ᠰᠦᠨ ᠤ ᠦᠨᠢᠶᠡᠨ ᠤ ᠡᠭᠦᠯᠳᠡᠷ ᠪᠠ ᠪᠡᠶ᠎ᠡ ᠪᠠᠶᠢᠳᠠᠯ ᠤᠨ ᠤᠨᠴᠠᠯᠢᠭ ︵ᠬᠤᠶᠠᠷ︶
ᠨᠡᠶᠢᠲᠡᠯᠡᠭᠰᠡᠨ ᠴᠠᠭ᠄
2020/5/21
     ᠵᠧᠷᠰᠸᠢ ᠦᠬᠡᠷ ᠰᠦᠨ ᠬᠡᠷᠡᠭᠯᠡᠭᠦᠨᠲᠦ ᠡᠭᠦᠯᠳᠡᠷ ᠤᠨ ᠦᠬᠡᠷ ᠪᠤᠯᠬᠤ ᠪᠦᠭᠡᠳ ᠰᠦᠨ ᠤ ᠲᠤᠰᠤᠯᠢᠭ ᠤᠨ ᠨᠤᠷᠮ᠎ᠠ ᠨᠢ ᠦᠨᠳᠦᠷ ᠪᠠᠶᠢᠳᠠᠭ ᠢᠶᠠᠷ ᠢᠶᠠᠨ 18 ᠳ᠋ᠤᠭᠠᠷ ᠵᠠᠭᠤᠨ ᠳᠤ ᠳᠠᠷᠤᠢ ᠳᠡᠯᠡᠬᠡᠢ ᠳᠤ ᠠᠯᠳᠠᠷᠰᠢᠵᠠᠢ᠃ ᠡᠨᠡ ᠬᠦ ᠡᠭᠦᠯᠳᠡᠷ ᠤᠨ ᠦᠬᠡᠷ ᠨᠢ ᠠᠩᠭ᠍ᠯᠢ ᠶᠢᠨ ᠵᠧᠷᠰᠸᠢ ᠠᠷᠠᠯ ᠠᠴᠠ ᠤᠭ ᠭᠠᠷᠤᠯ ᠲᠠᠢ ᠶᠤᠮ᠃ ᠵᠧᠷᠰᠸᠢ ᠦᠬᠡᠷ ᠤᠨ ᠦᠩᠭᠡ ᠵᠢᠰᠦᠮ ᠤᠨ ᠤᠨᠴᠠᠯᠢᠭ ᠨᠢ ᠭᠡᠪᠡᠯ᠂ ᠰᠦᠨ ᠬᠡᠷᠡᠭᠯᠡᠭᠦᠨᠲᠦ ᠦᠬᠡᠷ ᠤᠨ ᠨᠡᠶᠢᠲᠡᠯᠢᠭ ᠪᠡᠶ᠎ᠡ ᠶᠢᠨ ᠬᠡᠯᠪᠡᠷᠢ ᠳᠦᠷᠰᠦ ᠲᠠᠢ᠃ ᠪᠡᠶ᠎ᠡ ᠪᠢᠯᠳᠠᠷ ᠨᠢ ᠬᠦᠩᠭᠡᠨ ᠪᠦᠭᠡᠳ ᠪᠠᠭ᠎ᠠ᠂ ᠪᠤᠯᠴᠢᠩ ᠨᠢ ᠳᠦᠭᠦᠷᠡᠩ ᠪᠤᠰᠤ᠂ ᠲᠤᠯᠤᠭᠠᠢ ᠨᠢ ᠪᠠᠭ᠎ᠠ ᠮᠦᠷᠲᠡᠭᠡᠨ ᠬᠦᠩᠭᠡᠨ ᠭᠤᠸᠠᠯᠢᠭ᠂ ᠮᠠᠩᠨᠠᠢ ᠨᠢ ᠦᠷᠭᠡᠨ ᠪᠦᠭᠡᠳ ᠬᠦᠩᠬᠦᠷ᠂ ᠨᠢᠳᠤᠨ ᠤᠬᠤᠷᠬᠠᠢ ᠨᠢ ᠭᠦᠳᠦᠭᠦᠷ᠂ ᠴᠡᠭᠡᠵᠢ ᠨᠢ ᠭᠦᠨ ᠪᠤᠯᠪᠠᠴᠤ ᠦᠷᠭᠡᠨ ᠪᠢᠰᠢ᠂ ᠳᠡᠯᠡᠩ ᠨᠢ ᠬᠦᠭᠵᠢᠯ ᠰᠠᠶᠢᠲᠠᠢ ᠪᠠᠶᠢᠳᠠᠭ᠃ ᠬᠠᠮᠠᠷ᠂ ᠰᠡᠭᠦᠯ ᠪᠠ ᠡᠪᠡᠷ ᠤᠨ ᠦᠵᠦᠭᠦᠷ ᠨᠢ ᠬᠠᠷ᠎ᠠ ᠦᠩᠭᠡᠲᠡᠢ᠂ ᠬᠦᠵᠦᠭᠦᠦ ᠪᠠ ᠳᠦᠷᠪᠡᠨ ᠮᠦᠴᠢ ᠨᠢ ᠨᠠᠷᠢᠨ᠂ ᠨᠢᠷᠤᠭᠤ ᠨᠢ ᠤᠷᠲᠤ᠂ ᠬᠡᠪᠡᠯᠢ ᠨᠢ ᠪᠦᠳᠦᠭᠦᠨ᠂ ᠲᠠᠰᠢᠶ᠎ᠠ ᠨᠢ ᠦᠷᠭᠡᠨ ᠲᠡᠭᠰᠢ᠂ ᠬᠤᠶᠢᠲᠤ ᠪᠡᠶ᠎ᠡ ᠨᠢ ᠬᠦᠭᠵᠢᠯ ᠰᠠᠶᠢᠲᠠᠢ᠂ ᠰᠦᠨ ᠤ ᠰᠤᠳᠠᠯ ᠤᠨ ᠮᠤᠷᠦ᠋ᠢᠯᠲᠠ ᠨᠢ ᠶᠡᠭᠡ ᠪᠦᠭᠡᠳ ᠲᠤᠳᠤᠷᠬᠠᠢ ᠪᠦᠳᠦᠭᠦᠨ ᠪᠠᠶᠢᠳᠠᠭ᠃ ᠵᠢᠰᠦᠮ ᠤᠨ ᠭᠦᠨ ᠭᠦᠢᠬᠡᠨ ᠤ ᠵᠦᠷᠢᠶ᠎ᠡ ᠨᠢ ᠨᠡᠯᠢᠶᠡᠳ ᠶᠡᠭᠡ ᠪᠠᠶᠢᠵᠤ᠂ ᠭᠦᠢᠬᠡᠨ ᠰᠢᠷᠠᠪᠲᠤᠷ ᠬᠦᠷᠡᠩ ᠠᠴᠠ ᠭᠦᠨ ᠬᠦᠷᠡᠩ ᠪᠤᠶᠤ ᠬᠠᠷ᠎ᠠ ᠬᠦᠷᠡᠩ ᠬᠦᠷᠲᠡᠯ᠎ᠡ ᠪᠦᠷ ᠪᠠᠶᠢᠳᠠᠭ ᠪᠦᠭᠡᠳ ᠵᠠᠷᠢᠮ ᠨᠢ ᠪᠠᠰᠠ ᠴᠠᠭᠠᠨ ᠲᠤᠯᠪᠤ ᠲᠠᠢ ᠶᠤᠮ᠃ ᠵᠧᠷᠰᠸᠢ ᠦᠬᠡᠷ ᠤᠨ ᠪᠡᠯᠭᠡ ᠶᠢᠨ ᠪᠤᠯᠪᠠᠰᠤᠷᠠᠯᠲᠠ ᠨᠢ ᠡᠷᠲᠡ᠂ ᠶᠡᠷᠦ ᠳᠡᠭᠡᠨ 24 ᠰᠠᠷ᠎ᠠ ᠪᠤᠯᠪᠠᠯ ᠲᠤᠭᠤᠯᠯᠠᠳᠠᠭ᠃ ᠰᠦ ᠱᠦᠭᠦᠷᠡᠯ ᠤᠨ ᠬᠤᠭᠤᠴᠠᠭᠠᠨ ᠳᠠᠬᠢ ᠵᠢᠯ ᠤᠨ ᠳᠤᠮᠳᠠᠴᠢ ᠰᠦᠨ ᠤ ᠭᠠᠷᠤᠯᠲᠠ ᠨᠢ 3000~ 4500 ᠺᠢᠯᠤᠭ᠍ᠷᠡᠮ ᠪᠠᠶᠢᠵᠤ᠂ ᠰᠦᠨ ᠤ ᠲᠤᠰᠤᠯᠢᠭ ᠨᠤᠷᠮ᠎ᠠ ᠨᠢ 5.5%~ 6% ᠪᠠᠶᠢᠳᠠᠭ᠂ ᠰᠦ ᠨᠢ ᠦᠳᠬᠡᠨ᠂ ᠰᠢᠷᠠᠪᠲᠤᠷ ᠦᠩᠭᠡᠲᠡᠢ᠂ ᠦᠷᠦᠮ᠎ᠡ ᠰᠠᠭᠤᠬᠤ ᠨᠢ ᠵᠤᠵᠠᠭᠠᠨ᠂ ᠲᠤᠰᠤᠨ ᠳᠤᠰᠤᠯ ᠨᠢ ᠶᠡᠭᠡ ᠪᠦᠭᠡᠳ ᠠᠮᠠᠷᠬᠠᠨ ᠢᠯᠭᠠᠷᠠᠬᠤ ᠪᠤᠯᠬᠤᠷ ᠰᠢᠷ᠎ᠠ ᠲᠤᠰᠤ ᠦᠢᠯᠡᠳᠪᠦᠷᠢᠯᠡᠬᠦ ᠳᠤ ᠮᠠᠰᠢ ᠲᠤᠬᠢᠷᠠᠮᠵᠢᠲᠠᠢ ᠶᠤᠮ᠃ ᠵᠧᠷᠰᠸᠢ ᠦᠬᠡᠷ ᠤᠨ ᠨᠠᠰᠤ ᠭᠦᠢᠴᠡᠭᠰᠡᠨ ᠪᠤᠬᠠᠨ ᠤ ᠪᠡᠶ᠎ᠡ ᠶᠢᠨ ᠬᠦᠨᠳᠦ ᠨᠢ 650~ 750 ᠺᠢᠯᠤᠭ᠍ᠷᠡᠮ᠂ ᠦᠨᠢᠶᠡᠨ ᠤ ᠬᠢᠨᠢ 350~ 450 ᠺᠢᠯᠤᠭ᠍ᠷᠡᠮ ᠪᠠᠶᠢᠳᠠᠭ᠃ ᠦᠨᠢᠶᠡᠨ ᠤ ᠬᠢᠨᠢ ᠪᠡᠶ᠎ᠡ ᠶᠢᠨ ᠦᠨᠳᠦᠷ ᠨᠢ 113 ᠰᠡᠨᠲ᠋ᠢᠮᠧᠳ᠋ᠷ᠂ ᠪᠡᠶ᠎ᠡ ᠶᠢᠨ ᠤᠷᠲᠤ ᠨᠢ 133 ᠰᠡᠨᠲ᠋ᠢᠮᠧᠳ᠋ᠷ᠂ ᠲᠦᠯ ᠤᠨ ᠬᠢᠨᠢ ᠪᠡᠶ᠎ᠡ ᠶᠢᠨ ᠬᠦᠨᠳᠦ ᠨᠢ 23~ 28 ᠺᠢᠯᠤᠭ᠍ᠷᠡᠮ ᠪᠠᠶᠢᠳᠠᠭ᠃ ᠵᠧᠷᠰᠸᠢ ᠦᠬᠡᠷ ᠤᠨ ᠪᠡᠶ᠎ᠡ ᠴᠤᠭᠴᠠ ᠨᠢ ᠰᠤᠯᠠᠪᠲᠤᠷ᠂ ᠬᠠᠯᠠᠭᠤᠨ ᠳᠤ ᠲᠡᠰᠪᠦᠷᠢᠲᠡᠢ᠂ ᠡᠪᠡᠳᠴᠢᠨ ᠡᠰᠡᠷᠭᠦᠴᠡᠬᠦ ᠴᠢᠳᠠᠪᠤᠷᠢ ᠨᠢ ᠴᠢᠩᠭ᠎ᠠ ᠪᠠᠶᠢᠳᠠᠭ᠃ ᠮᠠᠨ ᠤ ᠤᠯᠤᠰ ᠵᠧᠷᠰᠸᠢ ᠦᠬᠡᠷ ᠢ ᠤᠷᠤᠭᠤᠯᠤᠭᠠᠳ ᠭᠤᠤᠯᠳᠠᠭᠤ ᠦᠨᠢᠶᠡᠨ ᠰᠦ᠂ ᠰᠢᠷ᠎ᠠ ᠲᠤᠰᠤ ᠦᠢᠯᠡᠳᠪᠦᠷᠢᠯᠡᠬᠦ ᠠᠴᠠ ᠭᠠᠳᠠᠨ᠎ᠠ ᠪᠠᠰᠠ ᠰᠦᠨ ᠤ ᠲᠤᠰᠤᠯᠢᠭ ᠤᠨ ᠨᠤᠷᠮ᠎ᠠ ᠪᠠᠷ ᠳᠤᠤᠷ᠎ᠠ ᠡᠭᠦᠯᠳᠡᠷ ᠤᠨ ᠦᠬᠡᠷ ᠢ ᠡᠷᠯᠢᠰᠡᠵᠢᠭᠦᠯᠦᠭᠡᠳ ᠦᠨᠢᠶᠡᠨ ᠰᠦᠨ ᠤ ᠲᠤᠰᠤᠯᠢᠭ ᠤᠨ ᠨᠤᠷᠮ᠎ᠠ ᠶᠢ ᠨᠢ ᠳᠡᠭᠡᠭᠰᠢᠯᠡᠭᠦᠯᠵᠦ ᠪᠠᠶᠢᠬᠤ ᠶᠤᠮ᠃ ︵ᠢᠷᠡᠯᠲᠡ᠄ ᠴᠧᠨ ᠪᠠᠭᠠᠲᠤᠷ᠂ ᠢ᠊ · ᠰᠤᠶᠤᠯᠲᠤ ᠨᠠᠷ ᠤᠨ ᠨᠠᠶᠢᠷᠠᠭᠤᠯᠤᠨ ᠵᠤᠬᠢᠶᠠᠭᠰᠠᠨ ︽ᠰᠦᠨ ᠤ ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠡᠶᠢᠷᠡᠭᠦᠯᠪᠡ᠃︶
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号