ᠭᠠᠵᠠᠷ ᠤᠰᠤᠨ —  ᠪᠠᠶᠠᠨ ᠴᠠᠭᠠᠨ  ᠬᠠᠶᠢᠷᠬᠠᠨ
ᠨᠡᠶᠢᠲᠡᠯᠡᠭᠰᠡᠨ ᠴᠠᠭ᠄
2020/5/20
 ᠪᠠᠰᠠ ᠦᠬᠢᠨ ᠬᠠᠳᠠ ᠭᠡᠳᠡᠭ᠃ ᠲᠤᠮᠤᠭ ᠶᠠᠷᠢᠶᠠᠨ ᠳᠤ  ᠪᠠᠶᠠᠨ ᠴᠠᠭᠠᠨ ᠬᠠᠶᠢᠷᠬᠠᠨ ᠪᠤᠯᠤᠨ ᠢᠷᠤᠭᠠᠯ ᠬᠠᠶᠢᠷᠬᠠᠨ ︵ ᠾᠧᠪᠸᠢ ᠮᠤᠵᠢ ᠶᠢᠨ ᠬᠦ᠋ᠶᠤᠸᠠᠨ ᠰᠢᠶᠠᠨ ᠤ ᠬᠢᠯᠢ ᠳᠤ ᠪᠤᠢ ) ᠪᠤᠯ ᠤᠤᠯ ᠨᠢ ᠨᠢᠬᠡ ᠠᠭᠤᠯᠠ  ᠪᠠᠶᠢᠯ᠎ᠠ  ᠭᠡᠳᠡᠭ᠃  ᠪᠤᠭᠳᠠ ᠡᠵᠡᠨ ᠴᠢᠩᠬᠢᠰ ᠬᠠᠭᠠᠨ ᠠᠶᠠᠨ ᠲᠠᠶᠢᠨ ᠳᠤ  ᠶᠠᠪᠤᠵᠤ ᠪᠠᠶᠢᠭᠠᠳ ᠡᠷᠳᠡᠨᠢ ᠶᠢᠨ ᠰᠡᠯᠡᠮ᠎ᠡ   ᠶᠢᠨ  ᠢᠶᠠᠨ ᠢᠷ ᠢ ᠦᠵᠡᠬᠦ ᠬᠡᠵᠦ ᠡᠨᠡ ᠠᠭᠤᠯᠠ   ᠶᠢ ᠭᠤᠤᠯ   ᠢᠶᠠᠷ ᠨᠢ ᠨᠢᠬᠡᠯᠡ ᠴᠠᠪᠴᠢᠭᠰᠠᠨ ᠳᠤ ᠨᠢᠬᠡ ᠬᠡᠰᠡᠭ ᠨᠢ ᠪᠠᠶᠠᠨ ᠴᠠᠭᠠᠨ ᠨᠠᠭᠤᠷ ᠤᠨ ᠬᠦᠪᠡᠭᠡᠨ ᠳᠤ ᠲᠤᠭᠳᠠᠵᠤ ᠬᠡᠨ᠎ᠡ᠃  ᠨᠦᠬᠦᠬᠡ ᠨᠢᠬᠡ ᠶᠠᠷᠢᠶ᠎ᠠ ᠨᠢ᠂ ᠡᠷᠳᠡ ᠤᠷᠢᠳᠤ ᠴᠠᠭ ᠲᠤ ᠴᠢᠩᠬᠢᠰ ᠪᠤᠭᠳᠠ ᠠᠯᠳᠠᠨ ᠤᠯᠤᠰ ᠢ ᠲᠠᠶᠢᠯᠠᠬᠤ  ᠠᠶᠠᠨ ᠵᠠᠮ ᠳᠤ ᠡᠷᠳᠡᠨᠢ ᠶᠢᠨ ᠬᠦᠯᠦᠭ ᠨᠢ ᠨᠢᠬᠡ ᠡᠳᠦᠷ ᠭᠠᠵᠠᠷᠯᠠᠭᠠᠳ ᠶᠠᠪᠤᠴᠢᠬᠠᠵᠠᠢ᠂ ᠪᠤᠭᠳᠠ ᠡᠵᠡᠨ  ᠡᠷᠳᠡᠨᠢ   ᠶᠢᠨ ᠬᠦᠯᠦᠭ ᠢᠶᠠᠨ ᠡᠷᠢᠵᠦ  ᠶᠠᠪᠤᠳᠠᠯ᠎ᠠ ᠡᠮᠦᠨ᠎ᠡ  ᠨᠢ ᠨᠢᠬᠡ ᠶᠡᠭᠡ ᠠᠭᠤᠯᠠ ᠬᠦᠨᠳᠡᠯᠢᠰᠦᠭᠡᠳ᠂ ᠬᠤᠯᠠ ᠶᠢᠨ ᠪᠠᠷ᠎ᠠ ᠦᠵᠡᠭᠳᠡᠵᠦ ᠦᠭᠬᠦ ᠦᠬᠡᠢ  ᠶᠡᠭᠡ ᠵᠤᠪᠠᠭᠠᠭᠰᠠᠨ ᠪᠠᠶᠢᠨ᠎ᠠ᠂ ᠬᠠᠷᠠᠵᠤ ᠴᠦᠬᠦᠭᠡᠳ ᠠᠭᠤᠷ ᠨᠢ ᠬᠦᠷᠴᠦ  ᠂ ᠡᠷᠳᠡᠨᠢ ᠶᠢᠨ ᠰᠡᠯᠡᠮ᠎ᠡ ᠪᠠᠨ ᠰᠤᠭᠤᠯᠤᠨ  ᠲᠡᠷᠡ ᠶᠡᠭᠡ ᠠᠭᠤᠯᠠ   ᠶᠢ  ᠭᠤᠤᠯ ᠢᠶᠠᠷ ᠨᠢ ᠲᠠᠰᠤ ᠴᠪᠴᠢᠵᠤ᠂  ᠬᠠᠭᠠᠰ ᠢ ᠨᠢ ᠰᠢᠳᠡᠵᠦ ᠶᠠᠪᠤᠭᠤᠯᠤᠭᠰᠠᠨ ᠳᠤ  ᠦᠨᠦ ᠬᠠᠭᠠᠰ ᠠᠭᠤᠯᠠ   ᠨᠢ ᠤᠷᠳᠤ ᠨᠠᠭᠤᠷ ᠤᠨ ᠪᠠᠷᠠᠭᠤᠨ ᠡᠷᠬᠢᠨ᠎ᠡ ᠤᠨᠠᠨ ᠲᠤᠭᠳᠠᠵᠤ᠂ ᠦᠯᠡᠳᠡᠭᠰᠡᠨ ᠬᠠᠭᠠᠰ ᠨᠢ ᠪᠠᠶᠠᠨ ᠴᠠᠭᠠᠨ ᠨᠠᠭᠤᠷ ᠤᠨ ᠢᠶᠠᠨ ᠬᠦᠪᠡᠭᠡᠨ ᠳᠤ ᠰᠡᠬᠦᠶᠢᠨ᠂ ᠡᠨᠡ ᠨᠤᠳᠤᠭ ᠤᠨ ᠢᠶᠠᠨ ᠭᠠᠶᠢᠬᠠᠮᠰᠢᠭᠳᠤ ᠨᠢᠬᠡᠨ ᠦᠵᠡᠮᠵᠢ ᠪᠤᠯᠵᠤ ᠬᠤᠴᠤᠷᠴᠠᠢ ᠭᠡᠳᠡᠭ᠃  ᠬᠤᠶᠠᠷ ᠠᠭᠤᠯᠠ  ᠦᠨᠡᠬᠡᠷ ᠦᠨᠳᠦᠷ ᠪᠤᠭᠤᠨᠢ᠂ ᠭᠡᠯᠪᠡᠷᠢ ᠮᠠᠶ᠋ᠢᠭ ᠢᠶᠠᠷ ᠢᠶᠠᠨ ᠪᠦᠷ ᠲᠦᠰᠳᠡᠢ ᠪᠠᠶᠢᠵᠤ᠂ ᠨᠢᠬᠡ ᠲᠠᠯ᠎ᠠ ᠨᠢ  ᠴᠠᠪᠴᠢᠭᠰᠠᠨ ᠮᠡᠳᠦ ᠡᠭᠴᠡ ᠪᠤᠰᠤᠭ᠎ᠠ  ᠬᠠᠳᠠ ᠪᠠᠶᠢᠳᠠᠭ᠃  ᠬᠢᠳᠠᠳ ᠬᠦᠮᠦᠰ ᠲᠡᠬᠦᠨ ᠢ ᠬᠠᠭᠠᠰ ᠠᠭᠤᠯᠠ ᠪᠤᠶᠤ ᠠᠪᠰᠠ ᠠᠭᠤᠯᠠ ᠬᠡᠵᠦ ᠲᠠᠭᠤᠳᠠᠳᠠᠭ ᠲᠤᠨᠢ ᠨᠤᠳᠤᠭ ᠤᠨ ᠮᠠᠯᠴᠢᠳ ᠮᠠᠰᠢ ᠲᠤᠷ᠎ᠠ ᠦᠬᠡᠶᠢᠴᠡᠳᠡᠭ ᠶᠤᠮ᠃  
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号