ᠲᠠᠶᠢᠹᠤᠰᠧ ᠬᠤᠰᠢᠭᠤ ᠤᠳᠤ ᠦᠶ᠎ᠡ ᠶᠢᠨ ᠦᠢᠯᠡᠴᠢᠯᠡᠬᠡᠨ ᠤ ᠦᠢᠯᠡᠰ ᠢ ᠲᠦᠷᠭᠡᠳᠭᠡᠨ ᠬᠦᠭᠵᠢᠬᠦᠯᠬᠦ  ᠪᠠᠷ ᠪᠠᠶᠢᠨ᠎ᠠ
ᠨᠡᠶᠢᠲᠡᠯᠡᠭᠰᠡᠨ ᠴᠠᠭ᠄
2020/5/26
   2020 ᠤᠨ ᠳᠤ᠂ ᠲᠠᠶᠢᠹᠤᠰᠧ ᠬᠤᠰᠢᠭᠤ ︽ᠮᠢᠩᠭᠠᠨ ᠭᠠᠵᠠᠷ ᠤᠨ ᠲᠠᠯ᠎ᠠ ᠨᠤᠳᠤᠭ ᠤᠨ ᠦᠵᠡᠮᠵᠢ ᠶᠢᠨ ᠱᠤᠭᠤᠮ︾ ᠤᠨ ᠨᠢᠬᠡᠳᠦᠭᠡᠷ ᠦᠷᠳᠡᠭᠡ᠂ ᠬᠠᠭᠠᠨ ᠤ ᠠᠳᠤᠭᠤᠨ ᠵᠤᠰᠠᠭᠠᠯ ᠤᠨ ᠵᠢᠭᠤᠯᠴᠢᠯᠠᠭᠴᠢ ᠳᠤ ᠦᠢᠯᠡᠴᠢᠯᠡᠬᠦ ᠲᠦᠪ᠂ ᠦᠨᠳᠦᠰᠦᠳᠡᠨ ᠤ ᠤᠨᠴᠠᠯᠢᠭᠳᠤ ᠠᠳᠤᠭᠤᠳᠤ  ᠪᠠᠯᠭᠠᠰᠤᠨ ᠤ ᠲᠡᠰ ᠲᠡᠪᠰᠢᠬᠦᠯᠦᠯᠳᠡ ᠵᠡᠷᠭᠡ ᠲᠦᠷᠦᠯ ᠵᠦᠢᠯ  ᠤᠨ ᠪᠠᠶᠢᠭᠤᠯᠤᠯᠳᠠ ᠶᠢ ᠲᠦᠷᠭᠡᠳᠭᠡᠨ ᠠᠬᠢᠭᠤᠯᠵᠤ᠂  ᠲᠤᠮᠤ ᠬᠡᠯᠪᠡᠷᠢ ᠶᠢᠨ ᠵᠢᠭᠤᠯᠴᠢᠯᠠᠯ ᠤᠨ ᠦᠵᠡᠮᠵᠢᠳᠦ ᠤᠷᠤᠨ  ᠤ ᠴᠢᠳᠠᠮᠵᠢ ᠶᠢ ᠤᠯᠠᠮ ᠨᠡᠮᠡᠭᠳᠡᠬᠦᠯᠦᠨ᠂  ᠦᠪᠡᠷᠳᠡᠭᠡᠨ ᠵᠠᠰᠠᠬᠤ ᠤᠷᠤᠨ ᠤ ᠪᠦᠬᠦ ᠤᠷᠤᠨ ᠪᠦᠰᠡ ᠶᠢᠨ ᠵᠢᠭᠤᠯᠴᠢᠯᠠᠯ ᠤᠨ ᠵᠢᠱᠢᠶ᠎ᠡ ᠦᠵᠡᠬᠦᠯᠬᠦ ᠬᠤᠰᠢᠭᠤ ᠪᠤᠯᠬᠤ ᠪᠠᠷ ᠴᠢᠷᠮᠠᠶᠢᠵᠤ᠂ ᠤᠨᠴᠠᠯᠢᠭᠳᠤ ᠰᠤᠶᠤᠯ ᠵᠢᠭᠤᠯᠴᠢᠯᠠᠯ  ᠤᠨ ᠡᠬᠢ  ᠪᠠᠶᠠᠯᠢᠭ ᠲᠠᠭᠠᠨ  ᠰᠠᠭᠤᠷᠢᠯᠠᠨ᠂  ᠦᠵᠡᠮᠵᠢ ᠶᠢᠨ ᠵᠢᠭᠤᠯᠴᠢᠯᠠᠯ᠂ ᠰᠡᠯᠡᠬᠦᠴᠡᠯ ᠤᠨ ᠵᠢᠭᠤᠯᠴᠢᠯᠠᠯ᠂  ᠨᠠᠶᠢᠷ ᠨᠠᠭᠠᠳᠤᠮ ᠤᠨ ᠦᠵᠡᠬᠦᠯᠬᠡ᠂ ᠮᠤᠩᠭᠤᠯ ᠡᠮᠨᠡᠯᠬᠡ ᠶᠢᠨ ᠰᠤᠪᠢᠯᠠᠯᠳᠠ ᠵᠡᠷᠭᠡ ᠵᠢᠭᠤᠯᠴᠢᠯᠠᠯ ᠤᠨ ᠰᠢᠨ᠎ᠡ ᠪᠦᠳᠦᠭᠡᠭᠳᠡᠬᠦᠨ ᠢ ᠨᠡᠭᠡᠭᠡᠵᠦ᠂ ᠲᠤᠬᠢᠷᠠᠮᠵᠢᠳᠠᠢ ᠴᠠᠭ ᠲᠤ  ᠲᠠᠯ᠎ᠠ ᠨᠤᠳᠤᠭ ᠤᠨ ᠨᠠᠭᠠᠳᠤᠮ᠂ ᠮᠦᠩᠬᠦᠨ ᠡᠪᠦᠯ ᠤᠨ ᠨᠠᠶᠢᠷ  ᠵᠡᠷᠭᠡ ᠰᠤᠶᠤᠯ ᠤᠨ ᠬᠦᠳᠡᠯᠪᠦᠷᠢ ᠶᠢ ᠡᠷᠬᠢᠯᠡᠬᠦ ᠪᠦᠬᠡᠳ  ᠡᠯᠧᠺᠲᠷᠤᠨ ᠬᠤᠳᠠᠯᠳᠤᠭᠠᠨ ᠤ ᠶᠠᠪᠤᠳᠠᠯ ᠤᠨ ᠪᠠᠷᠠᠭ᠎ᠠ ᠲᠠᠸᠠᠷ  ᠬᠠᠳᠠᠭᠠᠯᠠᠵᠤ ᠵᠦᠬᠡᠬᠡᠪᠦᠷᠢᠯᠡᠬᠦ  ᠶᠡᠷᠦᠩᠬᠡᠶᠢᠯᠡᠭᠰᠡᠨ ᠠᠵᠤ ᠦᠢᠯᠡᠰ ᠤᠨ ᠲᠤᠭᠤᠷᠢᠭ᠂   ᠲᠠᠷᠢᠶᠠᠯᠠᠩ  ᠤᠨ ᠤᠨᠴᠠ ᠭᠠᠷᠤᠯᠳᠠ ᠦᠢᠯᠡᠳᠪᠦᠷᠢᠯᠡᠬᠦ ᠠᠵᠤ ᠦᠢᠯᠡᠰ ᠤᠨ ᠲᠤᠭᠤᠷᠢᠭ ᠤᠨ ᠪᠠᠶᠢᠭᠤᠯᠤᠯᠳᠠ ᠶᠢ ᠲᠦᠷᠭᠡᠳᠭᠡᠨ ᠠᠬᠢᠭᠤᠯᠵᠤ᠂   ᠡᠯᠧᠺᠲᠷᠤᠨ ᠬᠤᠳᠠᠯᠳᠤᠭᠠᠨ ᠤ ᠨᠡᠶᠢᠳᠡ ᠶᠢᠨ ᠦᠢᠯᠡᠴᠢᠯᠡᠭᠡ᠂  ᠬᠠᠳᠠᠭᠠᠯᠠᠵᠤ ᠵᠦᠬᠡᠬᠡᠪᠦᠷᠢᠯᠡᠬᠦ᠂  ᠲᠦᠷᠭᠡᠨ ᠲᠠᠮᠵᠢᠭᠤᠯᠬᠤ᠂ ᠦᠢᠯᠡᠳᠪᠦᠷᠢᠯᠡᠵᠦ ᠪᠤᠷᠤᠯᠠᠭᠤᠯᠬᠤ ᠶᠢ  ᠨᠢᠬᠡᠳᠭᠡᠭᠰᠡᠨ ᠶᠡᠷᠦᠩᠬᠡᠶᠢᠯᠡᠭᠰᠡᠨ ᠦᠢᠯᠡᠴᠢᠯᠡᠬᠡᠨ  ᠤ ᠰᠢᠰᠲ᠋ᠧᠮᠵᠢ ᠶᠢ  ᠪᠠᠶᠢᠭᠤᠯᠬᠤ ᠪᠠᠷ ᠲᠦᠯᠦᠪᠯᠡᠵᠡᠢ᠃  ᠮᠦᠩᠬᠦᠨ ᠬᠦᠢᠯᠬᠡᠬᠡᠨ ᠤ  ᠦᠢᠯᠡᠰ ᠤᠨ ᠠᠵᠤ ᠠᠬᠤᠢ   ᠶᠢᠨ ᠬᠦᠭᠵᠢᠯᠳᠡ ᠳᠤ ᠦᠢᠯᠡᠴᠢᠯᠡᠬᠦ  ᠴᠢᠳᠠᠪᠤᠷᠢ ᠶᠢ ᠲᠡᠭᠡᠭᠰᠢᠯᠡᠬᠦᠯᠵᠦ᠂  ᠠᠷᠠᠳ ᠠᠴᠠ ᠡᠵᠡᠩᠨᠡᠭᠰᠡᠨ ᠠᠵᠤ ᠠᠬᠤᠶᠢᠯᠠᠯ᠂  ᠰᠢᠨ᠎ᠡ ᠬᠡᠯᠪᠡᠷᠢ ᠶᠢᠨ ᠡᠵᠩᠨᠡᠯᠳᠡ ᠶᠢᠨ ᠭᠤᠤᠯ ᠴᠤᠭᠴᠠ ᠳᠤ ᠲᠡᠮᠵᠢᠯᠬᠡ ᠦᠵᠡᠬᠦᠯᠬᠦ ᠡᠷᠴᠢᠮ ᠢ ᠴᠢᠩᠭᠠᠷᠠᠭᠤᠯᠤᠨ᠂   ᠵᠢᠬᠡᠯᠡᠯᠬᠡ ᠶᠢᠨ ᠭᠡᠪᠴᠢᠶ᠎ᠡ ᠶᠢ  ᠬᠡᠮᠵᠢᠶ᠎ᠡ ᠶᠢ  ᠶᠡᠬᠡᠰᠭᠡᠬᠦ ᠶᠢᠨ ᠬᠠᠮᠳᠤ᠂ ᠰᠢᠨ᠎ᠡ ᠪᠠᠷ ᠮᠠᠨᠳᠤᠭᠰᠠᠨ ᠦᠢᠯᠡᠴᠢᠯᠡᠬᠡᠨ ᠤ ᠦᠢᠯᠡᠰ ᠢ ᠲᠦᠷᠭᠡᠨ ᠬᠦᠭᠵᠢᠬᠦᠯᠵᠦ᠂   ᠠᠷᠠᠳ ᠲᠦᠮᠡᠨ ᠬᠢᠭᠡᠳ ᠠᠵᠤ ᠠᠬᠤᠶᠢᠯᠠᠯ  ᠤᠨ ᠡᠳᠦᠷ ᠢᠷᠡᠬᠦᠶ᠎ᠡ ᠨᠡᠮᠡᠭᠳᠡᠵᠦ ᠪᠠᠶᠢᠭ᠎ᠠ ᠰᠢᠨ᠎ᠡ ᠬᠡᠯᠪᠡᠷᠢ ᠶᠢᠨ ᠭᠡᠷᠡᠭᠯᠡᠭᠡᠨ ᠤ ᠱᠠᠭᠠᠷᠳᠠᠯᠭ᠎ᠠ ᠶᠢ  ᠬᠠᠩᠭᠠᠬᠤ ᠪᠠᠷ ᠪᠠᠶᠢᠨ᠎ᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号