ᠭᠠᠵᠠᠷ ᠤᠰᠤᠨ —  ᠪᠡᠷᠭᠡ ᠶᠢᠨ ᠠᠭᠤᠯᠠ
ᠨᠡᠶᠢᠲᠡᠯᠡᠭᠰᠡᠨ ᠴᠠᠭ᠄
2020/5/20
 ᠬᠦᠨᠪᠤᠯᠠᠭ ᠨᠤᠳᠤᠭ ᠤᠨ ᠪᠠᠷᠠᠭᠤᠨ ᠬᠤᠶᠢᠭᠤᠷ  ᠡᠮᠦᠨᠡᠰᠢ ᠬᠤᠶᠢᠰᠢ ᠬᠦᠨᠳᠡᠯᠢᠰᠦᠨ ᠰᠦᠨᠳᠡᠷᠯᠡᠵᠦ ᠪᠠᠶᠢᠭ᠎ᠠ ᠠᠭᠤᠯᠠ  ᠨᠢᠷᠤᠭᠤᠳ ᠢ ᠪᠡᠷᠭᠡ   ᠶᠢᠨ ᠠᠭᠤᠯᠠ ᠭᠡᠳᠡᠭ᠃  ᠡᠷᠳᠡᠨ ᠳᠡᠭᠡᠨ ᠡᠨᠡ  ᠠᠭᠤᠯᠠᠨ ᠳᠤ ᠡᠪᠡᠰᠦ ᠪᠡᠯᠴᠢᠬᠡᠷ ᠰᠠᠬᠤᠯᠢᠭ᠂ ᠠᠷᠢᠶᠠᠨ ᠬᠦᠷᠦᠭᠡᠰᠦ ᠤᠯᠠᠨ  ᠪᠠᠶᠢᠵᠤ᠂ ᠬᠦᠮᠦᠨ ᠬᠠᠷ᠎ᠠ ᠬᠦᠷᠬᠦ ᠳᠤ ᠪᠡᠷᠭᠡ ᠪᠠᠶᠢᠳᠠᠭ ᠠᠴᠠ ᠡᠨᠡ  ᠨᠡᠷ᠎ᠡ ᠶᠢ ᠤᠯᠤᠭᠰᠠᠨ ᠭᠡᠨ᠎ᠡ᠃  ᠪᠡᠷᠭᠡ ᠶᠢᠨ ᠠᠭᠤᠯᠠ ᠶᠢᠨ  ᠠᠭᠤᠯᠠ ᠬᠠᠶᠢᠷᠬᠠᠳ ᠤᠨ ᠨᠡᠷ᠎ᠡ ᠨᠢ ᠪᠦᠷ ᠬᠤᠪᠢ  ᠬᠤᠪᠢᠨ ᠤ ᠦᠯᠢᠭᠡᠷ ᠲᠤᠮᠤᠭ ᠲᠠᠢ ᠪᠠᠶᠢᠳᠠᠭ᠃  ᠬᠠᠮᠤᠭ ᠤᠨ ᠡᠮᠦᠨᠡᠬᠢ ᠠᠭᠤᠯᠠ   ᠨᠢ ᠡᠭᠴᠡ ᠦᠨᠳᠦᠷ᠂  ᠠᠭᠤᠳᠠᠮ ᠲᠠᠯᠪᠢᠭᠤ᠂ ᠡᠮᠦᠨ᠎ᠡ ᠨᠢ ᠨᠦᠮᠦᠷᠰᠡᠭ ᠪᠠᠶᠢᠳᠠᠭ ᠢᠶᠠᠷ ᠢᠶᠠᠨ ︽ᠡᠩᠭᠡᠷ︾ ᠬᠡᠵᠦ  ᠂  ᠠᠭᠤᠯᠠᠨ ᠤ ᠦᠶᠡᠷ  ᠲᠤ ᠢᠳᠡᠭᠳᠡᠭᠰᠡᠭᠡᠷ ᠤᠯᠠᠭᠠᠨ ᠯᠠᠭ ᠨᠢ ᠢᠯᠡ  ᠭᠠᠷᠤᠭᠰᠠᠨ ᠵᠠᠮ ᠤᠨ ᠬᠦᠳᠦᠯ ᠢ ︽ᠤᠯᠠᠭᠠᠨ ᠬᠦᠳᠦᠯ︾ ᠬᠡᠮᠡᠨ᠂  ᠬᠦᠳᠦᠯ ᠤᠨ ᠬᠤᠶᠢᠨᠠᠬᠢ ᠵᠡᠬᠦᠨᠰᠢ ᠬᠠᠷᠠᠭᠰᠠᠨ ᠠᠭᠤᠯᠠᠨ ᠤ ᠠᠮᠠ   ᠨᠢ ᠡᠪᠦᠯ ᠤᠨ ᠬᠦᠢᠳᠡᠨ ᠳᠤ ᠴᠤ ᠰᠠᠯᠬᠢ ᠰᠢᠭᠤᠷᠭ᠎ᠠ ᠦᠬᠡᠢ ᠨᠠᠮᠤᠭᠤᠬᠠᠨ ᠪᠠᠶᠢᠳᠠᠭ ᠢᠶᠠᠷ ︽ᠡᠭᠡᠯᠢᠳᠦ︾  ᠬᠡᠵᠦ ᠨᠡᠷᠡᠯᠡᠵᠡᠢ᠃  ︽ᠡᠭᠡᠯᠢᠳᠦ︾ ᠶᠢᠨ ᠬᠤᠶᠢᠳᠤ ᠡᠩᠬᠡᠷ ᠲᠠᠬᠢ  ᠬᠤᠶᠢᠰᠢ ᠪᠠᠨ ᠬᠠᠷᠠᠭᠰᠠᠨ ᠠᠮᠠᠨ ᠳᠤ ᠭᠤᠷᠪᠠᠨ ᠭᠤᠤ ᠪᠤᠢ᠂ ᠭᠤᠤ ᠪᠦᠷᠢ ᠳᠤ ᠨᠢᠬᠡ ᠬᠠᠶᠢᠯᠠᠰᠤᠨ ᠮᠤᠳᠤ ᠲᠠᠢ᠂ ᠡᠨᠡ  ᠠᠮᠠ   ᠶᠢ ︽ᠭᠤᠷᠪᠠᠨ ᠭᠤᠤᠳᠤ︾ ᠭᠡᠳᠡᠭ᠃ ᠲᠡᠨᠳᠡ ᠮᠤᠳᠤ ᠲᠠᠷᠢᠭᠰᠠᠨ ᠬᠦᠮᠦᠨ ᠬᠡᠵᠦ ᠦᠬᠡᠢ᠂ ᠬᠠᠮᠢᠭ᠎ᠠ ᠠᠴᠠ ᠢᠷᠡᠭᠰᠡᠨ ᠬᠠᠶᠢᠯᠠᠰᠤᠨ ᠮᠤᠳᠤ ᠶᠢ ᠴᠤ ᠮᠡᠳᠡᠬᠦ  ᠬᠦᠮᠦᠨ  ᠠᠯᠠᠭ᠎ᠠ᠂  ᠶᠠᠭᠤ ᠪᠤᠯᠤᠭᠰᠠᠨ ᠴᠤ ᠨᠠᠰᠤᠳᠠᠶᠢᠴᠤᠳ ︽ᠡᠨᠡ ᠮᠤᠳᠤ ᠡᠵᠡᠨ ᠲᠠᠢ︾ ᠭᠡᠳ ᠬᠡᠦᠬᠡᠳ ᠠᠴᠢᠷ ᠢᠶᠠᠨ ᠤᠶᠢᠷᠠᠳᠤᠭᠤᠯᠳᠠᠭ ᠦᠬᠡᠢ᠃  ᠡᠪᠦᠯ ᠤᠨ ᠬᠦᠢᠳᠡᠨ ᠳᠤ ᠠᠳᠤᠭᠤ  ᠲᠤᠭᠳᠠᠵᠤ ᠪᠡᠯᠴᠢᠳᠡᠭ  ᠂ ᠡᠬᠡ ᠪᠠᠶᠢᠭᠠᠯᠢ ᠠᠴᠠ ᠪᠠᠶᠢᠭᠤᠯᠵᠤ ᠦᠭᠬᠦᠭᠰᠡᠨ ᠡᠪᠦᠯᠵᠢᠶ᠎ᠡ ᠬᠡᠮᠡᠷ  ᠬᠤᠶᠠᠷ ᠰᠠᠶᠢᠬᠠᠨ ᠠᠭᠤᠯᠠ   ᠶᠢᠨ ᠡᠩᠭᠡᠷ ᠢ ︽ᠶᠡᠭᠡ ᠡᠪᠦᠯᠵᠢᠶᠡᠨ︾᠂  ︽ᠪᠠᠭ᠎ᠠ ᠡᠪᠦᠯᠵᠢᠶᠡᠨ︾ ᠭᠡᠳᠡᠭ  ᠃  ︽ᠴᠠᠭᠠᠨ ᠴᠢᠯᠠᠭᠤᠳᠤ︾ ᠶᠢᠨ ᠤᠷᠤᠢ ᠳᠤ ᠨᠢᠬᠡᠨ ᠲᠤᠮᠤ ᠦᠬᠡᠬᠦᠨ ᠴᠢᠯᠠᠭᠤ ᠬᠦᠷᠦᠰᠦᠨ ᠠᠴᠠ ᠪᠤᠯᠳᠠᠶᠢᠵᠤ᠂ ︽ᠲᠡᠷᠡᠰᠦᠳᠦ ᠬᠦᠨᠳᠡᠢ︾ ᠳᠤ ᠴᠦᠬᠡᠨ ᠬᠡᠳᠦᠨ ᠪᠤᠳᠠ ᠲᠡᠷᠡᠰᠦ  ᠤᠷᠭᠤᠭᠰᠠᠨ   ᠪᠠᠶᠢᠳᠠᠭ᠃  ︽ᠪᠤᠭᠤᠷᠤᠯ︾ ᠭᠡᠳᠡᠭ ᠨᠢ  ᠪᠤᠰᠤᠳ ᠠᠭᠤᠯᠠᠰ ᠠᠴᠠ ᠤᠨᠴᠤᠭᠤᠢ ᠪᠠᠶᠢᠵᠤ᠂ ᠦᠳᠭᠡᠨ ᠰᠠᠬᠤᠯᠢᠭ ᠡᠪᠡᠰᠦ ᠪᠡᠯᠴᠢᠭᠡᠷ ᠲᠠᠢ᠂ ᠭᠤᠤ ᠭᠠᠩᠭ᠎ᠠ ᠨᠢ ᠴᠢᠬᠢᠭᠯᠢᠭ᠂ ᠦᠷᠬᠦᠯᠵᠢ ᠤᠨᠢᠶᠠᠷ ᠪᠤᠳᠠᠩ ᠲᠠᠳᠠᠵᠤ᠂  ᠰᠡᠷᠢᠬᠦᠨ ᠤᠷᠤᠮᠠᠭᠴᠠ ᠡᠪᠡᠰᠦᠨ ᠲᠤᠯᠤᠭᠠᠢ ᠳᠤ ᠴᠠᠰᠤᠨ ᠰᠡᠭᠰᠡᠬᠦᠷᠭᠡ  ᠰᠠᠭᠤᠭᠠᠳ ᠪᠤᠭᠤᠷᠤᠯᠳᠤᠨ ᠬᠠᠷᠠᠭᠳᠠᠳᠠᠭ ᠠᠴᠠ ᠤᠯᠤᠭᠰᠠᠨ ᠨᠡᠷ᠎ᠡ ᠬᠡᠨ᠎ᠡ᠃  ᠨᠤᠳᠤᠭ ᠢᠶᠠᠨ ᠰᠠᠬᠢᠭᠰᠠᠨ ᠬᠠᠷ᠎ᠠ ᠨᠤᠬᠠᠢ ᠬᠡᠮᠡᠭᠳᠡᠭᠰᠡᠨ ᠠᠭᠤᠯᠠ  ᠶᠢᠨ ᠬᠠᠮᠤᠭ ᠤᠨ ᠡᠮᠦᠨ᠎ᠡ ᠬᠤᠰᠢᠭᠤ ᠶᠢ ︽ᠬᠠᠷ᠎ᠠ ᠨᠤᠬᠠᠢ ᠶᠢᠨ ᠬᠤᠰᠢᠭᠤ︾ ᠭᠡᠳᠡᠭ᠃  ᠬᠤᠷᠢᠳᠤᠭᠠᠷ ᠵᠠᠭᠤᠨ ᠤ ᠲᠠᠪᠢᠭᠠᠳ ᠤᠨ ᠤ ᠦᠶᠡᠰ᠂ ᠠᠭᠤᠯᠠᠨ ᠤ ᠬᠦᠷᠦᠭᠡᠰᠦ ︽ᠬᠠᠷ᠎ᠠ ᠨᠤᠬᠠᠢ ᠶᠢᠨ ᠬᠤᠰᠢᠭᠤ︾ ᠶᠢ ᠪᠦᠷᠬᠦᠳᠡᠯ᠎ᠡ ᠪᠠᠭᠤᠵᠤ ᠢᠷᠡᠭᠡᠳ ᠴᠠᠪ ᠨᠠᠭᠤᠷ ᠲᠤ ᠤᠰᠤ ᠤᠤᠭᠤᠳᠠᠭ ᠪᠠᠶᠢᠵᠠᠢ᠃  ᠪᠡᠷᠭᠡ ᠶᠢᠨ ᠠᠭᠤᠯᠠ ᠶᠢᠨ ᠬᠠᠮᠤᠭ ᠬᠤᠶᠢᠳᠤ ᠬᠠᠶᠢᠷᠬᠠᠨ ᠨᠢ ᠲᠠᠷᠤᠢ  ᠵᠡᠬᠦᠨ ᠭᠠᠷ ᠲᠠᠶᠢᠹᠤᠰᠧ ᠤᠨ ᠬᠤᠶᠢᠳᠤ ᠵᠠᠬ᠎ᠠ ᠶᠢ ᠰᠠᠬᠢᠭᠰᠠᠨ ᠬᠠᠨ ᠭᠠᠷᠤᠳᠢ ᠬᠦᠴᠦᠳᠡᠨ  — ᠬᠠᠨ ᠰᠤᠪᠤᠷᠭ᠎ᠠ ᠬᠠᠶᠢᠷᠬᠠᠨ  ᠪᠤᠯᠤᠨ᠎ᠠ᠃ ᠡᠬᠦᠨ ᠠᠴᠠ ᠭᠠᠳᠠᠨ᠎ᠠ᠂  ᠪᠡᠷᠭᠡ ᠶᠢᠨ ᠠᠭᠤᠯᠠᠨ ᠳᠤ ᠲᠦᠯᠦᠪ ᠲᠦᠷᠰᠦ ᠪᠠᠷ ᠨᠡᠷᠡᠯᠡᠭᠰᠡᠨ ︽ᠪᠠᠭ᠎ᠠ ᠬᠠᠳᠠ︾᠂ ︽ᠡᠪᠦᠬᠡᠨ ᠬᠠᠳᠠ︾᠂ ︽ᠭᠤᠷᠪᠠᠨ ᠲᠤᠯᠤᠭᠠᠢ︾᠂ ︽ᠴᠢᠨᠳᠠᠮᠤᠨᠢ︾᠂ ︽ᠮᠤᠬᠤᠷ ᠰᠤᠪᠤᠷᠭ᠎ᠠ︾᠂ ︽ᠱᠤᠷᠤᠩ ᠠᠭᠤᠯᠠ︾ ᠵᠡᠷᠭᠡ ᠠᠭᠤᠯᠠ  ᠬᠠᠳᠠ ᠪᠤᠢ᠃
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号