ᠪᠦᠬᠡ ᠪᠠᠷᠢᠯᠳᠤᠬᠤ᠂ ᠮᠤᠷᠢ ᠤᠷᠤᠯᠳᠤᠬᠤ᠂ ᠨᠤᠮᠤ ᠰᠤᠮᠤ ᠬᠠᠷᠪᠤᠬᠤ ᠶᠢ ᠲᠡᠦᠬᠡᠨ ᠠᠴᠠ ᠠᠪᠤᠭᠠᠳ ᠮᠤᠩᠭᠤᠯ | ᠦᠨᠳᠦᠰᠦᠳᠡᠨ ᠤ ︽ᠡᠷ᠎ᠡ ᠶᠢᠨ ᠭᠤᠷᠪᠠᠨ ᠨᠠᠭᠠᠳᠤᠮ︾ ᠬᠡᠳᠡᠭ᠃ ᠮᠤᠩᠭᠤᠯ ᠨᠤᠳᠤᠭ ᠤᠨ ᠨᠠᠶᠢᠷ ᠨᠠᠭᠠᠳᠤᠮ ᠳᠤ | ︽ᠡᠷ᠎ᠡ ᠶᠢᠨ ᠭᠤᠷᠪᠠᠨ ᠨᠠᠭᠠᠳᠤᠮ︾ ᠲᠤᠳᠠᠭᠳᠠᠵᠤ ᠪᠤᠯᠤᠰᠢ ᠦᠬᠡᠢ ᠂ ᠮᠤᠩᠭᠤᠯ ᠦᠨᠳᠦᠰᠦᠳᠡᠨ ᠤ ᠠᠷᠠᠳ | ᠲᠦᠮᠡᠨ ᠶᠡᠷᠦᠳᠡᠭᠡᠨ ︽ᠡᠷ᠎ᠡ ᠶᠢᠨ ᠭᠤᠷᠪᠠᠨ ᠨᠠᠭᠠᠳᠤᠮ︾ ᠢᠶᠠᠷ᠂ ᠤᠨᠴᠠᠭᠠᠶᠢᠯᠠᠨ ᠪᠦᠬᠡ ᠶᠢᠨ ᠪᠠᠷᠢᠯᠳᠤᠭᠠᠨ ᠢᠶᠠᠷ | ᠰᠢᠯᠢᠳᠡᠭ ᠢ ᠰᠤᠩᠭᠤᠨ ᠪᠠᠭᠠᠳᠤᠷ ᠲᠦᠷᠢ ᠶᠢ ᠪᠤᠢ ᠪᠤᠯᠭᠠᠵᠤ᠂ ᠨᠡᠩ ᠤᠯᠠᠨ ᠬᠦᠮᠦᠰ ᠢ ᠪᠦᠯᠬᠦᠮᠳᠡᠬᠦᠯᠵᠦ | ᠵᠤᠷᠢᠬᠵᠢᠭᠤᠯᠤᠨ ᠂ ᠢᠳᠡᠭᠡᠯ ᠵᠤᠷᠢᠭ ᠢ ᠨᠢ ᠬᠦᠪᠴᠢᠯᠡᠳᠡᠭ᠃ ᠪᠦᠬᠡᠴᠢᠳ ᠵᠤᠳᠤᠭ ᠲᠤᠤᠬᠤ ᠪᠠᠨ ᠡᠮᠦᠰᠴᠦ᠂ | ᠯᠡᠪᠡᠷᠢ ᠵᠠᠩᠬᠢᠶ᠎ᠠ ᠪᠠᠨ ᠵᠡᠬᠦᠭᠡᠳ᠂ ᠬᠤᠶᠠᠷ ᠭᠠᠷ ᠲᠠᠯ᠎ᠠ ᠠᠴᠠ ᠮᠠᠭᠰᠢᠨ ᠲᠡᠪᠢᠵᠦ ᠨᠠᠶᠢᠷ ᠤᠨ ᠲᠠᠯᠠᠪᠠᠢ ᠳᠤ ᠤᠷᠤᠬᠤ | ᠨᠢ ᠡᠷ᠎ᠡ ᠬᠦᠮᠦᠨ ᠤ ᠴᠤᠭ ᠵᠢᠪᠬᠤᠭ᠎ᠠ ᠶᠢ ᠢᠯᠡᠷᠡᠬᠦᠯᠵᠦ᠂ ᠮᠤᠩᠭᠤᠯ ᠨᠤᠳᠤᠭ ᠤᠨ ᠬᠡᠶᠢᠮᠦᠷᠢ ᠰᠦᠯᠳᠡ ᠶᠢ | ᠰᠡᠷᠬᠦᠭᠡᠵᠦ ᠪᠠᠶᠢᠳᠠᠭ ᠰᠠᠨ᠃ ᠪᠠᠭ᠋ᠠᠷᠤᠨ ᠰᠤᠨᠢᠷᠬᠠᠭᠰᠠᠨ ᠦᠵᠡᠭᠴᠢ ᠲᠦᠮᠡᠨ ᠨᠢ ᠡᠨᠡ ᠨᠠᠶᠢᠷ ᠲᠤ ᠠᠯᠢ | ᠨᠤᠳᠤᠭ ᠤᠨ ᠬᠡᠨ ᠭᠡᠳᠡᠭ ᠪᠦᠬᠡ ᠤᠳᠤ ᠬᠡᠶᠢᠮᠦᠷᠢ ᠲᠠᠢ ᠪᠠᠷᠢᠯᠳᠤᠯ᠎ᠠ ᠬᠡᠵᠦ ᠵᠤᠭᠤᠭ ᠪᠤᠯᠭᠠᠨ ᠶᠠᠷᠢᠳᠠᠭ ᠨᠢ | ᠨᠤᠳᠤᠭ ᠨᠤᠳᠤᠭ ᠤᠨ ᠬᠢᠨᠢ ᠠᠷᠠᠳ ᠲᠦᠮᠡᠨ ᠤ ᠮᠤᠩᠭᠤᠯ ᠪᠦᠬᠡ ᠪᠠᠨ ᠬᠠᠶᠢᠷᠠᠯᠠᠵᠤ᠂ ᠪᠦᠬᠡ ᠶᠢᠨ ᠰᠤᠶᠤᠯ ᠢ | ᠲᠡᠭᠡᠳᠦᠯᠡᠵᠦ ᠪᠠᠶᠢᠳᠠᠭ ᠤᠨ ᠪᠡᠯᠭᠡ ᠲᠡᠮᠳᠡᠭ ᠪᠤᠶᠤ᠃ | ᠡᠷᠳᠡ ᠤᠷᠢᠳᠤ ᠴᠠᠭ ᠲᠤ ᠵᠡᠬᠦᠨ ᠭᠠᠷ ᠲᠠᠶᠢᠹᠤᠰᠧ ᠤᠨ ᠬᠦᠯᠦ ᠬᠦᠬᠡ ᠶᠢᠨ ᠨᠤᠳᠤᠭ ᠲᠤ ︽ ᠰᠢᠷᠢ | ᠪᠠᠷ ᠮᠤᠰᠬᠢᠭᠰᠠᠨ ᠰᠢᠷᠪᠤᠰᠤ ᠲᠠᠢ ᠂ ᠰᠢᠷᠡᠮᠦ ᠪᠠᠷ ᠴᠢᠳᠬᠤᠭᠰᠠᠨ ᠴᠡᠭᠡᠵᠢ ᠲᠠᠢ ᠂ ᠲᠡᠮᠡᠬᠡᠨ ᠴᠢᠨᠡᠬᠡᠨ ᠪᠡᠶ᠎ᠡ ᠲᠠᠢ᠂ | ᠲᠡᠩᠴᠡᠰᠢ ᠦᠬᠡᠢ ᠶᠡᠭᠡ ᠴᠢᠳᠠᠯ ᠲᠠᠢ︾ ᠤᠩᠭᠤᠴᠠᠢ ᠭᠡᠰᠡᠨ ᠠᠪᠤᠷᠭᠤ ᠪᠦᠬᠡ ᠪᠠᠶᠢᠯ᠎ᠠ ᠭᠡᠳᠡᠭ᠃ ᠤᠩᠭᠤᠴᠠᠢ | ᠬᠦᠴᠦ ᠴᠢᠳᠠᠯ ᠮᠡᠭᠡ ᠮᠡᠷᠭᠡᠵᠢᠯ ᠬᠤᠤᠰᠯᠠᠭᠰᠠᠨ ᠤᠷᠠᠨ ᠪᠠᠷᠢᠯᠳᠤᠭᠠᠨ ᠲᠠᠢ ᠪᠦᠬᠡ ᠪᠠᠶᠢᠵᠤ᠂ ᠬᠤᠯᠠ ᠤᠶᠢᠷ᠎ᠠ ᠶᠢᠨ | ᠨᠠᠶᠢᠷ ᠨᠠᠭᠠᠳᠤᠮ ᠳᠤ ᠶᠠᠪᠤᠬᠤ ᠳᠠᠭᠠᠨ ᠮᠤᠩᠭᠤᠯ ᠭᠡᠷ ᠢᠶᠠᠨ ᠡᠬᠦᠷᠴᠦ᠂ ᠲᠡᠭᠡᠷ᠎ᠡ ᠨᠢ ᠨᠠᠰᠤᠳᠠᠢ ᠡᠵᠢ ᠪᠠᠨ | ᠰᠠᠭᠤᠯᠭᠠᠭᠠᠳ ᠶᠠᠪᠠᠭᠠᠨ ᠬᠦᠷᠴᠦ᠂ ᠨᠡᠷ᠎ᠡ ᠴᠤᠤ ᠲᠠᠢ ᠪᠦᠬᠡᠴᠤᠳ ᠢ ᠴᠤᠪᠤᠷᠠᠭᠤᠯᠤᠨ ᠬᠠᠶᠠᠵᠤ ᠲᠡᠷᠢᠬᠦᠯᠡᠭᠡᠳ᠂ | ᠠᠳᠠᠨ ᠲᠡᠮᠡᠭᠡ᠂ ᠠᠵᠢᠨᠠᠢ ᠬᠦᠯᠦᠭ᠂ ᠠᠷᠠᠯ ᠤᠨ ᠱᠠᠷ ᠤᠨ ᠲᠤᠮᠤ ᠱᠠᠩ ᠢ ᠨᠢ ᠬᠦᠳᠦᠯᠦᠬᠡᠳ ᠢᠷᠡᠳᠡᠭ ᠭᠡᠨ᠎ᠡ᠃ | ᠲᠡᠬᠦᠨ ᠢ ᠲᠠᠭᠠᠯᠠᠯ ᠪᠤᠯᠵᠤ ᠤᠨᠠᠭᠰᠠᠨ ᠨᠤᠳᠤᠭ ᠬᠦᠯᠦ ᠬᠦᠭᠡ ᠶᠢᠨ ᠪᠤᠭᠳᠠ ᠶᠢᠨ ᠡᠩᠭᠡᠷ ᠲᠤᠨᠢ ᠬᠦᠳᠡᠭᠡᠯᠡᠭᠰᠡᠨ | ᠬᠤᠶᠢᠨ᠎ᠠ ᠪᠢᠳᠡᠬᠦᠦ ᠴᠡᠭᠡᠵᠢᠨ ᠳᠤᠨᠢ ᠬᠤᠶᠠᠷ ᠴᠢᠨ᠋ᠸ᠎ᠠ ᠡᠬᠦᠷᠯᠡᠭᠡᠳ ᠪᠠᠶᠢᠵᠠᠢ᠃ ᠲᠦᠰᠢᠬᠦᠦ ︵ᠦᠷᠦᠭᠡᠰᠦᠨ | ᠴᠢᠯᠠᠭᠤᠨ ᠬᠠᠭᠠᠯᠭ᠎ᠠ︶ ᠳᠤ ᠠᠶᠠᠨ ᠵᠢᠩ ᠢᠶᠠᠷ ᠶᠠᠪᠤᠵᠤ ᠪᠠᠶᠢᠭᠰᠠᠨ ᠦᠵᠦᠮᠦᠴᠢᠨ ᠤ ᠨᠢᠬᠡ ᠶᠡᠭᠡ ᠯᠠᠮᠠᠳᠠᠨ | ᠤᠩᠭᠤᠴᠠᠢ ᠶᠢᠨ ᠬᠡᠬᠦᠷ ᠪᠡᠶ᠎ᠡ ᠭᠡᠳᠡᠭ ᠢ ᠤᠯᠵᠤ ᠲᠠᠨᠢᠭᠠᠳ᠂ ᠲᠡᠷᠡ ᠲᠤᠤᠷ᠎ᠠ ᠪᠠᠨ ᠠᠶᠠᠨ ᠤ ᠵᠢᠯᠤᠭᠤ ᠪᠠᠨ | ᠡᠪᠬᠡᠵᠦ ᠨᠤᠳᠤᠭ ᠲᠠᠭᠠᠨ ᠲᠡᠭᠡᠭᠡᠵᠦ ᠠᠪᠠᠴᠢᠭᠠᠳ ᠬᠦᠨᠳᠦᠳᠭᠡᠨ ᠤᠷᠤᠰᠢᠭᠤᠯᠵᠦ ᠲᠠᠬᠢᠵᠠᠢ᠃ ᠢᠩᠬᠢᠭᠰᠡᠨ ᠢᠶᠠᠷ | ᠦᠵᠦᠮᠦᠴᠢᠨ ᠨᠤᠳᠤᠭ ᠲᠤ ᠴᠤᠤᠳᠤ ᠪᠦᠬᠡᠴᠤᠳ ᠴᠤᠯᠭᠤᠷᠠᠳᠠᠭ ᠪᠤᠯᠤᠯ᠎ᠠ ᠭᠡᠵᠦ ᠨᠤᠳᠤᠭ ᠤᠨ ᠪᠤᠭᠤᠷᠤᠯᠴᠤᠳ | ᠦᠯᠢᠬᠡᠷ ᠲᠤᠮᠤᠭ ᠲᠠᠢ ᠶᠠᠷᠢᠳᠠᠭ᠃ | ᠤᠩᠭᠤᠴᠠᠢ ᠶᠢᠨ ᠦᠯᠢᠬᠡᠷ ᠤᠨ ᠦᠨᠡᠨ ᠮᠠᠭᠠᠳ ᠢ ᠲᠤᠳᠤᠯᠠᠵᠤ ᠡᠰᠡ ᠲᠡᠶᠢᠯᠬᠦ ᠪᠤᠯᠪᠠᠴᠤ᠂ ᠲᠠᠬᠦᠨᠴᠡ | ᠰᠡᠬᠦᠯᠡᠷ ᠲᠤᠬᠠᠶᠢᠯᠠᠪᠠᠯ ᠴᠢᠯᠦᠭᠡᠯᠡᠭᠳᠡᠬᠦ ᠠᠴᠠ ᠡᠮᠦᠨᠡᠬᠢ ᠤᠨ ᠵᠢᠯ ᠤᠳ ᠢᠶᠠᠷ ᠲᠠᠶᠢᠹᠤᠰᠧ ᠨᠤᠳᠤᠭ ᠤᠨ ᠨᠡᠷ᠎ᠡ | ᠠᠯᠳᠠᠷ ᠢ ᠡᠷᠬᠦᠵᠦ᠂ ᠮᠤᠩᠭᠤᠯ ᠪᠦᠬᠡ ᠶᠢᠨ ᠲᠠᠪᠴᠠᠩ ᠳᠤ ᠤᠳᠤ ᠰᠤᠳᠤᠳᠠᠢ ᠪᠠᠷᠢᠯᠳᠤᠵᠦ ᠶᠠᠪᠤᠭᠰᠠᠨ ᠪᠦᠬᠡᠴᠢᠳ | ᠲᠤᠰ ᠨᠤᠳᠤᠭ ᠲᠤ ᠭᠠᠷᠴᠤ ᠪᠠᠶᠢᠭᠰᠠᠨ ᠭᠡᠳᠡᠭ ᠢ ᠲᠦᠮᠡᠨ ᠤ ᠨᠢᠳᠦ ᠲᠡᠦᠬᠡ ᠶᠢᠨ ᠬᠠᠭᠤᠳᠠᠰᠤ ᠭᠡᠷᠡᠴᠢᠯᠡᠭᠰᠡᠨ | ᠶᠤᠮ᠃ | ︽ᠬᠤᠯᠤᠩ ᠲᠤᠯᠤᠭᠠᠶᠢᠳᠤ ︾ ᠪᠤᠯ ᠬᠤᠷᠢᠳᠤᠭᠠᠷ ᠵᠠᠭᠤᠨ ᠤ ᠡᠬᠢᠨ ᠤ ᠦᠶ᠎ᠡ ᠶᠢᠨ ᠲᠠᠶᠢᠹᠤᠰᠧ ᠨᠤᠳᠤᠭ | ᠤᠨ ᠲᠤᠮᠤᠭᠳᠤ ᠪᠦᠬᠡ ᠮᠦᠷᠳᠡᠭᠡᠨ ᠲᠡᠦᠬᠡᠳᠦ ᠬᠦᠮᠦᠨ ᠪᠢᠯᠡ᠃ ᠤᠳᠤ ᠶᠢᠨ ᠾᠧᠪᠸᠢ ᠮᠤᠵᠢ ᠶᠢᠨ ᠵᠠᠩᠪᠸᠢ | ᠰᠢᠶᠠᠨ ᠤ ᠦᠷᠳᠡᠭᠡ ︵ ᠭᠢᠳᠠᠳᠴᠤᠳ ᠡᠯ ᠲᠠᠢ ᠭᠡᠳᠡᠭ︶ ᠳᠤ ᠪᠠᠶᠢᠭᠰᠠᠨ ᠠᠭᠤᠯᠠ ᠶᠢᠨ ᠡᠪᠦᠯᠵᠢᠶ᠎ᠡ ᠳᠤ ᠲᠤᠰ | ᠭᠠᠵᠠᠷ ᠤᠨ ᠮᠠᠯᠴᠢᠳ ᠤᠨ ᠠᠳᠤᠭᠤ ᠪᠠᠨ ᠤᠰᠤᠯᠠᠳᠠᠭ ᠬᠤᠳᠳᠤᠭ ᠪᠠᠶᠢᠵᠠᠢ᠃ ᠬᠠᠪᠤᠷ ᠤᠨ ᠰᠡᠬᠦᠯᠴᠢ ᠪᠠᠷ | ᠭᠡᠭᠡᠷ᠎ᠡ ᠶᠢᠨ ᠴᠠᠰᠤ ᠬᠠᠶᠢᠯᠤᠭᠰᠠᠨ ᠬᠤᠶᠢᠨ᠎ᠠ᠂ ᠮᠠᠯᠴᠢᠳ ᠠᠳᠤᠭᠤ ᠪᠠᠨ ᠤᠰᠤᠯᠠᠬᠤ ᠬᠡᠮᠡᠨ ᠦᠨᠦ ᠬᠤᠳᠳᠤᠭ | ᠲᠡᠭᠡᠷ᠎ᠡ ᠬᠦᠷᠴᠦ ᠦᠵᠡᠬᠦ ᠳᠤ ᠲᠤᠳᠤᠷ᠎ᠠ ᠨᠢ ᠨᠢᠬᠡ ᠬᠢᠵᠠᠯᠠᠩ ᠪᠠᠶᠢᠳᠠᠰᠤ ᠤᠨᠠᠵᠤ ᠦᠬᠦᠭᠰᠡᠨ ᠪᠠᠶᠢᠪᠠ᠃ | ᠢᠩᠬᠢᠭᠡᠳ ᠬᠤᠳᠳᠤᠭ ᠤᠨ ᠮᠦᠰᠦ ᠶᠢ ᠴᠠᠷᠢᠯᠳᠤᠨ ᠰᠠᠯᠭᠠᠵᠤ᠂ ᠰᠡᠬᠦᠯ ᠤᠨ ᠤᠭ ᠢ ᠨᠢ ︽ᠬᠤᠯᠤᠩ | ᠲᠤᠯᠤᠭᠠᠶᠢᠳᠤ ︾ ᠳᠤ ᠪᠠᠷᠢᠭᠤᠯᠤᠭᠰᠠᠨ ᠳᠤ ᠲᠡᠷᠡᠪᠡᠷ ︽ᠨᠢᠬᠡ᠂ ᠬᠤᠶᠠᠷ᠂ ᠭᠤᠷᠪᠠ︾ ᠬᠡᠮᠡᠨ ᠪᠠᠷᠬᠢᠷᠠᠮᠠᠭᠴᠠ | ᠬᠢᠵᠠᠯᠠᠩ ᠪᠠᠶᠢᠳᠠᠰᠤ ᠶᠢ ᠬᠤᠳᠳᠤᠭ ᠤᠨ ᠪᠤᠷᠤᠤ ᠲᠠᠢ ᠨᠢ ᠮᠤᠯᠳᠤ ᠲᠠᠳᠠᠵᠤ ᠭᠠᠷᠭᠠᠭᠰᠠᠨ ᠭᠡᠳᠡᠭ᠃ ︽ᠬᠤᠯᠤᠩ | ᠲᠤᠯᠤᠭᠠᠶᠢᠳᠤ︾ ᠨᠠᠮᠤᠷ ᠤᠨ ᠬᠠᠳᠤᠯᠠᠩ ᠳᠤ ᠭᠠᠷᠬᠤ ᠳᠠᠭᠠᠨ ᠰᠢᠳᠦᠯᠡᠩ ᠬᠤᠨᠢ ᠶᠢ ᠨᠢᠬᠡᠯᠡ ᠡᠷᠡᠨ ᠳᠤ ᠴᠢᠨᠠᠵᠤ | ᠢᠳᠡᠭᠡᠳ᠂ ᠱᠦᠯᠦ ᠶᠢ ᠨᠢ ᠤᠤᠭᠤᠴᠢᠬᠠᠭᠠᠳ ᠂ ᠠᠷᠪᠠᠨ ᠲᠤᠬᠤᠢ ᠮᠤᠳᠤᠨ ᠡᠰᠢᠨ ᠳᠤ ᠬᠤᠶᠠᠷ ᠢᠷᠳᠦ | ᠰᠠᠨᠳᠤᠤ ᠡᠰᠢᠯᠡᠵᠦ᠂ ᠠᠭᠤᠯᠠ ᠶᠢᠨ ᠡᠪᠦᠯᠵᠢᠶ᠎ᠡ ᠶᠢᠨ ᠬᠤᠶᠢᠳᠤ ᠲᠤᠭᠤᠷᠢᠮ ᠳᠤ ᠭᠡᠳᠦᠨ ᠵᠠᠭᠤᠨ ᠮᠤ᠋ ᠬᠠᠳᠤᠯᠠᠩ ᠢ | ᠲᠦᠷᠪᠡᠬᠡᠨ ᠡᠳᠦᠷ ᠲᠤ ᠬᠠᠳᠤᠭᠠᠳ᠂ ᠡᠪᠦᠯ ᠬᠠᠪᠤᠷ ᠤᠨ ᠢᠶᠠᠨ ᠡᠪᠡᠰᠦ ᠶᠢ ᠠᠪᠴᠢᠬᠠᠳᠠᠭ ᠭᠡᠨ᠎ᠡ᠃ ᠲᠡᠷᠡ ᠦᠶ᠎ᠡ | ᠳᠤ ᠬᠤᠰᠢᠭᠤ ᠰᠤᠮᠤᠨ ᠤ ᠤᠪᠤᠭ᠎ᠠ᠂ ᠲᠠᠶᠢᠹᠤᠰᠧ ᠵᠡᠬᠦᠨ ᠭᠠᠷ ᠤᠨ ᠰᠦᠯᠳᠡ ᠶᠢᠨ ᠲᠠᠬᠢᠯᠭ᠎ᠠ ᠶᠢᠨ ᠨᠠᠶᠢᠷ ᠤᠨ | ᠦᠵᠦ ᠮᠠᠩᠯᠠᠢ ᠶᠢ ︽ᠬᠤᠯᠤᠩ ᠲᠤᠯᠤᠭᠠᠶᠢᠳᠤ ︾ ᠠᠪᠬᠤ ᠴᠤ ᠲᠡᠶᠢᠮᠦ ᠰᠤᠨᠢᠬᠠᠨ ᠪᠢᠰᠢ᠃ ᠬᠠᠷᠢᠨ ᠬᠡᠶᠢᠪᠡᠩ | ᠤᠨ ᠨᠠᠶᠢᠷ ᠲᠤ ᠤᠴᠢᠪᠠᠯ ᠠᠷᠤ ᠬᠠᠯᠬ᠎ᠠ ᠶᠢᠨ ᠰᠠᠶᠢᠨ ᠡᠷ᠎ᠡ᠂ ᠦᠪᠦᠷ ᠲᠦᠴᠢ ᠶᠢᠰᠦ ᠶᠢᠨ ᠴᠤᠤᠳᠤ ᠪᠦᠬᠡᠴᠤᠳ | ᠲᠠᠢ ᠡᠷ᠎ᠡ ᠪᠠᠨ ᠰᠢᠯᠭᠠᠵᠤ᠂ ᠡᠷᠳᠡᠮ ᠢᠶᠠᠨ ᠦᠵᠡᠳᠡᠭ ᠭᠡᠴᠡᠬᠦᠦ ᠮᠦᠷᠦᠶᠢᠴᠡᠭᠡᠨ ᠪᠤᠯᠳᠠᠭ ᠪᠠᠶᠢᠵᠠᠢ᠃ ᠲᠡᠭᠡᠭᠡᠳ | ᠵᠠᠩᠵᠢᠶ᠎ᠠ ᠬᠡᠬᠡᠨ ᠬᠡᠶᠢᠪᠡᠩ ᠳᠤ ᠵᠠᠯᠠᠷᠠᠨ ᠰᠤᠩᠳᠤᠭ ᠲᠠᠯᠪᠢᠬᠤ ᠨᠠᠶᠢᠷ ᠲᠤ ︽ᠬᠤᠯᠤᠩ ᠲᠤᠯᠤᠭᠠᠶᠢᠳᠤ︾ | ᠬᠦᠷᠴᠦ ᠤᠴᠢᠭᠠᠳ᠂ ᠮᠢᠩᠭᠠᠨ ᠪᠦᠬᠡ ᠶᠢᠨ ᠪᠠᠷᠢᠯᠳᠤᠭᠠᠨ ᠳᠤ ᠲᠡᠭᠡᠳᠦ ᠲᠦᠷᠪᠡ ᠳᠤ ᠲᠡᠪᠢᠯᠡ ᠭᠡᠳᠡᠭ᠃ | ᠮᠦᠨ ᠵᠠᠭᠤᠭᠠᠳ ᠵᠢᠯ ᠤᠨ ᠡᠮᠦᠨ᠎ᠡ᠂ ᠬᠡᠶᠢᠪᠡᠩ ᠤᠨ ᠨᠠᠶᠢᠷ ᠪᠠ ᠰᠢᠯᠢ ᠶᠢᠨ ᠭᠤᠤᠯ ᠠᠶᠢᠮᠠᠭ ᠤᠨ ᠵᠠᠰᠠᠭ | ᠬᠤᠰᠢᠭᠤᠳ ᠤᠨ ᠨᠠᠶᠢᠷ ᠲᠤ ᠪᠠᠷᠢᠯᠳᠤᠭᠠᠳ ᠱᠠᠩᠨᠠᠯ ᠳ᠋ᠤᠭᠠᠷ ᠲᠤ ᠤᠷᠤᠵᠤ ᠪᠠᠶᠢᠭᠰᠠᠨ ᠲᠠᠶᠢᠹᠤᠰᠧ ᠨᠤᠳᠤᠭᠳᠠᠢ | ᠭᠠᠩᠧᠴᠢᠷ ᠬᠡᠮᠡᠭᠴᠢ ᠰᠠᠶᠢᠨ ᠪᠦᠬᠡᠴᠢᠨ ᠪᠠᠶᠢᠵᠠᠢ᠃ ᠶᠠᠫᠤᠨ ᠤ ᠦᠶ᠎ᠡ ᠳᠤ ᠡᠷᠡᠴᠤᠳ ᠤᠨ ᠭᠠᠷ ᠴᠢᠳᠠᠯ ᠢ | ᠰᠢᠯᠭᠠᠬᠤ ᠳᠤ ᠲᠠᠯ᠎ᠠ ᠭᠠᠷᠤᠭᠠᠳ ᠪᠠᠶᠢᠭᠰᠠᠨ ᠡᠨᠡ ᠡᠪᠦᠬᠡᠨ ᠴᠢᠳᠠᠯ ᠰᠢᠯᠭᠠᠬᠤ ᠪᠠᠭᠠᠵᠢ ᠶᠢ ᠨᠢ ᠬᠡᠳᠦᠷᠡᠳᠡᠯ᠎ᠡ | ᠠᠳᠬᠤᠵᠤ᠂ ᠮᠤᠩᠭᠤᠯ ᠡᠷ᠎ᠡ ᠶᠢᠨ ᠬᠦᠴᠦ ᠴᠢᠳᠠᠯ ᠢ ᠭᠠᠶᠢᠬᠠᠭᠤᠯᠤᠯ᠎ᠠ ᠭᠡᠳᠡᠭ᠃ ᠲᠡᠷᠡ ᠦᠶᠡᠰ ᠲᠠᠶᠢᠹᠤᠰᠧ | ᠨᠤᠳᠤᠭ ᠠᠴᠠ ᠪᠠᠰᠠ ᠴᠠᠬᠠᠷ ᠰᠦᠯᠵᠢᠳ᠂ ᠤᠶᠢᠷᠤᠪᠵᠠᠮᠰᠤ᠂ ᠲᠠᠰᠢᠴᠡᠷᠢᠨ᠂ ᠠᠬᠸᠠᠩᠳᠦᠪᠳᠦᠨ᠂ ᠷᠠᠬᠤᠸᠠ᠂ | ᠡᠩᠬᠡᠪᠤᠶᠠᠨ᠂ ᠰᠠᠮᠫᠢᠯᠴᠤᠭᠵᠢᠯ ᠵᠡᠷᠭᠡ ᠨᠢᠬᠡ ᠦᠶ᠎ᠡ ᠶᠢᠨ ᠲᠠᠰᠤᠷᠬᠠᠢ ᠪᠦᠬᠡᠴᠤᠳ ᠴᠤᠯᠭᠤᠷᠠᠨ ᠭᠠᠷᠴᠤ ᠠᠷᠠᠳ | ᠲᠦᠮᠡᠨ ᠢᠶᠠᠨ ᠪᠠᠶᠠᠰᠬᠠᠵᠤ ᠶᠠᠪᠤᠭᠰᠠᠨ ᠲᠡᠦᠭᠡ ᠲᠠᠢ᠃ | 1946 ᠤᠨ ᠳᠤ ᠰᠢᠨ᠎ᠡ ᠴᠠᠬᠠᠷ ᠠᠶᠢᠮᠠᠭ ᠪᠠᠶᠢᠭᠤᠯᠤᠭᠳᠠᠭᠰᠠᠨ ᠶᠡᠭᠡ ᠨᠠᠶᠢᠷ ᠬᠠᠪᠢᠷᠭ᠎ᠠ ᠳᠤ ᠶᠠᠪᠤᠭᠳᠠᠬᠤ | ᠳᠤ ᠴᠠᠬᠠᠷ ᠤᠨ ᠡᠯ᠎ᠡ ᠬᠤᠰᠢᠭᠤᠳ ᠤᠨ ᠪᠦᠬᠡᠴᠢᠳ ᠬᠢᠭᠡᠳ ᠦᠵᠦᠮᠦᠴᠢᠨ ᠤ ᠲᠠᠪᠤᠰᠤᠨ ᠠᠶᠠᠨᠴᠢᠳ ᠤᠨ | ᠲᠤᠳᠤᠷᠠᠬᠢ ᠰᠢᠯᠢᠳᠡᠭ ᠪᠦᠬᠡᠴᠤᠤᠯ ᠵᠤᠳᠤᠭᠯᠠᠵᠤ᠂ 128 ᠪᠦᠬᠡ ᠪᠠᠷᠢᠯᠳᠤᠭᠤᠯᠬᠤ ᠳᠤ ᠲᠠᠶᠢᠹᠤᠰᠧ ᠵᠡᠬᠦᠨ ᠭᠠᠷ | ᠰᠦᠷᠦᠭ ᠤᠨ ᠦᠴᠢ ᠤᠪᠤᠭᠠᠨ ᠤ ᠡᠷᠳᠡᠨᠢᠳᠠᠯᠠᠢ ᠤᠷᠠᠨ ᠪᠠᠷᠢᠯᠳᠤᠭᠠᠨ ᠢᠶᠠᠷ ᠢᠶᠠᠨ ᠭᠠᠶᠢᠬᠠᠭᠳᠠᠵᠤ᠂ ᠲᠠᠩ ᠤᠨ | ᠨᠤᠭᠤᠯᠤᠭ᠎ᠠ ᠠᠴᠠ ᠦᠵᠦᠮᠦᠴᠢᠨ ᠤ ᠭᠤᠷᠪᠠᠨ ᠪᠦᠬᠡ ᠶᠢ ᠴᠤᠪᠤᠷᠠᠭᠤᠯᠤᠨ ᠬᠠᠶᠠᠵᠤ᠂ ᠠᠷᠪᠠᠨ ᠵᠢᠷᠭᠤᠭ᠎ᠠ ᠶᠢᠨ | ᠲᠠᠪᠠᠭ᠎ᠠ ᠳᠤ ᠰᠢᠷᠡᠭᠡᠳᠦ ᠭᠡᠭᠡᠨ ᠤ ᠭᠡᠵᠢᠬᠡᠳᠦ ᠪᠠᠩᠵᠠᠷᠠᠬᠴᠠ ᠶᠢ ᠂ ᠨᠠᠢᠮᠠ ᠶᠢᠨ ᠲᠠᠪᠠᠭ᠎ᠠ ᠳᠤ ᠬᠦᠯᠦ ᠬᠦᠭᠡ ᠶᠢᠨ | ᠴᠤᠤᠳᠤ ᠪᠦᠬᠡ ᠦᠨᠳᠦᠷ ᠬᠦᠷᠡᠯ ᠢ ᠬᠠᠶᠠᠵᠤ ᠂ ᠲᠡᠭᠡᠳᠦ ᠲᠦᠷᠪᠡ ᠳᠤ ᠬᠠᠷ᠎ᠠ ᠲᠤᠭᠠᠷ ᠲᠤ ᠡᠪᠦᠳᠦᠭ | ᠰᠢᠷᠤᠶᠢᠳᠠᠭᠠᠳ᠂ ︽ᠲᠠᠶᠢᠹᠤᠰᠧ ᠶᠢᠨ ᠰᠢᠷᠦᠬᠦᠨ ᠬᠠᠷ᠎ᠠ︾ ᠴᠤᠯᠠ ᠶᠢ ᠤᠯᠵᠠᠢ᠃ 1947 ᠤᠨ ᠤ ᠵᠤᠨ | ᠪᠤᠯᠤᠭᠰᠠᠨ ᠮᠠᠯᠠᠭᠠᠢ ᠶᠢᠨ ᠰᠦᠮ᠎ᠡ ᠶᠢᠨ ᠲᠠᠶᠢᠹᠤᠰᠧ ᠵᠡᠬᠦᠨ ᠭᠠᠷ ᠤᠨ ᠰᠦᠯᠳᠡ ᠶᠢᠨ ᠲᠠᠬᠢᠯᠭ᠎ᠠ ᠳᠤ ᠮᠢᠩᠭᠠᠨ | ᠬᠤᠰᠢᠭᠤᠨ ᠤ ᠴᠤᠤᠳᠤ ᠪᠦᠬᠡᠴᠤᠳ ᠴᠤᠭᠯᠠᠷᠠᠵᠤ᠂ 128 ᠪᠦᠬᠡ ᠪᠠᠷᠢᠯᠳᠤᠭᠤᠯᠬᠤ ᠳᠤ ᠲᠡᠭᠡᠳᠦ ᠠᠷᠪᠠᠨ | ᠵᠢᠷᠭᠤᠭ᠎ᠠ ᠳᠤ ᠲᠠᠶᠢᠹᠤᠰᠧ ᠠᠴᠠ ᠡᠷᠳᠡᠨᠢᠳᠠᠯᠠᠢ ᠭᠠᠭᠴᠠᠭᠠᠷ ᠢᠶᠠᠨ ᠦᠯᠡᠳᠡᠵᠦ᠂ ᠠᠷᠪᠠᠨ ᠵᠢᠷᠭᠤᠭ᠎ᠠ ᠶᠢᠨ ᠲᠠᠪᠠᠭ᠎ᠠ | ᠳᠤ ᠪᠤᠷᠢᠶᠠᠳ ᠤᠨ ᠪᠦᠳᠦᠬᠦᠨ ᠲᠤᠷᠵᠢ ᠶᠢ᠂ ᠨᠠᠢᠮᠠ ᠶᠢᠨ ᠲᠠᠪᠠᠭ᠎ᠠ ᠳᠤ ᠰᠦᠨᠢᠳ ᠤᠨ ᠬᠤᠷᠯᠤᠵᠠᠪ ᠢ ᠂ | ᠲᠡᠭᠡᠳᠦ ᠲᠦᠷᠪᠡ ᠳᠤ ᠬᠦᠯᠦ ᠬᠦᠬᠡ ᠶᠢᠨ ᠦᠨᠳᠦᠷ ᠭᠤᠮᠪᠤ ᠶᠢ᠂ ᠲᠡᠷᠢᠬᠦᠨ ᠲᠡᠳ᠋ ᠳᠤ ᠪᠤᠷᠢᠶᠠᠳ ᠤᠨ ᠠᠷᠢᠶᠠᠵᠠᠪ | ᠢ ᠴᠤᠪᠤᠭᠤᠯᠤᠨ ᠬᠠᠶᠠᠵᠤ ᠮᠠᠩᠯᠠᠢ ᠳᠤᠨᠢ ᠲᠡᠪᠢᠭᠰᠡᠨ ᠪᠠᠶᠢᠪᠠ᠃ ᠨᠠᠰᠤᠳᠠᠶᠢᠴᠤᠳ ᠤᠨ ᠶᠠᠷᠢᠬᠤ ᠪᠠᠷ ᠡᠷᠳᠡᠨᠢᠳᠠᠯᠠᠢ | ᠵᠤᠭᠰᠤᠯᠳᠠ ᠯᠠᠪᠳᠠᠭᠤᠨ᠂ ᠪᠠᠷᠢᠯᠳᠤᠭᠠᠨ ᠰᠢᠷᠦᠬᠦᠨ᠂ ᠮᠡᠭᠡ ᠮᠡᠷᠭᠡᠵᠢᠯ ᠰᠠᠶᠢᠳᠠᠢ ᠪᠠᠶᠢᠵᠤ᠂ ᠤᠩᠭᠤᠨ ᠮᠡᠷᠭᠡᠵᠢᠯ | ᠢᠶᠠᠨ ᠤᠭᠰᠠᠷᠠᠭᠤᠯᠵᠤ ᠬᠢᠪᠡᠯ ᠶᠠᠮᠠᠷ ᠰᠠᠶᠢᠨ ᠪᠦᠬᠡ ᠶᠢ ᠴᠤ ᠰᠢᠷᠤᠶᠢᠳᠠᠭᠤᠯᠳᠠᠭ ᠵᠤᠭᠰᠤᠭ᠎ᠠ ᠪᠦᠬᠡ ᠪᠠᠶᠢᠵᠠᠢ᠃ | ᠲᠡᠬᠦᠨ ᠤ ᠬᠦᠴᠦ ᠴᠢᠳᠠᠯ ᠢ ᠭᠠᠶᠢᠬᠠᠭᠤᠯᠤᠭᠰᠠᠨ ᠨᠢᠬᠡᠨ ᠠᠮᠠᠨ ᠶᠠᠷᠢᠶ᠎ᠠ ᠤᠯᠠᠮᠵᠢᠯᠠᠭᠳᠠᠵᠤ ᠪᠠᠶᠢᠳᠠᠭ᠃ ᠲᠡᠯᠭᠡᠷ | ᠵᠤᠨ ᠤ ᠨᠢᠬᠡᠨ ᠡᠳᠦᠷ ᠦᠴᠢ ᠤᠪᠤᠭᠠᠨ ᠤ ᠪᠤᠯᠠᠭ ᠤᠨ ᠬᠤᠳᠳᠤᠭ ᠲᠡᠭᠡᠷ᠎ᠡ ᠭᠡᠳᠦᠨ ᠪᠤᠬ᠎ᠠ ᠮᠦᠷᠬᠦᠯᠳᠦᠵᠦ | ᠪᠠᠶᠢᠭᠠᠳ ᠨᠢᠬᠡ ᠬᠢᠵᠠᠯᠠᠩ ᠪᠤᠬ᠎ᠠ ᠨᠢ ᠠᠮᠠᠰᠠᠷ ᠶᠡᠭᠡ ᠲᠠᠢ ᠬᠤᠳᠳᠤᠭ ᠳᠤ ᠬᠠᠯᠳᠤᠷᠢᠨ ᠤᠨᠠᠵᠠᠢ᠃ ᠬᠤᠳᠠ | ᠤᠰᠤ ᠪᠠᠷ ᠢᠶᠠᠨ ᠶᠡᠭᠡ ᠲᠡᠪᠵᠢᠶᠡᠨ ᠪᠤᠯᠵᠤ᠂ ᠭᠠᠷᠭᠠᠵᠤ ᠠᠪᠬᠤ ᠠᠷᠭ᠎ᠠ ᠦᠬᠡᠢ ᠭᠠᠷ ᠨᠤᠬᠤᠯᠠᠨ ᠰᠠᠨᠳᠤᠷᠴᠤ | ᠪᠠᠶᠢᠬᠤ ᠳᠤ ᠡᠷᠳᠡᠨᠢᠳᠠᠯᠠᠢ ᠬᠠᠷᠭᠤᠵᠤ᠂ ᠪᠦᠬᠦᠶᠢᠵᠦ ᠪᠠᠶᠢᠭᠠᠳ ᠪᠤᠬᠠᠨ ᠤ ᠬᠤᠶᠠᠷ ᠡᠪᠡᠷ ᠢ ᠨᠢ ᠤᠯᠵᠤ | ᠠᠳᠬᠤᠮᠠᠭᠴᠠ ᠪᠠᠨ ᠬᠡᠳᠦ ᠪᠦᠯᠢᠬᠡᠳ ᠲᠠᠳᠠᠵᠤ ᠭᠠᠷᠭᠠᠭᠰᠠᠨ ᠭᠡᠳᠡᠭ᠃ 1944 —1948 ᠤᠨ ᠪᠤᠯᠳᠠᠯ᠎ᠠ | ᠡᠷᠳᠡᠨᠢᠳᠠᠯᠠᠢ ᠮᠠᠯᠠᠭᠠᠢ ᠶᠢᠨ ᠰᠦᠮ᠎ᠡ ᠶᠢᠨ ᠲᠠᠶᠢᠹᠤᠰᠧ ᠵᠡᠬᠦᠨ ᠭᠠᠷ ᠤᠨ ᠰᠦᠯᠳᠡ ᠶᠢᠨ ᠲᠠᠬᠢᠯᠭ᠎ᠠ ᠶᠢᠨ ᠨᠠᠶᠢᠷ ᠲᠤ | ᠲᠠᠪᠤ ᠤᠳᠠᠭ᠎ᠠ᠂ ᠲᠠᠶᠢᠹᠤᠰᠧ ᠵᠡᠬᠦᠨ ᠭᠠᠷ ᠤᠨ ᠤᠪᠤᠭᠠᠨ ᠤ ᠲᠠᠬᠢᠯᠭ᠎ᠠ ᠶᠢᠨ ᠨᠠᠶᠢᠷ ᠲᠤ ᠲᠤᠯᠤᠭ᠎ᠠ ᠤᠳᠠᠭ᠎ᠠ | ᠲᠡᠷᠢᠬᠦᠯᠡᠵᠦ᠂ ᠰᠤᠮᠤᠨ ᠤ ᠠᠷᠠᠳ ᠤᠨ ᠶᠡᠭᠡ ᠨᠠᠶᠢᠷ ᠲᠤ ᠬᠤᠶᠠᠷ ᠤᠳᠠᠭ᠎ᠠ ᠲᠡᠷᠢᠬᠦᠯᠡᠨ ᠭᠤᠷᠪᠠ ᠤᠳᠠᠭ᠎ᠠ | ᠲᠡᠳᠡᠯᠡᠵᠦ᠂ 1940 ᠤᠨ ᠠᠴᠠ ᠬᠤᠶᠢᠰᠢ ᠲᠤᠰ ᠬᠤᠰᠢᠭᠤᠨ ᠤ ᠬᠦᠯᠦ ᠴᠠᠭᠠᠨ ᠰᠤᠮᠤᠨ ᠤ ᠪᠠᠷᠠᠭᠤᠨ ᠤᠪᠤᠭᠠᠨ | ᠤ ᠲᠠᠬᠢᠯᠭ᠎ᠠ ᠶᠢᠨ ᠨᠠᠶᠢᠷ ᠲᠤ ᠵᠠᠪᠰᠠᠷ ᠦᠬᠡᠢ ᠲᠤᠯᠤᠭ᠎ᠠ ᠤᠳᠠᠭ᠎ᠠ ᠲᠡᠷᠢᠬᠦᠯᠡᠵᠡᠢ᠃ ᠡᠷᠳᠡᠨᠢᠳᠠᠯᠠᠢ ᠪᠤᠯ 1953 | ᠤᠨ ᠳᠤ ᠪᠤᠯᠤᠭᠰᠠᠨ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠩᠬᠠᠳᠤᠭᠠᠷ ᠤᠳᠠᠭᠠᠨ ᠤ ᠲᠠᠮᠢᠷ | ᠤᠨ ᠴᠤᠭᠯᠠᠭᠠᠨ ᠳᠤ ᠴᠠᠬᠠᠷ ᠠᠶᠢᠮᠠᠭ ᠢ ᠲᠦᠯᠦᠬᠡᠯᠡᠨ ᠤᠷᠤᠯᠴᠠᠭᠰᠠᠨ ᠮᠤᠩᠭᠤᠯ ᠪᠦᠬᠡ ᠶᠢᠨ ᠨᠢᠬᠡᠨ ᠪᠢᠯᠡ ᠃ | 1981 ᠤᠨ ᠳᠤ ᠬᠦᠨᠪᠤᠯᠠᠭ ᠰᠤᠮᠤᠨ ᠤ ᠨᠠᠢᠮᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠲᠡᠭᠡᠷ᠎ᠡ ᠰᠤᠮᠤᠨ ᠤ | ᠵᠠᠰᠠᠭ ᠤᠨ ᠤᠷᠳᠤᠨ ᠠᠴᠠ ᠡᠷᠳᠡᠨᠢᠳᠠᠯᠠᠢ ᠵᠡᠷᠭᠡ ᠲᠤᠯᠤᠭᠠᠨ ᠠᠬᠠᠮᠠᠳ ᠪᠦᠬᠡ ᠪᠠᠨ ᠲᠠᠷᠬᠠᠯᠠᠭᠰᠠᠨ ᠪᠦᠬᠡᠳ ︽ | ᠲᠠᠶᠢᠹᠤᠰᠧ ᠤᠨ ᠰᠢᠷᠦᠬᠦᠨ ᠬᠠᠷ᠎ᠠ ︾ ᠴᠤᠯᠠ ᠲᠠᠢ ᠲᠠᠷᠬᠠᠨ ᠪᠦᠬᠡ ᠡᠷᠳᠡᠨᠢᠳᠠᠯᠠᠢ ᠭᠤᠸᠠᠢ ᠰᠢᠯᠤᠭᠤᠨ ᠬᠦᠪᠡᠭᠡᠳᠦ | ᠴᠠᠭᠠᠨ ᠬᠤᠰᠢᠭᠤᠨ ᠤ ᠵᠠᠯᠠᠭᠤ ᠪᠦᠬᠡ ᠪᠠᠳᠤᠨᠠᠰᠤᠨ ᠤ ᠤᠷᠠᠨ ᠪᠠᠷᠢᠯᠳᠤᠭᠠᠨ ᠢ ᠨᠢ ᠦᠵᠡᠨ ᠲᠤᠭᠤᠵᠤ᠂ | ᠬᠡᠶᠢᠮᠦᠷᠢᠳᠦ ᠵᠠᠩᠬᠢᠶ᠎ᠠ ᠪᠠᠨ ᠲᠡᠬᠦᠨ ᠳᠤ ᠶᠡᠬᠦᠯᠡᠵᠦ ᠦᠭᠬᠦᠭᠰᠡᠨ ᠶᠤᠮ᠃ | ᠲᠤᠬᠠᠢ ᠶᠢᠨ ᠦᠶ᠎ᠡ ᠳᠤ ᠲᠠᠶᠢᠹᠤᠰᠧ ᠠᠴᠠ ᠪᠠᠰᠠ ᠫᠧᠷᠡᠩᠯᠠᠢ᠂ ᠡᠷᠳᠡᠨᠢ᠂ ᠲᠤᠪᠵᠠᠢ᠂ ᠭᠤᠰᠢᠩᠰᠧ᠂ | ᠲᠠᠮᠷᠢᠨᠵᠠᠪ᠂ ᠯᠤᠪᠰᠠᠩᠪᠠᠯᠳᠠᠨ ᠵᠡᠷᠭᠡ ᠶᠢᠨ ᠨᠡᠷᠡᠳᠦ ᠪᠦᠬᠡ ᠴᠤᠯᠭᠤᠷᠠᠨ ᠭᠠᠷᠴᠤ᠂ ᠤᠷᠠᠨ ᠪᠠᠷᠢᠯᠳᠤᠭᠠᠨ ᠤᠷ᠎ᠠ | ᠮᠡᠷᠭᠡᠵᠢᠯ ᠢᠶᠠᠷ ᠢᠶᠠᠨ ᠤᠯᠠᠨ ᠤᠳᠠᠭᠠᠨ ᠤ ᠨᠠᠶᠢᠷ ᠨᠠᠭᠠᠳᠤᠮ ᠤᠨ ᠦᠵᠦ ᠲᠡᠷᠢᠬᠦᠨ ᠳᠤ ᠲᠡᠪᠢᠵᠦ᠂ ᠲᠠᠶᠢᠹᠤᠰᠧ | ᠨᠤᠳᠤᠭ ᠤᠨ ᠢᠶᠠᠨ ᠠᠯᠳᠠᠷ ᠨᠡᠷ᠎ᠡ ᠶᠢ ᠪᠢᠴᠢᠭᠯᠡᠵᠦ ᠶᠠᠪᠤᠭᠰᠠᠨ ᠶᠤᠮ᠃ 1957 ᠤᠨ ᠳᠤ ᠦᠪᠦᠷ ᠮᠤᠩᠭᠤᠯ ᠤᠨ | ᠦᠪᠡᠷᠳᠡᠭᠡᠨ ᠵᠠᠰᠠᠬᠤ ᠤᠷᠤᠨ ᠪᠠᠶᠢᠭᠤᠯᠤᠭᠳᠠᠭᠰᠠᠨ ᠠᠷᠪᠠᠨ ᠵᠢᠯ ᠤᠨ ᠤᠢ ᠶᠢᠨ ᠪᠠᠶᠠᠷ ᠢ ᠪᠡᠯᠬᠡᠯᠡᠬᠦ ᠶᠡᠭᠡ ᠨᠠᠶᠢᠷ ᠲᠤ | ᠲᠠᠶᠢᠹᠤᠰᠧ ᠤᠨ ᠨᠡᠷᠡᠳᠦ ᠪᠦᠬᠡ ᠫᠧᠷᠡᠩᠯᠠᠢ᠂ ᠡᠷᠳᠡᠨᠢ᠂ ᠲᠤᠪᠵᠠᠢ ᠤᠷᠤᠯᠴᠠᠵᠠᠢ᠃ ᠬᠤᠷᠢᠳᠤᠭᠠᠷ ᠵᠠᠭᠤᠨ ᠤ | ᠵᠢᠷᠠᠭᠠᠳ ᠤᠨ ᠤ ᠡᠬᠢ ᠪᠠᠷ᠂ ᠲᠠᠶᠢᠹᠤᠰᠧ ᠤᠨ ᠨᠢᠬᠡᠨ ᠦᠶ᠎ᠡ ᠶᠢᠨ ᠨᠡᠷᠡᠳᠦ ᠪᠦᠬᠡ ᠡᠷᠳᠡᠨᠢᠬᠦ᠋ᠷᠡᠯ᠂ ᠪᠠᠳᠤᠲᠡᠮᠦᠷ᠂ | ᠡᠷᠬᠡᠮᠪᠢᠯᠢᠭ᠂ ᠮᠦᠩᠬᠡ ᠨᠠᠷ ᠨᠠᠶᠢᠷ ᠨᠠᠭᠠᠳᠤᠮ ᠳᠤ ᠨᠡᠷ᠎ᠡ ᠪᠠᠨ ᠲᠠᠭᠤᠳᠠᠭᠤᠯᠵᠤ ᠨᠤᠳᠤᠭ ᠤᠨ ᠢᠶᠠᠨ ᠬᠡᠶᠢᠮᠦᠷᠢ ᠶᠢ | ᠡᠷᠬᠦᠵᠦ ᠶᠠᠪᠤᠭᠰᠠᠨ ᠪᠤᠯ ᠲᠠᠯ᠎ᠠ ᠨᠠᠶᠠᠭᠠᠳ ᠤᠨ ᠤ ᠦᠶᠡᠰ ᠡᠷᠳᠡᠨᠢᠪᠠᠶᠠᠷ᠂ ᠴᠢᠩᠪᠠᠳᠤ᠂ ᠪᠠᠯᠳᠠᠩᠫᠦ᠋ᠷᠪᠦ᠂ | ᠰᠡᠴᠡᠨ᠂ ᠪᠠᠶᠠᠵᠢᠬᠤ ᠵᠡᠷᠭᠡ ᠰᠢᠯᠢᠳᠡᠭ ᠪᠦᠬᠡᠴᠢᠳ᠂ ᠰᠡᠬᠦᠯ ᠤᠨ ᠦᠶ᠎ᠡ ᠳᠤ ᠴᠤᠯᠮᠤᠨ᠂ ᠨᠠᠷᠠᠨᠮᠠᠨᠳᠤᠬᠤ᠂ | ᠬᠦᠴᠦᠨᠳᠦ᠂ ᠰᠤᠳᠤᠪᠢᠯᠢᠭ᠌ ᠵᠡᠷᠭᠡ ᠰᠢᠯᠢᠳᠡᠭ ᠵᠠᠯᠠᠭᠤᠰ ᠨᠠᠶᠢᠷ ᠤᠨ ᠲᠠᠯᠠᠪᠠᠢ ᠳᠤ ᠨᠡᠷ᠎ᠡ ᠪᠠᠨ ᠲᠠᠭᠤᠷᠢᠰᠬᠠᠵᠤ᠂ | ᠨᠠᠷᠮᠠᠢ ᠲᠦᠮᠡᠨ ᠤ ᠪᠠᠨ ᠰᠡᠳᠬᠢᠯ ᠢ ᠪᠠᠶᠠᠰᠬᠠᠨ᠂ ᠮᠤᠩᠭᠤᠯ ᠪᠦᠬᠡ ᠶᠢᠨ ᠤᠳᠤᠮ ᠰᠤᠳᠤᠷ ᠢ ᠤᠯᠠᠮᠵᠢᠯᠠᠨ | ᠵᠠᠯᠭᠠᠮᠵᠢᠯᠠᠵᠤ ᠶᠠᠪᠤᠭᠰᠠᠨ ᠪᠠᠶᠢᠯ᠎ᠠ ᠃ | 2015 ᠤᠨ ᠤ ᠡᠪᠦᠯ᠂ ᠲᠠᠶᠢᠹᠤᠰᠧ ᠬᠤᠰᠢᠭᠤᠨ ᠤ ᠬᠦᠨᠪᠤᠯᠠᠭ ᠰᠤᠮᠤ ᠨᠢ ᠮᠤᠩᠭᠤᠯ ᠰᠤᠶᠤᠯ ᠢᠶᠠᠨ | ᠤᠯᠠᠮᠵᠢᠯᠠᠵᠤ ᠪᠦᠬᠡ ᠶᠢᠨ ᠦᠢᠯᠡᠰ ᠢᠶᠠᠨ ᠬᠦᠭᠵᠢᠬᠦᠯᠬᠦ ᠵᠤᠷᠢᠯᠳᠠ ᠪᠠᠷ᠂ ᠲᠤᠬᠠᠢ ᠶᠢᠨ ᠦᠶ᠎ᠡ ᠶᠢᠨ ᠵᠡᠬᠦᠨ | ᠦᠵᠦᠮᠦᠴᠢᠨ ᠬᠤᠰᠢᠭᠤᠨ ᠤ ᠨᠠᠮ ᠤᠨ ᠬᠤᠷᠢᠶᠠᠨ ᠤ ᠱᠦᠵᠢ ᠦᠯᠵᠡᠢ ᠭᠤᠸᠠᠢ ᠶᠢᠨ ᠲᠡᠮᠵᠢᠯᠬᠡ ᠲᠤᠤᠷ᠎ᠠ᠂ ᠵᠡᠬᠦᠨ | ᠦᠵᠦᠮᠦᠴᠢᠨ ᠬᠤᠰᠢᠭᠤᠨ ᠤ ᠮᠠᠨᠳᠤᠬᠤᠪᠤᠯᠠᠭ ᠪᠠᠯᠭᠠᠰᠤ ᠯᠤᠭ᠎ᠠ ᠨᠦᠬᠦᠷᠯᠡᠯ ᠤᠨ ᠬᠠᠷᠢᠴᠠᠭ᠎ᠠ ᠪᠠᠶᠢᠭᠤᠯᠵᠤ᠂ | ᠦᠵᠦᠮᠦᠴᠢᠨ ᠪᠦᠬᠡ ᠠᠴᠠ ᠰᠤᠷᠤᠯᠴᠠᠨ᠂ ᠪᠦᠬᠡ ᠶᠢᠨ ᠰᠤᠷᠢᠭ᠎ᠠ ᠪᠠᠨ ᠴᠢᠩᠭᠠᠳᠬᠠᠵᠤ ᠪᠢᠯᠡ᠃ | ᠲᠠᠶᠢᠹᠤᠰᠧ ᠨᠤᠳᠤᠭ ᠤᠨ ᠮᠤᠩᠭᠤᠯ ᠪᠦᠬᠡ ᠶᠢᠨ ᠡᠮᠦᠰᠭᠡᠯ ᠵᠠᠰᠠᠯ᠂ ᠪᠠᠷᠢᠯᠳᠤᠬᠤ ᠶᠤᠰᠤ ᠲᠦᠷᠢᠮ ᠬᠢᠭᠡᠳ | ᠮᠡᠭᠡ ᠮᠡᠷᠭᠡᠵᠢᠯ ᠨᠢ ᠴᠠᠬᠠᠷ ᠰᠢᠯᠢ ᠶᠢᠨ ᠭᠤᠤᠯ ᠤᠨ ᠪᠤᠰᠤᠳ ᠬᠤᠰᠢᠭᠤ ᠨᠤᠳᠤᠭ ᠤᠨ ᠬᠢ ᠲᠠᠢ ᠠᠳᠠᠯᠢ᠃ | ᠲᠠᠶᠢᠹᠤᠰᠧ ᠪᠦᠬᠡᠴᠤᠳ ᠵᠠᠳᠠᠭᠠᠢ ᠵᠤᠳᠤᠭ ᠡᠮᠦᠰᠦᠨ᠎ᠡ᠃ ᠵᠠᠳᠠᠭᠠᠢ ᠵᠤᠳᠤᠭ ᠢ ᠪᠠᠰᠠ ᠡᠷᠪᠡᠬᠡᠢ ᠵᠤᠳᠤᠭ | ᠭᠡᠳᠡᠭ᠃ ᠵᠤᠳᠤᠭ ᠢ ᠪᠤᠯᠢᠭᠠᠷᠢ ᠠᠷᠠᠰᠤ ᠪᠠᠷ ᠬᠢᠵᠦ᠂ ᠴᠢᠨᠠᠷᠯᠢᠭ ᠪᠦᠰ ᠢᠶᠠᠷ ᠲᠤᠳᠤᠷᠯᠠᠨ᠂ ᠰᠡᠡᠴᠢᠭ᠂ ᠬᠠᠨᠴᠤᠢ | ᠬᠦᠪᠡᠭᠡ ᠪᠠᠷ ᠨᠢ ᠮᠦᠩᠬᠦ ᠪᠤᠶᠤ ᠭᠠᠤᠯᠢᠨ ᠲᠤᠪᠤᠷᠤᠤ ᠶᠢ ᠡᠩᠨᠡᠬᠦᠯᠦᠨ ᠬᠠᠳᠠᠵᠤ᠂ ᠠᠷᠤ ᠭᠤᠤᠯ ᠳᠤᠨᠢ ᠲᠤᠮᠤᠬᠠᠨ | ᠭᠡᠭᠴᠢ ᠮᠦᠩᠬᠦ ᠪᠤᠶᠤ ᠭᠠᠤᠯᠢᠨ ᠲᠤᠯᠢ ᠰᠠᠭᠤᠯᠭᠠᠭᠠᠳ᠂ ᠲᠡᠭᠡᠷ᠎ᠡ ᠨᠢ ︽ᠲᠠᠶᠢᠹᠤᠰᠧ︾᠂ ︽ᠬᠦᠨᠪᠤᠯᠠᠭ︾ | ᠦᠰᠦᠭ ᠪᠤᠶᠤ ᠬᠤᠷᠯᠤ᠂ ᠦᠯᠵᠡᠢ ᠵᠠᠩᠬᠢᠶ᠎ᠠ᠂ ᠬᠡ ᠤᠭᠠᠯᠵᠠ ᠵᠡᠷᠭᠡ ᠶᠢᠨ ᠠᠯᠢ ᠨᠢᠬᠡ ᠶᠢ ᠬᠦᠭᠡᠮᠡᠯ ᠭᠠᠷᠭᠠᠨ | ᠰᠢᠢᠯᠪᠦᠷᠢᠯᠡᠵᠦ᠂ ᠵᠤᠳᠤᠭ ᠢ ᠭᠤᠶᠤᠮᠰᠤᠭ ᠮᠦᠷᠳᠡᠭᠡᠨ ᠪᠠᠬᠢᠯᠢᠭ᠌ ᠪᠤᠯᠭᠠᠳᠠᠭ᠃ | ᠪᠦᠬᠡ ᠶᠢᠨ ᠦᠮᠦᠳᠦ ︵ᠪᠠᠩᠵᠠᠯ︶ ᠶᠢ ᠴᠠᠭᠠᠨ ᠦᠩᠬᠡ ᠶᠢᠨ ᠪᠦᠰ ᠢᠶᠠᠷ ᠨᠤᠭᠤᠯᠤᠭ᠎ᠠ ᠬᠤᠨᠢᠶᠠᠰᠤ | ᠭᠠᠷᠭᠠᠨ ᠡᠯᠪᠡᠭ ᠠᠭᠤᠵᠢᠭᠤ ᠤᠶᠤᠨ᠎ᠠ᠃ ᠲᠡᠷᠡ ᠨᠢ ᠪᠦᠬᠡᠴᠢᠳ ᠤᠨ ᠪᠡᠶ᠎ᠡ ᠭᠠᠯᠪᠢᠷ᠂ ᠤᠮᠤᠭ ᠵᠢᠪᠬᠤᠭ᠎ᠠ ᠶᠢ | ᠪᠠᠳᠠᠷᠠᠭᠤᠯᠬᠤ ᠪᠠᠷ ᠪᠠᠷᠠᠬᠤ ᠦᠬᠡᠢ᠂ ᠪᠠᠷᠢᠯᠳᠤᠬᠤ ᠳᠤ ᠡᠪᠳᠡᠢ᠂ ᠬᠦᠯᠦᠰᠦ ᠭᠠᠷᠪᠠᠴᠤ ᠨᠠᠭᠠᠯᠳᠤᠵᠤ ᠲᠠᠳᠠᠯᠳᠤᠬᠤ | ᠦᠬᠡᠢ᠂ ᠨᠠᠷᠠᠨ ᠤ ᠭᠡᠷᠡᠯ ᠢ ᠤᠶᠢᠯᠭᠠᠵᠤ ᠪᠡᠶ᠎ᠡ ᠴᠤᠭᠴᠠ ᠶᠢ ᠰᠡᠷᠢᠬᠦᠴᠡᠬᠦᠯᠬᠦ ᠦᠢᠯᠡᠳᠦᠯ ᠲᠠᠢ᠃ | ᠲᠤᠤᠬᠤᠤ ᠶᠢ ᠲᠤᠤᠱᠢᠤ ᠪᠤᠶᠤ ᠡᠪᠦᠳᠦᠭᠴᠢ ᠭᠡᠵᠦ ᠪᠠᠰᠠ ᠬᠡᠯᠡᠳᠡᠭ᠃ ᠶᠡᠭᠡᠩᠬᠢ ᠳᠡᠭᠡᠨ ᠤᠯᠠᠭᠠᠨ᠂ | ᠨᠤᠭᠤᠭᠠᠨ᠂ ᠴᠡᠩᠭᠡᠷ ᠵᠡᠷᠭᠡ ᠬᠤᠷᠴᠠ ᠦᠩᠬᠡ ᠶᠢᠨ ᠪᠦᠰ᠂ ᠲᠤᠷᠭ᠎ᠠ᠂ ᠬᠤᠷᠭᠤᠢ ᠪᠠᠷ ᠬᠢᠵᠦ᠂ ᠡᠯᠳᠡᠪ ᠦᠩᠬᠡ | ᠶᠢᠨ ᠲᠤᠷᠭᠠᠨ ᠤᠳᠠᠰᠤ ᠪᠠᠷ ᠰᠢᠪᠡᠵᠦ ᠤᠷᠠᠯᠠᠭᠠᠳ᠂ ᠡᠮᠦᠨ᠎ᠡ ᠨᠢ ᠪᠠᠰᠠ ᠨᠠᠭᠠᠮᠠᠯ ᠂ ᠬᠠᠳᠬᠤᠮᠠᠯ ᠬᠡᠯᠪᠡᠷᠢ ᠪᠠᠷ | ᠰᠤᠨᠢᠨ ᠰᠠᠶᠢᠬᠠᠨ ᠵᠢᠷᠤᠭ ᠲᠦᠷᠰᠦ ᠶᠢ ᠤᠷᠠᠯᠠᠨ ᠤᠶᠤᠭᠰᠠᠨ ᠪᠠᠶᠢᠳᠠᠭ᠃ ᠲᠠᠶᠢᠹᠤᠰᠧ ᠪᠦᠬᠡᠴᠤᠳ ᠨᠤᠳᠤᠭ ᠤᠨ | ᠨᠡᠷ᠎ᠡ ᠪᠤᠶᠤ ᠦᠯᠵᠡᠢ ᠵᠠᠩᠬᠢᠶ᠎ᠠ᠂ ᠬᠡ ᠤᠭᠠᠯᠵᠠᠨ ᠲᠡᠪᠢᠰᠭᠡᠷ ᠲᠠᠢ ᠲᠤᠤᠬᠤᠤ ᠡᠮᠦᠰᠬᠦ ᠨᠢ ᠤᠯᠠᠨ ᠂ ᠬᠠᠶᠠ ᠪᠠᠰᠠ | ᠲᠦᠷᠪᠡᠨ ᠬᠦᠴᠦᠳᠡᠨ᠂ ᠠᠰᠠᠵᠤ ᠪᠠᠶᠢᠭ᠎ᠠ ᠭᠠᠯ ᠮᠡᠳᠦ ᠶᠢᠨ ᠵᠢᠷᠤᠭ ᠲᠦᠷᠰᠦ ᠲᠠᠢ ᠲᠤᠤᠬᠤᠤ ᠬᠠᠷᠠᠭᠳᠠᠳᠠᠭ᠃ | ᠵᠤᠳᠤᠭ ᠤᠨ ᠬᠤᠷᠮᠤᠢ ᠲᠡᠭᠡᠬᠦᠷ ᠪᠦᠰᠡᠯᠡᠳᠡᠭ ᠲᠤᠷᠭᠠᠨ ᠡᠳ᠋ᠯᠡᠯ ᠢ ᠬᠤᠷᠮᠤᠶᠢᠪᠴᠢ ᠪᠤᠶᠤ ᠯᠡᠪᠡᠷᠢ ᠭᠡᠳᠡᠭ᠃ | ᠬᠦᠬᠡ ᠲᠡᠭᠷᠢ᠂ ᠠᠯᠳᠠᠨ ᠨᠠᠷᠠ᠂ ᠡᠬᠡ ᠲᠡᠯᠡᠬᠡᠢ ᠶᠢᠨ ᠦᠩᠬᠡ ᠬᠡᠮᠡᠨ ᠪᠡᠯᠭᠡᠰᠢᠶᠡᠵᠦ᠂ ᠬᠤᠷᠮᠤᠶᠢᠪᠴᠢ ᠶᠢ ᠤᠯᠠᠩᠬᠢ | ᠳᠠᠭᠠᠨ ᠬᠦᠬᠡ᠂ ᠰᠢᠷ᠎ᠠ ︵ᠪᠤᠶᠤ ᠤᠯᠠᠭᠠᠨ︶᠂ ᠨᠤᠭᠤᠭᠠᠨ ᠭᠤᠷᠪᠠᠨ ᠦᠩᠬᠡ ᠪᠠᠷ ᠢᠯᠭᠠᠷᠠᠭᠤᠯᠵᠤ ᠬᠢᠨ᠎ᠡ᠃ | ᠬᠤᠷᠮᠤᠶᠢᠪᠴᠢ ᠨᠢ ᠵᠤᠳᠤᠭ ᠤᠨ ᠬᠤᠷᠮᠤᠢ᠂ ᠦᠮᠦᠳᠦᠨ ᠤ ᠵᠠᠬ᠎ᠠ ᠶᠢ ᠴᠢᠩᠭᠠᠯᠠᠨ ᠲᠠᠷᠤᠬᠤ ᠪᠦᠬᠡᠳ ᠪᠦᠬᠡᠴᠢᠨ | ᠬᠦᠮᠦᠨ ᠳᠤ ᠦᠩᠬᠡ ᠰᠦᠷ ᠨᠡᠮᠡᠵᠦ ᠭᠤᠶᠤᠯᠠᠵᠤ ᠴᠢᠮᠡᠭᠯᠡᠬᠦ ᠦᠢᠯᠡᠳᠦᠯ ᠲᠠᠢ᠃ | ᠪᠦᠬᠡ ᠪᠠᠷᠢᠯᠳᠤᠬᠤ ᠳᠤ ᠪᠤᠯᠢᠭᠠᠷᠢ ᠭᠤᠳᠤᠯ ᠪᠤᠶᠤ ᠰᠡᠪᠬᠢᠨ ᠭᠤᠳᠤᠯ ᠡᠮᠦᠰᠦᠨ᠎ᠡ᠃ ᠬᠡᠬᠦ ᠳᠡᠭᠡᠨ᠂ | ᠪᠠᠷᠢᠯᠳᠤᠭᠠᠨ ᠲᠤᠮᠳᠠ ᠬᠠᠯᠳᠤᠷᠢᠵᠤ ᠭᠤᠯᠭᠤᠷᠢᠬᠤ ᠪᠤᠶᠤ ᠭᠤᠳᠤᠯ ᠤᠨ ᠤᠯᠠ᠂ ᠵᠤᠯᠤᠭ ᠲᠦᠷᠡᠢ ᠤᠷᠠᠭᠳᠠᠵᠤ | ᠬᠠᠭᠵᠠᠷᠠᠬᠤ ᠠᠴᠠ ᠰᠡᠷᠭᠡᠶᠢᠯᠡᠨ᠂ ᠡᠯᠳᠡᠵᠦ ᠵᠦᠬᠡᠯᠡᠷᠡᠬᠦᠯᠦᠭᠰᠡᠨ ᠲᠠᠪᠤ ᠵᠢᠷᠭᠤᠭᠠᠨ ᠲᠤᠬᠤᠢ ᠤᠷᠳᠤ ᠰᠤᠷ ᠢ | ᠨᠠᠷᠢᠪᠳᠤᠷ ᠵᠦᠰᠦᠵᠦ᠂ ᠨᠢᠬᠡ ᠦᠵᠦᠬᠦᠷ ᠲᠤᠨᠢ ᠵᠢᠵᠢᠭᠭᠡᠨ ᠭᠠᠷᠠᠬ᠎ᠠ ᠲᠠᠭᠠᠷᠠᠭᠤᠯᠬᠤ ᠪᠤᠶᠤ ᠭᠤᠭᠴᠤᠭ᠎ᠠ | ᠭᠠᠷᠭᠠᠭᠠᠳ᠂ ᠭᠤᠳᠤᠯ ᠢᠶᠠᠨ ᠨᠤᠭᠳᠤᠯᠵᠤ ᠪᠤᠭᠤᠭᠰᠠᠨ ᠪᠠᠶᠢᠳᠠᠭ᠃ ᠭᠤᠳᠤᠯ ᠶᠡᠬᠡᠳᠬᠦ᠂ ᠬᠦᠯ ᠬᠤᠯᠭᠤᠬᠤ ᠠᠴᠠ | ᠰᠡᠷᠭᠡᠶᠢᠯᠡᠵᠦ ᠂ ᠭᠤᠳᠤᠯ ᠤᠨ ᠲᠤᠳᠤᠷ᠎ᠠ ᠪᠠᠨ ᠪᠦᠰ ᠤᠶᠢᠮᠤᠰᠤ ᠡᠮᠦᠰᠳᠡᠭ᠃ | ᠵᠠᠩᠬᠢᠶ᠎ᠠ ᠲᠠᠢ ᠪᠦᠬᠡ ᠪᠤᠯ ᠵᠠᠩᠬᠢᠶ᠎ᠠ ᠪᠠᠨ ᠵᠡᠬᠦᠨ᠎ᠡ᠃ ᠵᠠᠩᠬᠢᠶ᠎ᠠ ᠪᠤᠯ ᠨᠢᠬᠡ ᠪᠦᠬᠡ ᠶᠢᠨ ᠪᠠᠷᠢᠯᠳᠤᠭᠠᠨ ᠤ ᠬᠢᠷᠢ | ᠬᠡᠮ ᠪᠠ ᠠᠮᠵᠢᠯᠳᠠ ᠪᠦᠳᠦᠮᠵᠢ ᠶᠢ ᠢᠯᠡᠳᠭᠡᠭᠰᠡᠨ ᠭᠡᠷᠡᠴᠢ ᠲᠡᠮᠳᠡᠭ ᠪᠤᠯᠬᠤ ᠪᠦᠬᠡᠳ ᠪᠦᠬᠡ ᠶᠢᠨ ᠰᠦᠷ ᠵᠢᠪᠬᠤᠭ᠎ᠠ | ᠶᠢ ᠨᠡᠮᠡᠭᠳᠡᠬᠦᠯᠳᠡᠭ ᠵᠠᠰᠠᠯ ᠴᠢᠮᠡᠭ ᠪᠤᠯᠬᠤ ᠶᠤᠮ᠃ ᠶᠡᠭᠡ ᠨᠠᠶᠢᠷ ᠲᠤ ᠲᠠᠷᠬᠠᠯᠠᠭᠤᠯᠵᠤ ᠪᠠᠶᠢᠭ᠎ᠠ ᠠᠬᠠᠮᠠᠳ ᠪᠦᠬᠡ | ᠪᠤᠶᠤ ᠵᠠᠯᠠᠭᠤ ᠨᠠᠰᠤᠨ ᠳᠠᠭᠠᠨ ᠤᠳᠤᠳᠠᠢ ᠶᠠᠪᠤᠭᠰᠠᠨ ᠵᠠᠩᠬᠢᠶ᠎ᠠ ᠲᠠᠢ ᠠᠬᠠᠮᠠᠳ ᠪᠦᠬᠡᠴᠤᠳ ᠨᠢ ᠦᠷ᠎ᠡ ᠠᠴᠢᠨᠠᠷ | ᠲᠠᠭᠠᠨ ᠪᠤᠶᠤ ᠬᠤᠰᠢᠭᠤ ᠨᠤᠳᠤᠭ ᠤᠨ ᠢᠶᠠᠨ ᠰᠠᠶᠢᠨ ᠪᠠᠷᠢᠯᠳᠤᠵᠤ ᠶᠠᠪᠤᠭ᠎ᠠ ᠵᠠᠯᠠᠭᠤ ᠬᠤᠶᠢᠴᠢ ᠪᠦᠬᠡ ᠳᠡᠭᠡᠨ | ᠦᠪᠡᠷ ᠤᠨ ᠵᠠᠩᠬᠢᠶ᠎ᠠ ᠪᠠᠨ ᠶᠡᠬᠦᠯᠡᠵᠦ ᠦᠭᠳᠡᠭ ᠵᠢᠷᠤᠮ ᠲᠠᠢ᠃ ᠪᠠᠰᠠ ᠨᠠᠶᠢᠷ ᠨᠠᠭᠠᠳᠤᠮ ᠳᠤ ᠰᠠᠶᠢᠨ ᠪᠠᠷᠢᠯᠳᠤᠵᠤ᠂ | ᠠᠷᠠᠳ ᠤᠯᠠᠨ᠂ ᠤᠷᠤᠨ ᠨᠤᠳᠤᠭ ᠲᠠᠭᠠᠨ ᠨᠡᠷ᠎ᠡ ᠭᠠᠷᠤᠭᠰᠠᠨ ᠨᠤᠳᠤᠭ ᠤᠨ ᠢᠶᠠᠨ ᠰᠢᠯᠢᠳᠡᠭ ᠪᠦᠬᠡ ᠶᠢ ᠬᠤᠰᠢᠭᠤ | ᠰᠤᠮᠤᠨ ᠠᠴᠠ ᠪᠠᠨ ᠵᠠᠩᠬᠢᠶᠠᠯᠠᠳᠠᠭ ᠶᠠᠪᠤᠳᠠᠯ ᠴᠤ ᠪᠤᠢ᠃ ᠵᠠᠩᠬᠢᠶ᠎ᠠ ᠶᠢᠨ ᠭᠤᠤᠯ ᠢ ᠭᠤᠷᠪᠠᠨ ᠬᠠᠳᠠᠭ ᠢᠶᠠᠷ | ᠭᠤᠷᠮᠤᠰᠤᠯᠠᠨ ᠪᠢᠳᠡᠬᠦᠦ ᠲᠤᠭᠤᠷᠢᠭ ᠵᠠᠩᠬᠢᠳᠤᠨ ᠬᠢᠵᠦ᠂ ᠵᠠᠩᠬᠢᠶ᠎ᠠ ᠶᠢᠨ ᠲᠠᠯᠪᠠᠭ᠎ᠠ ᠶᠢ ᠲᠤᠭᠤᠷᠢᠭ ᠬᠦᠵᠦᠬᠦᠪᠴᠢ | ᠶᠢᠨ ᠬᠠᠭᠠᠰ ᠭᠡᠰᠡᠭ ᠢ ᠡᠵᠡᠯᠡᠬᠦᠯᠦᠨ ᠪᠦᠷᠬᠦᠬᠦᠯᠵᠦ ᠵᠠᠩᠬᠢᠳᠤᠨ᠎ᠠ᠃ ᠵᠠᠩᠬᠢᠶ᠎ᠠ ᠶᠢ ᠴᠠᠭᠠᠨ᠂ ᠤᠯᠠᠭᠠᠨ᠂ ᠴᠡᠩᠬᠡᠷ᠂ | ᠨᠤᠭᠤᠭᠠᠨ᠂ ᠰᠢᠷ᠎ᠠ ᠬᠡᠬᠦ ᠮᠡᠳᠦ ᠦᠩᠬᠡ ᠶᠢᠨ ᠭᠭᠢᠪ ᠲᠤᠷᠭ᠎ᠠ ᠪᠠᠷ ᠵᠠᠩᠬᠢᠳᠤᠨ᠎ᠠ᠂ ᠬᠠᠷ᠎ᠠ ᠦᠩᠬᠡ ᠤᠷᠤᠭᠤᠯᠬᠤ | ᠦᠬᠡᠢ᠃ | ᠲᠠᠶᠢᠹᠤᠰᠧ ᠪᠦᠬᠡᠴᠤᠳ ᠤᠨ ᠲᠡᠪᠢᠯᠬᠡ ᠪᠤᠯ ᠮᠦᠨ ᠴᠤ ᠰᠢᠯᠢ ᠶᠢᠨ ᠭᠤᠤᠯ ᠮᠠᠶ᠋ᠢᠭ ᠤᠨ ᠲᠡᠪᠢᠯᠬᠡ ᠪᠤᠯᠤᠨ᠎ᠠ᠃ | ᠭᠠᠷ ᠬᠦᠯ ᠢᠶᠠᠨ ᠵᠦᠪ ᠰᠤᠯᠤᠭᠠᠢ ᠪᠠᠷ ᠡᠬᠡᠯᠵᠢᠯᠡᠨ ᠬᠠᠶᠠᠯᠠᠵᠤ᠂ ᠴᠡᠭᠡᠵᠢᠨ ᠪᠡᠶ᠎ᠡ ᠶᠢ ᠵᠢᠭᠠᠬᠠᠨ ᠲᠦᠷᠢᠰᠬᠢᠨ | ᠲᠡᠪᠢᠬᠦ ᠳᠤ ᠬᠦᠵᠦᠬᠦᠨ ᠳᠠᠬᠢ ᠵᠠᠩᠬᠢᠶ᠎ᠠ ᠨᠢ ᠠᠷᠰᠯᠠᠨ ᠤ ᠵᠤᠭᠳᠤᠷ ᠪᠤᠶᠤ ᠠᠰᠠᠵᠤ ᠪᠠᠶᠢᠭ᠎ᠠ ᠭᠠᠯ ᠠᠳᠠᠯᠢ ᠪᠠᠷ | ᠬᠤᠶᠠᠷ ᠮᠦᠷᠦᠨ ᠲᠡᠭᠡᠷ᠎ᠡ ᠨᠢ ᠡᠬᠡᠯᠵᠢᠯᠡᠨ ᠪᠤᠰᠴᠣ ᠢᠷᠡᠳᠡᠭ ᠭᠤᠶᠢᠳᠠ ᠰᠠᠶᠢᠬᠠᠨ ᠲᠡᠪᠢᠯᠬᠡ ᠶᠤᠮ᠃ | ᠪᠦᠬᠡᠴᠤᠳ ᠨᠠᠶᠢᠷ ᠤᠨ ᠲᠠᠯᠠᠪᠠᠢ ᠳᠤ ᠤᠷᠤᠬᠤ ᠦᠶᠡᠰ᠂ ᠪᠦᠬᠡ ᠤᠷᠢᠭᠴᠢ ᠨᠡᠷ ᠠᠴᠠ ︽ᠪᠦᠬᠡ ᠶᠢ ᠪᠠᠨ | ᠲᠠᠯᠪᠢ︾ ᠬᠡᠮᠡᠨ ᠰᠠᠷᠠᠭᠤᠯ ᠴᠡᠭᠡᠯᠬᠡᠨ ᠬᠤᠭᠤᠯᠠᠢ ᠪᠠᠷ ᠬᠠᠩᠬᠢᠨᠠᠳᠠᠯ᠎ᠠ ᠠᠶᠠᠯᠠᠭᠤᠯᠵᠤ ᠂ ᠭᠤᠷᠪᠠᠨᠳᠠ ᠤᠷᠢᠭᠰᠠᠨ ᠤ | ᠲᠠᠷᠠᠭ᠎ᠠ ᠂ ᠪᠦᠬᠡᠴᠤᠳ ᠵᠡᠬᠦᠨ ᠪᠠᠷᠠᠭᠤᠨ ᠬᠤᠶᠠᠷ ᠭᠠᠷ ᠠᠴᠠ ᠮᠠᠭᠰᠢᠨ ᠲᠡᠪᠢᠵᠦ ᠭᠠᠷᠳᠠᠭ᠃ | ᠲᠠᠶᠢᠹᠤᠰᠧ ᠤᠨ ᠬᠢᠨ ᠪᠦᠬᠡ ᠤᠨᠤᠭᠠᠬᠤ ᠳᠤ ᠤᠯᠠᠩᠬᠢ ᠳᠠᠭᠠᠨ ᠤᠯᠠᠮᠵᠢᠯᠠᠯᠳᠤ ᠤᠨᠤᠭᠠᠯᠳᠠ ᠪᠠ ᠱᠠᠳᠤᠯᠵᠢᠨ | ᠤᠨᠤᠭᠠᠯᠳᠠ ︵ ᠬᠦᠰᠦᠨᠦᠭᠴᠢᠯᠡᠨ ᠤᠨᠤᠭᠠᠬᠤ︶ ᠶᠢᠨ ᠠᠷᠭ᠎ᠠ ᠶᠢ ᠭᠡᠷᠡᠭᠯᠡᠳᠡᠭ᠃ ᠤᠯᠠᠮᠵᠢᠯᠠᠯᠳᠤ ᠠᠷᠭ᠎ᠠ ᠪᠠᠷ | ᠪᠦᠬᠡ ᠤᠨᠤᠭᠠᠬᠤ ᠳᠤ ᠲᠦᠷᠦᠯ ᠰᠠᠳᠤᠨ᠂ ᠨᠢᠬᠡ ᠨᠤᠳᠤᠭ ᠤᠨ ᠬᠦᠮᠦᠰ ᠢ ᠬᠤᠭᠤᠷᠤᠨᠳᠤ ᠨᠢ ᠲᠠᠭᠠᠷᠠᠭᠤᠯᠬᠤ ᠠᠴᠠ | ᠴᠢᠳᠠᠬᠤ ᠶᠢᠨ ᠲᠤᠳᠤᠷ᠎ᠠ ᠵᠠᠶᠢᠯᠠᠰᠬᠢᠨ᠎ᠠ᠃ | ᠲᠠᠶᠢᠹᠤᠰᠧ ᠳᠤ ᠲᠡᠷᠢᠬᠦᠨ ᠪᠦᠬᠡ ᠶᠢ ︽ᠦᠵᠦ ᠪᠦᠬᠡ︾ ᠬᠡᠵᠦ᠂ ᠲᠡᠳ᠋ ᠪᠦᠬᠡ ᠶᠢ ︽ᠵᠠᠢ ᠪᠦᠬᠡ︾ | ᠭᠡᠳᠡᠭ᠃ ᠵᠠᠯᠠᠭᠤ ᠽᠠᠨᠳᠠᠨ ᠨᠠᠰᠤᠨ ᠳᠠᠭᠠᠨ ᠭᠠᠷᠮᠠᠭᠠᠢ ᠰᠠᠶᠢᠨ ᠪᠠᠷᠢᠯᠳᠤᠵᠤ ᠶᠠᠪᠤᠭᠰᠠᠨ ᠠᠬᠠᠮᠠᠳ ᠪᠦᠬᠡ ᠪᠠᠷᠢᠯᠳᠤᠬᠤ | ᠪᠠᠨ ᠵᠤᠭᠰᠤᠬᠤ ᠦᠶᠡᠰ᠂ ᠲᠡᠬᠦᠨ ᠤ ᠠᠮᠵᠢᠯᠳᠠ ᠵᠢᠳᠬᠦᠯ ᠢ ᠨᠢ ᠦᠨᠡᠯᠡᠨ ᠲᠡᠮᠳᠡᠭᠯᠡᠵᠦ᠂ ᠬᠤᠰᠢᠭᠤ ᠰᠤᠮᠤᠨ ᠤ | ᠨᠠᠶᠢᠷ ᠨᠠᠭᠠᠳᠤᠮ ᠲᠡᠭᠡᠷ᠎ᠡ ︽ᠲᠠᠷᠬᠠᠨ ᠪᠦᠬᠡ︾ ᠴᠤᠯᠠ ᠶᠢ ᠱᠠᠩᠨᠠᠨ ᠤᠯᠭᠤᠳᠠᠭ ᠶᠤᠰᠤ ᠵᠢᠷᠤᠮ ᠢᠶᠠᠷ᠂ 1981 | ᠤᠨ ᠳᠤ ᠬᠦᠨᠪᠤᠯᠠᠭ ᠰᠤᠮᠤᠨ ᠤ ᠨᠠᠢᠮᠠᠳᠤᠭᠠᠷ ᠤᠳᠠᠭᠠᠨ ᠤ ᠠᠷᠠᠳ ᠤᠨ ᠶᠡᠭᠡ ᠨᠠᠶᠢᠷ ᠲᠡᠭᠡᠷ᠎ᠡ ᠲᠠᠶᠢᠹᠤᠰᠧ | ᠬᠤᠰᠢᠭᠤᠨ ᠤ ᠬᠦᠨᠪᠤᠯᠠᠭ ᠰᠤᠮᠤᠨ ᠤ ᠵᠠᠰᠠᠭ ᠤᠨ ᠤᠷᠳᠤᠨ ᠠᠴᠠ ᠡᠷᠳᠡᠨᠢᠳᠠᠯᠠᠢ ᠂ ᠫᠧᠷᠡᠩᠯᠠᠢ᠂ ᠡᠷᠳᠡᠨᠢ᠂ | ᠲᠤᠪᠵᠠᠢ᠂ ᠭᠤᠰᠢᠩᠰᠧ᠂ ᠲᠠᠮᠷᠢᠨᠵᠠᠪ᠂ ᠯᠤᠪᠰᠠᠩᠪᠠᠯᠳᠠᠨ ᠵᠡᠷᠭᠡ ᠲᠤᠯᠤᠭᠠᠨ ᠠᠬᠠᠮᠠᠳ ᠪᠦᠬᠡ ᠪᠠᠨ | ᠲᠠᠷᠬᠠᠯᠠᠭᠰᠠᠨ ᠪᠠᠶᠢᠳᠠᠭ᠃ |