳᠠᠯ ᠤᠨ ᠵᠠᠰᠠᠯᠳᠠ | ᠵᠡᠷᠭᠡ ᠶᠢ ᠦᠨᠳᠦᠰᠦᠯᠡᠵᠦ᠂ ᠬᠤᠨᠢᠨ ᠵᠢᠷᠤᠭ᠎ᠠ᠂ ᠲᠡᠮᠡᠭᠡᠨ ᠵᠢᠷᠤᠭ᠎ᠠ᠂ ᠡᠯᠬᠦᠬᠡ ᠵᠢᠷᠤᠭ᠎ᠠ᠂ ᠤᠰᠤᠨ ᠵᠢᠷᠤᠭ᠎ᠠ᠂ | ᠲᠡᠯᠮᠡᠨ ᠵᠢᠷᠤᠭ᠎ᠠ ᠬᠡᠬᠦ ᠮᠡᠳᠦ ᠪᠠᠷ ᠠᠩᠬᠢᠯᠠᠨ᠎ᠠ᠃ ᠵᠢᠷᠤᠭ᠎ᠠ ᠮᠤᠷᠢ ᠶᠢ ᠤᠯᠠᠩᠬᠢ ᠳᠠᠭᠠᠨ ᠬᠤᠶᠠᠷ ᠭᠤᠷᠪᠠᠨ ᠵᠠᠭᠤᠨ | ᠠᠯᠳᠠ ᠵᠠᠢ ᠲᠠᠢ ᠭᠠᠵᠠᠷ ᠢ ᠬᠡᠮᠵᠢᠵᠤ ᠲᠤᠭᠳᠠᠭᠠᠭᠠᠳ᠂ ᠤᠶᠢᠷ᠎ᠠ ᠵᠠᠢ ᠲᠤᠳᠤᠷ᠎ᠠ ᠬᠡᠯᠡᠯᠴᠡᠭᠡᠨ ᠤ ᠶᠤᠰᠤᠭᠠᠷ ᠨᠠᠭᠠᠰᠢ | ᠴᠠᠭᠠᠰᠢ ᠬᠡᠳᠤ ᠤᠳᠠᠭ᠎ᠠ ᠵᠢᠷᠤᠭᠠᠯᠠᠭᠤᠯᠳᠠᠭ᠃ ᠵᠢᠷᠤᠭ᠎ᠠ ᠮᠤᠷᠢ ᠶᠢ ᠶᠡᠷᠤ ᠳᠡᠭᠡᠨ ᠠᠷᠭ᠎ᠠ ᠲᠤᠷᠰᠢᠯᠭ᠎ᠠ ᠲᠠᠢ | ᠵᠠᠯᠠᠭᠤ ᠢᠳᠡᠷᠴᠤᠳ ᠤᠨᠤᠵᠤ ᠪᠠᠶᠢᠳᠠᠭ ᠪᠦᠭᠡᠳ ᠤᠨᠤᠬᠤ ᠮᠤᠷᠢ ᠪᠠᠨ ᠮᠦᠨ ᠭᠠᠩᠭᠠᠩ ᠰᠠᠶᠢᠬᠠᠨ ᠵᠠᠰᠠᠵᠤ | ᠴᠢᠮᠡᠭᠯᠡᠳᠡᠭ᠃ | ᠵᠢᠷᠤᠭ᠎ᠠ ᠮᠤᠷᠢᠨ ᠤ ᠴᠤᠯᠠ | ᠠᠯᠳᠠᠨ ᠵᠤᠤᠵᠠᠢ ᠲᠠᠷᠤᠰᠬᠢᠨ | ᠠᠪᠤᠷᠭᠤ ᠬᠦᠵᠦᠬᠦᠦ ᠰᠤᠨᠤᠰᠬᠢᠨ | ᠲᠤᠤᠬᠤᠨ ᠨᠢᠷᠤᠭᠤ ᠪᠦᠮᠪᠦᠯᠵᠡᠨ | ᠲᠤᠭ ᠰᠡᠬᠦᠯ ᠨᠢ ᠵᠠᠳᠠᠷᠠᠰᠬᠢᠨ | ᠬᠠᠵᠠᠭᠤ ᠲᠡᠭᠡᠬᠦᠷ ᠬᠠᠶᠢᠪᠠᠭ᠎ᠠ ᠵᠢᠷᠤᠭ᠎ᠠ | ᠬᠠᠨᠳᠠᠭᠠ ᠠᠳᠠᠯᠢ ᠲᠠᠶᠢᠪᠠᠭᠠ ᠵᠢᠷᠤᠭ᠎ᠠ | ᠵᠢᠷᠤᠭᠠᠰᠤ ᠲᠠᠳᠠᠭᠰᠠᠨ ᠰᠤᠮᠤᠨ ᠵᠢᠷᠤᠭ᠎ᠠ | ᠵᠢᠷᠤᠭ ᠠᠳᠠᠯᠢ ᠭᠠᠩᠭᠠᠩ ᠢᠷᠤᠭᠠ | ᠬᠤᠩᠬᠤᠷ ᠭᠠᠵᠠᠷ ᠤᠨ ᠬᠤᠨᠢᠨ ᠵᠢᠷᠤᠭ᠎ᠠ | ᠬᠤᠯᠠ ᠭᠠᠵᠠᠷ ᠤᠨ ᠡᠯᠬᠦᠬᠡ ᠵᠢᠷᠤᠭ᠎ᠠ | ᠲᠡᠮᠡᠭᠡᠨ ᠬᠦᠶᠦᠳᠡᠯ ᠤᠨ ᠲᠡᠰᠢᠬᠦᠷ ᠵᠢᠷᠤᠭ᠎ᠠ | ᠲᠡᠩᠴᠡᠰᠢ ᠦᠬᠡᠢ ᠠᠪᠴᠠᠳᠠᠢ ᠵᠢᠷᠤᠭ᠎ᠠ | ᠶᠠᠨᠳᠠᠰᠢ ᠦᠬᠡᠢ ᠬᠤᠷᠳᠤᠨ ᠵᠢᠷᠤᠭ᠎ᠠ | ᠶᠠᠪᠤᠬᠤ ᠲᠤᠳᠤᠮ ᠢᠶᠠᠨ ᠢᠳᠡᠳᠡᠢ ᠵᠢᠷᠤᠭ᠎ᠠ | ᠰᠤᠮᠤᠳᠠᠭ᠎ᠠ ᠶᠡᠬᠡᠳᠡᠢ ᠡᠯᠬᠦᠬᠡ ᠵᠢᠷᠤᠭ᠎ᠠ | ᠰᠠᠯᠬᠢ ᠲᠠᠳᠠᠭᠤᠯᠤᠭᠰᠠᠨ ᠬᠤᠷᠳᠤᠨ ᠵᠢᠷᠤᠭ᠎ᠠ | ᠤᠭ ᠠᠴᠠ ᠪᠠᠨ ᠤᠨᠠᠭᠠᠨ ᠵᠢᠷᠤᠭ᠎ᠠ | ᠤᠷᠤᠭᠤ ᠦᠬᠡᠳᠡ ᠦᠬᠡᠢ ᠲᠡᠭᠰᠢ ᠵᠢᠷᠤᠭ᠎ᠠ | ᠤᠷᠢᠳᠤ ᠠᠴᠠ ᠪᠠᠨ ᠤᠰᠤᠨ ᠵᠢᠷᠤᠭ᠎ᠠ | ᠤᠷᠤᠯᠳᠤᠭᠠᠨ ᠳᠤ ᠲᠡᠷᠢᠬᠦᠯᠡᠳᠡᠭ ᠠᠯᠳᠠᠷ ᠲᠠᠢ ᠵᠢᠷᠤᠭ᠎ᠠ | ᠨᠠᠭᠠᠳᠤᠮ ᠪᠦᠬᠦᠨ ᠳᠤ ᠲᠤᠭᠤᠰᠤ ᠲᠠᠢ | ᠨᠠᠶᠢᠷ ᠪᠤᠯᠭᠠᠨ ᠳᠤ ᠱᠠᠩ ᠲᠠᠢ | ᠡᠨᠡ ᠰᠠᠶᠢᠬᠠᠨ ᠬᠦᠯᠦᠭ ᠤᠨ | ᠡᠷᠳᠡᠨᠢᠳᠦ ᠨᠤᠳᠤᠭ ᠬᠠᠮᠢᠭ᠎ᠠ ᠪᠤᠢ ᠭᠡᠮᠡᠪᠡᠰᠦ | ᠲᠦᠮᠡᠨ ᠦᠯᠵᠡᠢ ᠲᠡᠯᠭᠡᠷᠡᠭᠰᠡᠨ | ᠲᠦᠷᠪᠡᠨ ᠬᠦᠴᠦᠳᠡᠨ ᠰᠠᠭᠠᠳᠠᠭᠰᠠᠨ | ᠬᠦᠷᠦᠨ ᠲᠦᠷᠦ ᠳᠤ ᠠᠯᠳᠠᠷ ᠲᠠᠢ | ᠬᠦᠨᠪᠤᠯᠠᠭ ᠬᠡᠮᠡᠬᠦ ᠨᠤᠳᠤᠭ ᠪᠢᠯᠡ᠃ |