| ᠢᠮᠠᠭᠠᠨ ᠰᠦᠷᠦᠭ ᠤᠨ ᠳᠦᠷᠪᠡᠨ ᠤᠯᠠᠷᠢᠯ ᠤᠨ ᠬᠠᠷᠢᠭᠤᠯᠭ᠎ᠠ ᠮᠠᠯᠯᠠᠭ᠎ᠠ 1. ᠬᠠᠪᠤᠷ ᠤᠨ ᠤᠯᠠᠷᠢᠯ ᠤᠨ | ᠬᠠᠷᠢᠭᠤᠯᠭ᠎ᠠ᠄ ᠬᠠᠪᠤᠷ ᠤᠨ ᠤᠯᠠᠷᠢᠯ ᠳᠤ ᠡᠪᠡᠰᠦ ᠤᠷᠭᠤᠮᠠᠯ ᠬᠠᠬᠢᠷ ᠬᠤᠪᠠᠭ᠋ᠠᠢ᠂ ᠠᠭᠤᠷ ᠠᠮᠢᠰᠬᠤᠯ ᠤᠨ | ᠬᠤᠪᠢᠷᠠᠯᠲᠠ ᠶᠡᠭᠡ᠂ ᠭᠠᠮᠰᠢᠭ ᠵᠤᠳ ᠤᠯᠠᠨ᠂ ᠢᠮᠠᠭᠠᠨ ᠰᠦᠷᠦᠭ ᠤᠨ ᠲᠠᠮᠢᠷ ᠬᠦᠴᠦ ᠨᠡᠶᠢᠳᠡᠮ ᠰᠤᠯᠠ ᠳᠤᠷᠤᠢ | ᠪᠠᠶᠢᠳᠠᠭ ᠪᠤᠯᠬᠤᠷ ᠡᠨᠡ ᠦᠶ᠎ᠡ ᠳᠤ ᠠᠷᠠᠴᠢᠯᠠᠭ᠎ᠠ ᠮᠠᠯᠯᠠᠭ᠎ᠠ ᠪᠠᠨ ᠴᠢᠩᠭᠠᠳᠬᠠᠵᠤ᠂ ᠡᠪᠡᠰᠦ ᠪᠤᠷᠳᠤᠭ᠎ᠠ ᠪᠠᠷ | ᠨᠦᠬᠦᠪᠦᠷᠢᠯᠡᠨ ᠲᠡᠵᠢᠭᠡᠬᠦ ᠬᠡᠷᠡᠭᠲᠡᠢ᠃ ᠢᠯᠠᠩᠭᠤᠶ᠎ᠠ ᠭᠠᠵᠠᠷ ᠭᠡᠰᠴᠦ ᠰᠢᠨ᠎ᠡ ᠨᠤᠭᠤᠭ᠎ᠠ ᠪᠤᠯᠲᠠᠶᠢᠵᠤ ᠭᠠᠷᠬᠤ | ᠦᠶ᠎ᠡ ᠳᠤ ᠢᠮᠠᠭᠠᠳ ᠰᠢᠨ᠎ᠡ ᠨᠤᠭᠤᠭ᠎ᠠ ᠶᠢ ᠡᠷᠢᠨ ᠵᠦᠭ ᠴᠢᠭ ᠦᠭᠡᠢ ᠭᠦᠶᠦᠯᠳᠦᠵᠦ᠂ ᠰᠢᠨ᠎ᠡ ᠨᠤᠭᠤᠭ᠎ᠠ ᠶᠢ | ᠤᠯᠵᠤ ᠢᠳᠡᠬᠦ ᠦᠭᠡᠢ ᠮᠦᠷᠲᠡᠬᠡᠨ ᠬᠠᠷᠢᠨ ᠬᠦᠴᠦ ᠲᠠᠮᠢᠷ ᠢᠶᠠᠨ ᠪᠠᠷᠠᠵᠤ ᠡᠴᠡᠵᠦ ᠮᠠᠭᠤᠳᠠᠬᠤ ᠦᠵᠡᠭᠳᠡᠯ ᠭᠠᠷᠳᠠᠭ᠃ | ᠡᠶᠢᠮᠦ ᠠᠴᠠ ᠬᠠᠪᠤᠷ ᠤᠨ ᠤᠯᠠᠷᠢᠯ ᠳᠤ ᠢᠮᠠᠭ᠎ᠠ ᠬᠠᠷᠢᠭᠤᠯᠬᠤ ᠳᠤ ᠨᠢᠭᠡ ᠳᠤ ᠶᠠᠪᠤᠬᠤ ᠶᠢ ᠨᠢ ᠬᠤᠷᠢᠭᠯᠠᠵᠤ | ᠲᠦᠪᠯᠡᠷᠡᠩᠭᠦᠢ ᠰᠢᠭ ᠬᠠᠷᠢᠭᠤᠯᠪᠠᠯ ᠵᠤᠬᠢᠨ᠎ᠠ᠃ ᠬᠤᠶᠠᠷ ᠲᠤ ᠠᠭᠤᠯᠠᠷᠬᠠᠭ ᠭᠠᠵᠠᠷ ᠤᠨ ᠬᠢᠨ ᠤᠷᠢᠳ ᠢᠶᠠᠷ ᠠᠭᠤᠯᠠᠨ | ᠠᠷᠤ ᠶᠢᠨ ᠪᠡᠯᠴᠢᠭᠡᠷ ᠲᠤ ᠬᠠᠷᠢᠭᠤᠯᠵᠤ ᠰᠡᠭᠦᠯᠡᠷ ᠨᠢ ᠠᠭᠤᠯᠠᠨ ᠡᠩᠭᠡᠷ ᠤᠨ ᠪᠡᠯᠴᠢᠭᠡᠷ ᠲᠤ ᠬᠠᠷᠢᠭᠤᠯᠬᠤ᠂ ᠲᠡᠯ᠎ᠠ | ᠭᠠᠵᠠᠷ ᠤᠨ ᠬᠢᠨ ᠤᠷᠢᠳ ᠢᠶᠠᠷ ᠬᠤᠪᠠᠭ᠋ᠠᠢ ᠡᠪᠡᠰᠦ ᠡᠯᠪᠡᠭ ᠪᠡᠯᠴᠢᠭᠡᠷ ᠲᠤ ᠬᠠᠷᠢᠭᠤᠯᠵᠤ ᠰᠡᠭᠦᠯᠡᠷ ᠨᠢ ᠰᠢᠨ᠎ᠡ | ᠨᠤᠭᠤᠭ᠎ᠠ ᠤᠷᠭᠤᠭᠰᠠᠨ ᠪᠡᠯᠴᠢᠭᠡᠷ ᠲᠤ ᠬᠠᠷᠢᠭᠤᠯᠬᠤ ᠵᠠᠷᠴᠢᠮ ᠢᠶᠠᠷ ᠢᠮᠠᠭ᠎ᠠ ᠪᠠᠨ ᠠᠭᠠᠵᠢᠮ ᠪᠦᠭᠡᠳ | ᠲᠤᠭᠲᠠᠭᠤᠨ ᠢᠶᠠᠷ ᠬᠠᠷᠢᠭᠤᠯᠪᠠᠯ ᠵᠤᠬᠢᠨ᠎ᠠ᠃ ᠭᠤᠷᠪᠠ ᠳᠤ ᠬᠠᠪᠤᠷ ᠤᠨ ᠤᠯᠠᠷᠢᠯ ᠳᠤ ᠢᠮᠠᠭ᠎ᠠ ᠪᠠᠨ ᠪᠡᠯᠴᠢᠭᠡᠬᠦ ᠠᠴᠠ | ᠡᠮᠦᠨ᠎ᠡ ᠪᠠᠭ᠎ᠠ ᠰᠠᠭ᠎ᠠ ᠬᠠᠭᠤᠷᠠᠢ ᠡᠪᠡᠰᠦ ᠬᠠᠶᠠᠨ ᠦᠭᠴᠦ ᠢᠳᠡᠭᠦᠯᠦᠭᠰᠡᠨ ᠤ ᠳᠠᠷᠠᠭ᠎ᠠ ᠰᠠᠯᠬᠢ ᠡᠰᠡᠷᠭᠦ ᠵᠦᠭ | ᠪᠡᠯᠴᠢᠭᠡᠭᠡᠳ ᠤᠷᠤᠢ ᠳᠠᠭᠠᠨ ᠰᠠᠯᠬᠢ ᠳᠠᠭᠠᠭᠤᠯᠤᠨ ᠬᠤᠷᠢᠶᠠᠵᠤ ᠠᠪᠴᠢᠷᠠᠪᠠᠯ ᠰᠠᠶᠢᠨ ᠪᠠᠶᠢᠳᠠᠭ᠃ 2. ᠵᠤᠨ ᠤ | ᠤᠯᠠᠷᠢᠯ ᠤᠨ ᠬᠠᠷᠢᠭᠤᠯᠭ᠎ᠠ᠄ ᠵᠤᠨ ᠤ ᠤᠯᠠᠷᠢᠯ ᠤᠨ ᠡᠳᠦᠷ ᠤᠷᠲᠤ᠂ ᠠᠭᠤᠷ ᠠᠮᠢᠰᠬᠤᠯ ᠤᠷᠢ ᠳᠤᠯᠠᠭᠠᠨ᠂ ᠬᠤᠷ᠎ᠠ | ᠪᠤᠷᠤᠭᠠᠨ ᠠᠷᠪᠢᠨ᠂ ᠡᠪᠡᠰᠦ ᠤᠷᠭᠤᠮᠠᠯ ᠤᠰᠤᠯᠢᠭ ᠨᠤᠭᠤᠭᠠᠨ ᠲᠤᠯᠠ ᠢᠮᠠᠭᠠᠨ ᠳᠤ ᠲᠠᠷᠭᠤ ᠠᠪᠤᠭᠤᠯᠬᠤ ᠨᠢ ᠡᠨᠡ | ᠦᠶ᠎ᠡ ᠶᠢᠨ ᠭᠤᠤᠯ ᠠᠵᠢᠯ ᠪᠤᠯᠤᠨ᠎ᠠ᠃ ᠡᠨᠡ ᠦᠶ᠎ᠡ ᠳᠤ ᠢᠮᠠᠭ᠎ᠠ ᠪᠠᠨ ᠨᠤᠤᠰᠤᠯᠠᠬᠤ᠂ ᠡᠮᠲᠦ ᠤᠰᠤ ᠪᠠᠷ ᠤᠭᠢᠶᠠᠬᠤ | ᠂ ᠡᠮ ᠴᠢᠳᠬᠤᠬᠤ ᠵᠡᠷᠭᠡ ᠠᠵᠢᠯ ᠢ ᠲᠤᠬᠢᠷᠠᠮᠵᠢᠲᠠᠢ ᠴᠠᠭ ᠲᠤᠨᠢ ᠭᠦᠢᠴᠡᠳᠬᠡᠵᠦ᠂ ᠳᠤᠲᠤᠷ᠎ᠠ ᠭᠠᠳᠠᠷ | ᠬᠤᠷᠤᠬᠠᠢ ᠶᠢ ᠨᠢ ᠬᠦᠭᠡᠭᠡᠵᠦ ᠠᠷᠢᠯᠭᠠᠨ ᠲᠤᠰᠤᠨ ᠲᠠᠷᠭᠤ ᠭᠦᠢᠴᠡᠳ ᠠᠪᠬᠤ ᠳᠤ ᠨᠦᠭᠦᠴᠡᠯ ᠪᠦᠷᠢᠯᠳᠦᠭᠦᠯᠵᠦ | ᠦᠭᠪᠡᠯ ᠵᠤᠬᠢᠨ᠎ᠡ᠃ ᠵᠤᠨ ᠤ ᠤᠯᠠᠷᠢᠯ ᠳᠤ ᠢᠮᠠᠭ᠎ᠠ ᠶᠢ ᠦᠨᠳᠦᠷᠯᠢᠭ ᠰᠡᠷᠢᠭᠦᠨ᠂ ᠢᠯᠠᠭ᠎ᠠ ᠪᠠᠲᠠᠭᠠᠨ᠎ᠠ ᠪᠠᠭ᠎ᠠ | ᠪᠡᠯᠴᠢᠭᠡᠷ ᠲᠤ ᠡᠷᠲᠡ ᠪᠡᠯᠴᠢᠭᠡᠨ ᠤᠷᠤᠢ ᠬᠤᠲᠠᠯᠠᠬᠤ ᠠᠷᠭ᠎ᠠ ᠪᠠᠷ ᠬᠠᠷᠢᠭᠤᠯᠵᠤ᠂ ᠦᠳᠡ ᠶᠢᠨ ᠭᠤᠤᠯ ᠳᠤ | ᠰᠡᠭᠦᠳᠡᠷ ᠲᠠᠢ ᠭᠠᠵᠠᠷ ᠪᠤᠶᠤ ᠦᠨᠳᠦᠷᠯᠢᠭ ᠰᠡᠷᠢᠭᠦᠨ ᠭᠠᠵᠠᠷ ᠲᠤ ᠬᠡᠪᠲᠡᠭᠦᠯᠵᠦ ᠠᠮᠠᠷᠠᠭᠤᠯᠪᠠᠯ ᠰᠠᠶᠢᠨ ᠪᠠᠶᠢᠳᠠᠭ᠃ | ᠬᠠᠯᠠᠭᠤᠨ ᠡᠳᠦᠷ ᠦᠳᠡ ᠶᠢᠨ ᠡᠮᠦᠨ᠎ᠡ ᠨᠠᠷᠠᠯᠢᠭ ᠪᠡᠯᠴᠢᠭᠡᠷ ᠲᠤ ᠰᠠᠯᠬᠢ ᠳᠠᠭᠠᠭᠤᠯᠤᠨ ᠢᠳᠡᠷᠰᠢᠭᠦᠯᠵᠦ᠂ ᠦᠳᠡ ᠶᠢᠨ | ᠬᠤᠶᠢᠨ᠎ᠠ ᠰᠡᠭᠦᠳᠡᠷᠯᠢᠭ ᠪᠤᠶᠤ ᠰᠠᠯᠬᠢ ᠲᠠᠢ ᠪᠡᠯᠴᠢᠭᠡᠷ ᠲᠤ ᠰᠠᠯᠬᠢ ᠰᠦᠷᠦᠭᠦᠯᠦᠨ ᠬᠠᠷᠢᠭᠤᠯᠪᠠᠯ ᠪᠦᠭᠡᠮᠨᠡᠷᠡᠵᠦ | ᠵᠤᠭᠰᠤᠬᠤ ᠶᠢ ᠰᠡᠷᠭᠡᠶᠢᠯᠡᠵᠦ ᠴᠢᠳᠠᠨ᠎ᠠ᠃ ᠡᠭᠦᠨ ᠠᠴᠠ ᠭᠠᠳᠠᠨ᠎ᠠ ᠢᠮᠠᠭ᠎ᠠ ᠶᠢ ᠡᠳᠦᠷ ᠲᠤ 1~2 ᠤᠳᠠᠭ᠎ᠠ | ᠬᠤᠳᠳᠤᠭ ᠤᠨ ᠤᠰᠤ ᠪᠤᠶᠤ ᠤᠷᠤᠰᠤᠮᠠᠯ ᠪᠤᠯᠠᠭ ᠤᠨ ᠤᠰᠤ ᠪᠠᠷ ᠤᠰᠤᠯᠠᠬᠤ ᠶᠢ ᠴᠢᠩᠭ᠎ᠠ ᠪᠠᠷᠢᠮᠲᠠᠯᠠᠵᠤ᠂ | ᠲᠤᠭᠲᠠᠮᠠᠯ ᠬᠤᠭᠤᠴᠠᠭ᠎ᠠ ᠲᠠᠢ ᠪᠠᠷ ᠬᠤᠵᠢᠷ ᠳᠠᠪᠤᠰᠤ ᠦᠭᠴᠦ ᠳᠤᠯᠢᠶᠠᠯᠭᠠᠬᠤ ᠶᠢ ᠤᠮᠳᠤᠭᠠᠶᠢᠯᠠᠵᠤ ᠪᠤᠯᠬᠤ ᠦᠭᠡᠢ᠃ | ᠤᠷᠤᠢ ᠳᠠᠭᠠᠨ ᠦᠨᠳᠦᠷᠯᠢᠭ ᠰᠡᠷᠢᠭᠦᠨ᠂ ᠰᠠᠯᠬᠢ ᠲᠠᠢ ᠭᠠᠵᠠᠷ ᠵᠠᠳᠠᠭᠠᠢ ᠬᠡᠪᠲᠡᠷᠢᠯᠡᠭᠦᠯᠬᠦ ᠪᠤᠶᠤ ᠠᠭᠤᠵᠢᠮ | ᠬᠠᠰᠢᠶᠠᠨ ᠳᠤ ᠲᠠᠷᠠᠤᠬᠠᠨ ᠬᠡᠪᠲᠡᠷᠢᠯᠡᠭᠦᠯᠬᠦ ᠳᠡᠭᠡᠨ ᠬᠡᠪᠲᠡᠷᠢ ᠶᠢ ᠨᠢ ᠡᠳᠦᠷ ᠪᠦᠷᠢ ᠱᠦᠭᠦᠷᠳᠡᠵᠦ᠂ ᠬᠡᠵᠢᠶᠡᠳᠡ | ᠠᠷᠢᠭᠤᠨ ᠴᠡᠪᠡᠷ ᠪᠠᠶᠢᠯᠭᠠᠬᠤ ᠬᠡᠷᠡᠭᠲᠡᠢ᠃ ᠨᠦᠭᠦᠴᠡᠯ ᠲᠠᠢ ᠭᠠᠵᠠᠷ ᠨᠢ ᠤᠷᠤᠢ ᠢᠮᠠᠭ᠎ᠠ ᠪᠠᠨ ᠬᠤᠷᠢᠶᠠᠵᠤ | ᠠᠪᠴᠢᠷᠠᠭᠰᠠᠨ ᠤ ᠳᠠᠷᠠᠭ᠎ᠠ ᠤᠶᠢᠷ᠎ᠠ ᠵᠠᠭᠤᠷ᠎ᠠ ᠰᠡᠷᠢᠭᠦᠴᠡᠭᠦᠯᠦᠨ ᠶᠠᠪᠤᠭᠤᠯᠤᠭᠠᠳ ᠬᠠᠷᠠᠩᠭᠤᠢ ᠪᠤᠯᠬᠤ ᠦᠶ᠎ᠡ ᠳᠤ | ᠬᠡᠪᠲᠡᠷᠢᠯᠡᠭᠦᠯᠪᠡᠯ ᠲᠠᠷᠭᠤ ᠠᠪᠬᠤ ᠳᠤ ᠠᠰᠢᠭᠲᠠᠢ ᠪᠠᠶᠢᠳᠠᠭ᠃ 3. ᠨᠠᠮᠤᠷ ᠤᠨ ᠤᠯᠠᠷᠢᠯ ᠤᠨ ᠬᠠᠷᠢᠭᠤᠯᠭ᠎ᠠ᠄ ᠨᠠᠮᠤᠷ | ᠪᠤᠯᠪᠠᠯ ᠠᠭᠤᠷ ᠠᠮᠢᠰᠬᠤᠯ ᠰᠡᠷᠢᠭᠦᠨ ᠪᠤᠯᠵᠤ᠂ ᠡᠪᠡᠰᠦ ᠤᠷᠭᠤᠮᠠᠯ ᠳᠤ ᠦᠷ᠎ᠡ ᠰᠠᠭᠤᠵᠤ᠂ ᠬᠠᠭᠤᠷᠠᠢ ᠪᠤᠳᠠᠰ ᠪᠠ | ᠰᠢᠮ᠎ᠡ ᠲᠡᠵᠢᠭᠡᠯ ᠨᠢ ᠨᠡᠮᠡᠭᠳᠡᠳᠡᠭ ᠪᠤᠯᠬᠤᠷ ᠮᠢᠬᠠᠨ ᠢᠮᠠᠭ᠎ᠠ ᠶᠢ ᠲᠠᠷᠭᠤᠯᠠᠭᠤᠯᠵᠤ ᠮᠢᠬᠠᠯᠠᠭᠤᠯᠬᠤ ᠬᠠᠮᠤᠭ ᠤᠨ ᠰᠠᠶᠢᠨ | ᠴᠠᠭ ᠦᠶ᠎ᠡ ᠪᠤᠯᠤᠨ᠎ᠠ᠃ ᠡᠶᠢᠮᠦ ᠠᠴᠠ ᠨᠠᠮᠤᠷ ᠤᠨ ᠤᠯᠠᠷᠢᠯ ᠳᠤ ᠭᠤᠤᠯ ᠬᠦᠴᠦ ᠪᠠᠨ ᠲᠠᠷᠭᠤ ᠠᠪᠤᠭᠤᠯᠬᠤ ᠳᠡᠭᠡᠷ᠎ᠡ | ᠲᠠᠯᠪᠢᠵᠤ᠂ ᠠᠯᠢ ᠴᠢᠳᠠᠬᠤ ᠪᠠᠷ ᠡᠷᠲᠡ ᠪᠡᠯᠴᠢᠭᠡᠨ ᠤᠷᠤᠢ ᠬᠤᠲᠠᠯᠠᠵᠤ᠂ ᠢᠳᠡᠰᠢᠯᠡᠭᠦᠯᠬᠦ ᠴᠠᠭ ᠢ ᠤᠷᠲᠤᠳᠬᠠᠨ | ᠲᠤᠭᠲᠠᠭᠤᠨ ᠲᠦᠯᠭᠡᠨ ᠬᠠᠷᠢᠭᠤᠯᠪᠠᠯ ᠵᠤᠬᠢᠨ᠎ᠠ᠃ ᠲᠡᠭᠡᠬᠦ ᠳᠡᠭᠡᠨ ᠦᠳᠡ ᠶᠢᠨ ᠡᠮᠦᠨ᠎ᠡ ᠤᠷᠢᠳᠤ ᠨᠢ ᠪᠡᠯᠴᠢᠭᠡᠭᠰᠡᠨ | ᠪᠡᠯᠴᠢᠭᠡᠷ ᠲᠤ ᠬᠠᠷᠢᠭᠤᠯᠵᠤ᠂ ᠦᠳᠡ ᠶᠢᠨ ᠬᠤᠶᠢᠨ᠎ᠠ ᠰᠢᠨ᠎ᠡ ᠪᠡᠯᠴᠢᠭᠡᠷ ᠲᠤ ᠬᠠᠷᠢᠭᠤᠯᠬᠤ ᠶᠤᠮ ᠤᠤ᠂ ᠡᠰᠡᠭᠦᠯ᠎ᠡ | ᠲᠠᠷᠢᠮᠠᠯ ᠤᠨ ᠭᠤᠤᠷᠰᠤᠨ ᠳᠤ ᠤᠷᠤᠭᠤᠯᠵᠤ ᠢᠳᠡᠰᠢᠯᠡᠭᠦᠯᠪᠡᠯ ᠨᠡᠩ ᠰᠠᠶᠢᠨ ᠪᠠᠶᠢᠳᠠᠭ᠃ ᠨᠠᠮᠤᠷ ᠤᠨ ᠤᠯᠠᠷᠢᠯ ᠳᠤ | ᠢᠮᠠᠭ᠎ᠠ ᠶᠢ ᠠᠯᠢ ᠴᠢᠳᠠᠬᠤ ᠳᠤ ᠲᠠᠭᠠᠨ᠎ᠠ ᠮᠠᠩᠭᠢᠷ ᠲᠠᠢ᠂ ᠡᠪᠡᠰᠦᠨ ᠤ ᠲᠦᠷᠦᠯ ᠵᠦᠢᠯ ᠨᠢ ᠤᠯᠠᠨ ᠪᠦᠭᠡᠳ | ᠤᠷᠭᠤᠴᠠ ᠰᠠᠶᠢᠲᠠᠢ ᠪᠡᠯᠴᠢᠭᠡᠷ ᠲᠤ ᠬᠠᠷᠢᠭᠤᠯᠵᠤ᠂ ᠡᠳᠦᠷ ᠲᠤ 1~2 ᠤᠳᠠᠭ᠎ᠠ ᠤᠰᠤᠯᠠᠬᠤ ᠪᠠ ᠭᠠᠷᠠᠭ ᠪᠦᠷᠢ 1 | ᠤᠳᠠᠭ᠎ᠠ ᠬᠤᠵᠢᠷ ᠳᠠᠪᠤᠰᠤ ᠢᠳᠡᠭᠦᠯᠬᠦ ᠶᠢ ᠤᠰᠤᠯᠳᠠᠵᠤ ᠪᠤᠯᠬᠤ ᠦᠭᠡᠢ᠃ 4. ᠡᠪᠦᠯ ᠤᠨ ᠤᠯᠠᠷᠢᠯ ᠤᠨ | ᠬᠠᠷᠢᠭᠤᠯᠭ᠎ᠠ᠄ ᠡᠪᠦᠯ ᠪᠤᠯᠪᠠᠯ ᠠᠭᠤᠷ ᠠᠮᠢᠰᠬᠤᠯ ᠬᠦᠢᠲᠡᠷᠡᠵᠦ ᠡᠪᠡᠰᠦ ᠤᠷᠭᠤᠮᠠᠯ ᠬᠤᠪᠠᠭ᠋ᠠᠶᠢᠷᠠᠨ᠂ ᠵᠠᠷᠢᠮ | ᠭᠠᠵᠠᠷ ᠲᠤ ᠴᠠᠰᠤ ᠤᠷᠤᠵᠤ ᠢᠮᠠᠭᠠᠨ ᠤ ᠢᠳᠡᠰᠢᠯᠡᠬᠦ ᠬᠡᠮᠵᠢᠶ᠎ᠡ ᠳᠤᠷᠤᠭᠰᠢᠯᠠᠳᠠᠭ ᠠᠴᠠ ᠪᠤᠯᠵᠤ ᠲᠠᠷᠭᠤ ᠬᠦᠴᠦ ᠨᠢ | ᠪᠠᠭᠤᠷᠠᠬᠤ ᠦᠵᠡᠭᠳᠡᠯ ᠭᠠᠷᠤᠨ᠎ᠠ᠃ ᠡᠶᠢᠮᠦ ᠠᠴᠠ ᠢᠷᠡᠬᠦ ᠵᠢᠯ ᠭᠠᠷᠭᠠᠯᠲᠠ ᠳᠤ ᠤᠷᠤᠭᠤᠯᠬᠤ ᠢᠮᠠᠭᠠᠨ ᠤ ᠲᠠᠷᠭᠤ | ᠬᠦᠴᠦ ᠶᠢ ᠰᠠᠶᠢᠳᠤᠷ ᠬᠠᠮᠠᠭᠠᠯᠠᠵᠤ ᠮᠡᠨᠳᠦ ᠡᠪᠦᠯᠵᠢᠭᠦᠯᠬᠦ ᠨᠢ ᠡᠪᠦᠯ ᠤᠨ ᠠᠷᠠᠴᠢᠯᠠᠭ᠎ᠠ ᠶᠢᠨ ᠭᠤᠤᠯ ᠡᠭᠦᠷᠭᠡ ᠪᠤᠯᠤᠨ᠎ᠠ | ᠃ ᠨᠤᠲᠤᠭ ᠪᠡᠯᠴᠢᠭᠡᠷ ᠤᠨ ᠲᠠᠯ᠎ᠠ ᠠᠴᠠ ᠠᠪᠴᠤ ᠬᠡᠯᠡᠪᠡᠯ᠂ ᠡᠪᠦᠯ ᠴᠠᠰᠤ ᠤᠷᠤᠭᠰᠠᠨ ᠤ ᠳᠠᠷᠠᠭ᠎ᠠ ᠤᠰᠤ ᠦᠭᠡᠢ | ᠪᠡᠯᠴᠢᠭᠡᠷ ᠢᠶᠠᠨ ᠠᠰᠢᠭᠯᠠᠬᠤ ᠶᠢᠨ ᠬᠠᠮᠲᠤ ᠤᠷᠢᠳ ᠢᠶᠠᠷ ᠬᠤᠯᠠ ᠶᠢᠨ ᠪᠡᠯᠴᠢᠭᠡᠷ ᠲᠤ ᠢᠳᠡᠰᠢᠯᠡᠭᠦᠯᠵᠦ ᠰᠡᠭᠦᠯᠡᠷ ᠨᠢ | ᠤᠶᠢᠷ᠎ᠠ ᠶᠢᠨ ᠪᠡᠯᠴᠢᠭᠡᠷ ᠢᠶᠠᠨ ᠠᠰᠢᠭᠯᠠᠬᠤ᠂ ᠤᠷᠢᠳ ᠢᠶᠠᠷ ᠦᠨᠳᠦᠷᠯᠢᠭ ᠪᠡᠯᠴᠢᠭᠡᠷ ᠲᠤ ᠬᠠᠷᠢᠭᠤᠯᠵᠤ ᠰᠡᠭᠦᠯᠡᠷ ᠨᠢ | ᠨᠠᠮ ᠳᠤᠤᠷ᠎ᠠ ᠭᠠᠵᠠᠷ ᠲᠤ ᠪᠡᠯᠴᠢᠭᠡᠬᠦ᠂ ᠤᠷᠢᠳ ᠢᠶᠠᠷ ᠬᠦᠨᠳᠡᠢ ᠬᠤᠲᠤᠭᠤᠷ ᠪᠡᠯᠴᠢᠭᠡᠷ ᠲᠤ ᠪᠡᠯᠴᠢᠭᠡᠵᠦ ᠰᠡᠭᠦᠯᠡᠷ ᠨᠢ | ᠲᠠᠯ᠎ᠠ ᠭᠠᠵᠠᠷ ᠲᠤ ᠶᠠᠪᠤᠭᠤᠯᠬᠤ ᠵᠠᠷᠴᠢᠮ ᠢ ᠪᠠᠷᠢᠮᠲᠠᠯᠠᠪᠠᠯ ᠵᠤᠬᠢᠨ᠎ᠠ᠃ ᠡᠪᠦᠯ ᠤᠨ ᠬᠦᠢᠲᠡᠨ ᠳᠤ ᠦᠷᠯᠦᠭᠡ ᠳᠡᠭᠡᠨ | ᠪᠠᠭ᠋ᠠᠨ ᠤᠷᠤᠢ ᠰᠢᠭ᠋ ᠰᠠᠯᠬᠢ ᠡᠰᠡᠷᠭᠦ ᠪᠡᠯᠴᠢᠭᠡᠨ ᠶᠠᠪᠤᠭᠤᠯᠵᠤ᠂ ᠤᠷᠤᠢ ᠳᠠᠭᠠᠨ ᠡᠷᠲᠡ ᠰᠢᠭ ᠰᠠᠯᠬᠢ ᠳᠠᠭᠠᠭᠤᠯᠤᠨ | ᠬᠤᠷᠢᠶᠠᠵᠤ᠂ ᠰᠠᠯᠬᠢ ᠰᠢᠭᠤᠷᠭᠠᠨ ᠢ ᠴᠠᠭ ᠢᠮᠠᠭᠲᠠ ᠰᠡᠷᠭᠡᠶᠢᠯᠡᠬᠦ ᠠᠴᠠ ᠭᠠᠳᠠᠨ᠎ᠠ ᠪᠠᠰᠠ ᠡᠳᠦᠷ ᠪᠦᠷᠢ 1 ᠤᠳᠠᠭ᠎ᠠ | ᠤᠰᠤᠯᠠᠵᠤ᠂ ᠭᠠᠷᠠᠭ ᠪᠦᠷᠢ 1 ᠤᠳᠠᠭ᠎ᠠ ᠬᠤᠵᠢᠷ ᠳᠠᠪᠤᠰᠤ ᠢᠳᠡᠭᠦᠯᠬᠦ ᠬᠡᠷᠡᠭᠲᠡᠢ᠃ ᠬᠦᠢᠲᠡᠷᠡᠬᠦ ᠠᠴᠠ ᠡᠮᠦᠨ᠎ᠡ | ᠢᠮᠠᠭᠠᠨ ᠤ ᠪᠠᠨ ᠫᠧᠩ ᠰᠠᠷᠠᠪᠴᠢ ᠶᠢ ᠰᠡᠯᠪᠢᠨ ᠵᠠᠰᠠᠵᠤ ᠪᠢᠲᠡᠭᠦᠯᠡᠨ ᠳᠤᠯᠠᠭᠠᠯᠠᠬᠤ ᠶᠢᠨ ᠬᠠᠮᠲᠤ ᠬᠡᠷᠪᠡ ᠫᠧᠩ | ᠰᠰᠷᠠᠪᠴᠢ ᠶᠢᠨ ᠱᠠᠯᠠ ᠨᠢ ᠴᠢᠬᠢᠭᠳᠦᠵᠦ ᠨᠤᠷᠬᠤ ᠦᠵᠡᠭᠳᠡᠯ ᠭᠠᠷᠪᠠᠯ ᠴᠠᠭ ᠲᠤᠬᠠᠢ ᠳᠤᠨᠢ ᠬᠤᠷᠭᠤᠯ ᠳᠡᠪᠢᠰᠬᠦ ᠵᠡᠷᠭᠡ | ᠠᠷᠭ᠎ᠠ ᠬᠡᠮᠵᠢᠶ᠎ᠡ ᠠᠪᠴᠤ ᠬᠡᠷᠡᠭᠲᠡᠢ᠃ ︵ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠶᠢᠨ ᠨᠠᠶᠢᠷᠠᠭᠤᠯᠤᠨ | ᠵᠤᠬᠢᠶᠠᠭᠰᠠᠨ ︽ᠮᠠᠯ ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠶᠢᠨ ᠪᠤᠯᠪᠠᠰᠤᠷᠠᠭᠤᠯᠭ᠎ᠠ︾ ᠭᠡᠬᠦ ᠨᠤᠮ ᠠᠴᠠ | ᠰᠤᠩᠭᠤᠨ ᠰᠡᠶᠢᠷᠡᠭᠦᠯᠪᠡ᠃︶ |