ᠦᠬᠡᠷ ᠤᠨ ᠰᠢᠯᠦᠬᠡᠢ ᠶᠢ ᠬᠡᠷᠬᠢᠨ ᠵᠠᠰᠠᠬᠤ ᠪᠤᠢ
ᠨᠡᠶᠢᠲᠡᠯᠡᠭᠰᠡᠨ ᠴᠠᠭ᠄
2020/5/6
    1. ᠤᠰᠤ᠂ ᠼᠤᠤ᠂ ᠪᠠᠶᠢᠪᠠᠩ ᠤᠨ ᠤᠰᠤ ︵1%~2%︶᠂ ᠳᠡᠭᠡᠲᠦ ᠮᠠᠩᠭᠠᠨ ᠬᠦᠴᠢᠯ ᠤᠨ ᠺᠠᠯᠢ ᠶᠢᠨ ᠠᠭᠤᠰᠤᠮᠠᠯ ︵高锰酸钾溶液︶ ᠪᠤᠶᠤ 2%~5% ᠶᠢᠨ ᠪᠤᠷ ᠬᠦᠴᠢᠯᠲᠦ ᠤᠰᠤ ︵硼酸水︶ ᠪᠠᠷ ᠠᠮᠠᠨ ᠬᠦᠨᠳᠡᠢ ᠶᠢ ᠨᠢ ᠤᠭᠢᠶᠠᠨ᠎ᠠ᠃ ᠢᠯᠪᠤᠷᠠᠭᠰᠠᠨ ᠪᠤᠶᠤ ᠰᠢᠷᠬᠠᠯᠠᠭᠰᠠᠨ ᠪᠤᠯ ᠵᠤᠬᠢᠰᠲᠠᠢ ᠵᠠᠰᠠᠯᠭ᠎ᠠ ᠬᠢᠭᠡᠳ ᠢᠤᠳ᠋ᠲᠤ ᠠᠮᠲᠠᠯᠢᠭ ᠲᠤᠰᠤ ︵碘甘油︶ ᠪᠤᠶᠤ ᠭᠠᠪᠤᠷ ᠲᠤᠩᠰᠠ ᠶᠢᠨ ᠲᠠᠯᠬ᠎ᠠ ︵冰硼散︶ ᠰᠠᠴᠤᠵᠤ ᠦᠭᠭᠦᠨ᠎ᠡ᠃ ᠲᠤᠭᠤᠷᠠᠢ ᠪᠠ ᠳᠡᠯᠡᠩ ᠤᠨ ᠡᠪᠡᠳᠴᠢᠨ ᠤ ᠬᠤᠪᠢᠷᠠᠯ ᠲᠠᠢ ᠬᠡᠰᠡᠭ ᠢ ᠪᠠᠰᠠ ᠰᠡᠳᠦᠯᠲᠡ ᠦᠭᠡᠢ ᠠᠷᠢᠭᠤᠳᠬᠠᠬᠤ ᠡᠮᠲᠦ ᠰᠢᠩᠭᠡᠨ ᠢᠶᠠᠷ ᠤᠭᠢᠶᠠᠨ᠎ᠠ᠂ ᠵᠦᠯᠭᠦᠵᠦ ᠬᠠᠲᠠᠭᠠᠭᠰᠠᠨ ᠬᠤᠶᠢᠨ᠎ᠠ ᠢᠤᠳ᠋ᠲᠤ ᠠᠮᠲᠠᠯᠢᠭ ᠲᠤᠰᠤ ᠪᠤᠶᠤ ᠦᠷᠪᠢᠰᠦᠯ ᠢ ᠳᠠᠷᠤᠬᠤ ᠵᠦᠭᠡᠯᠡᠨ ᠬᠠᠨᠳᠠ ᠲᠦᠷᠬᠢᠨ᠎ᠡ᠃ 2. ᠡᠪᠡᠳᠴᠢᠨ ᠨᠢ ᠡᠳᠡᠭᠡᠷᠡᠭᠰᠡᠨ ᠦᠬᠡᠷ ᠤᠨ ᠪᠦᠷᠢᠨ ᠴᠢᠰᠤ ᠪᠤᠶᠤ ᠰᠢᠷᠠᠰᠤ 2 ᠮᠢᠯᠢᠯᠢᠳ᠋ᠷ / ᠺᠢᠯᠤᠭ᠍ᠷᠡᠮ ᠪᠡᠶ᠎ᠡ ᠶᠢᠨ ᠵᠢᠩ᠃ ᠬᠡᠷᠡᠭᠯᠡᠬᠦ ᠠᠷᠭ᠎ᠠ᠄ 9 ᠄ 1 ᠶᠢᠨ ᠬᠠᠷᠢᠴᠠᠯ ᠢᠶᠠᠷ 5% ᠶᠢᠨ ᠨᠢᠮᠪᠠ ᠶᠢᠨ ᠬᠦᠴᠢᠯ ᠤᠨ ᠨᠠᠳ᠋ᠷᠢ ︵柠 檬钠︶ ᠶᠢᠨ ᠠᠭᠤᠰᠤᠮᠠᠯ ᠪᠠ ᠵᠤᠬᠢᠬᠤ ᠬᠡᠮᠵᠢᠶᠡᠨ ᠤ ᠴᠢᠩ ᠮᠸᠢ ᠰᠤ᠋᠂ ᠯᠢᠶᠠᠨ ᠮᠸᠢ ᠰᠤ᠋ ᠶᠢ ᠠᠷᠠᠰᠤᠨ ᠳᠤᠤᠷ᠎ᠠ ᠲᠠᠷᠢᠨ᠎ᠠ᠃ 3. ᠠᠮᠠᠨ ᠬᠦᠨᠳᠡᠢ ᠪᠠ ᠬᠡᠯᠡ ᠶᠢ ᠨᠢ ᠠᠶᠢᠷᠠᠭ ᠪᠤᠶᠤ ᠳᠠᠪᠤᠰᠤᠲᠠᠢ ᠤᠰᠤ ᠪᠠᠷ ᠤᠭᠢᠶᠠᠵᠤ ᠦᠭᠭᠦᠨ᠎ᠡ᠃ 4. ᠲᠤᠩᠰᠠ 15g᠂ ᠪᠠᠶᠢᠪᠠᠩ ︵ᠲᠠᠯᠠᠭᠳᠠᠨ᠎ᠠ︶ 15g᠃ ᠬᠡᠷᠡᠭᠯᠡᠬᠦ ᠠᠷᠭ᠎ᠠ᠄ ᠪᠤᠳᠠᠭᠠᠨ ᠤᠭᠢᠶᠠᠳᠠᠰᠤ ᠪᠠᠷ ᠠᠮᠠᠨ ᠬᠦᠨᠳᠡᠢ ᠶᠢ ᠨᠢ ᠤᠭᠢᠶᠠᠭᠰᠠᠨ ᠬᠤᠶᠢᠨ᠎ᠠ ᠲᠤᠰ ᠡᠮ ᠢᠶᠠᠨ ᠡᠪᠡᠳᠴᠢᠲᠡᠢ ᠬᠡᠰᠡᠭ ᠲᠤᠨᠢ ᠦᠷᠦᠨ᠎ᠡ᠃ ︵ᠢᠷᠡᠯᠲᠡ᠄ ᠰᠠᠨ᠎ᠠ ᠶᠢᠨ ᠨᠠᠶᠢᠷᠠᠭᠤᠯᠤᠭᠰᠠᠨ ︽ᠮᠠᠯ ᠵᠢᠭᠦᠷᠲᠡᠨ ᠤ ᠡᠪᠡᠳᠴᠢᠨ ᠢ ᠰᠡᠷᠭᠡᠶᠢᠯᠡᠨ ᠵᠠᠰᠠᠬᠤ ᠠᠰᠠᠭᠤᠯᠲᠠ ᠬᠠᠷᠢᠭᠤᠯᠲᠠ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号