ᠭᠠᠭ᠋ᠠᠢ ᠶᠢᠨ ᠮᠢᠬ᠎ᠠ ᠶᠢ ᠬᠠᠳᠠᠭᠠᠯᠠᠬᠤ ᠬᠢᠭᠡᠳ ᠰᠢᠨ᠎ᠡ ᠰᠤᠷᠭᠤᠭ ᠪᠠᠶᠢᠯᠭᠠᠬᠤ ︵ᠭᠤᠷᠪᠠ︶
ᠨᠡᠶᠢᠲᠡᠯᠡᠭᠰᠡᠨ ᠴᠠᠭ᠄
2020/5/13
 ᠤᠷᠭᠠᠨᠢᠭ ᠬᠦᠴᠢᠯ ᠬᠢᠭᠡᠳ ᠳᠠᠪᠤᠰᠦ ᠶᠢ ᠰᠢᠨ᠎ᠡ ᠮᠢᠬ᠎ᠠ ᠬᠠᠳᠠᠭᠠᠯᠠᠬᠤ ᠳᠤ ᠬᠡᠷᠡᠭᠯᠡᠬᠦ ᠰᠢᠨ᠎ᠡ ᠮᠢᠬ᠎ᠠ ᠬᠠᠳᠠᠭᠠᠯᠠᠬᠤ ᠳᠤ ᠬᠡᠷᠡᠭᠯᠡᠳᠡᠭ ᠤᠷᠭᠠᠨᠢᠭ ᠬᠦᠴᠢᠯ ᠳᠤ ᠼᠤᠤ ᠶᠢᠨ ᠢᠰᠦᠯ᠂ ᠰᠢᠷᠭᠤᠯᠵᠢᠨ ᠢᠰᠦᠯ᠂ ᠰᠦᠨ ᠬᠦᠴᠢᠯ ᠂ ᠴᠢᠰᠤ ᠦᠵᠢᠷᠡᠬᠦ ᠶᠢ ᠡᠰᠡᠷᠭᠦᠴᠡᠬᠦ ᠬᠦᠴᠢᠯ᠂ ᠨᠢᠮᠪᠡᠭᠡ ᠬᠦᠴᠢᠯ᠂ ᠵᠡᠷᠯᠢᠭ ᠠᠯᠢᠮ᠎ᠠ ᠶᠢᠨ ᠬᠦᠴᠢᠯᠲᠦ ᠺᠠᠯᠢ ᠵᠢᠴᠢ ᠺᠠᠯᠢ ᠶᠢᠨ ᠳᠠᠪᠤᠰᠤ᠂ ᠳᠠᠷᠠᠰᠤᠨ ᠴᠢᠯᠠᠭᠤᠨ ᠤ ᠬᠦᠴᠢᠯ᠂ ᠹᠣᠰᠹᠣᠷ ᠬᠦᠴᠢᠯ ᠤᠨ ᠳᠠᠪᠣᠰᠤ ᠵᠡᠷᠭᠡ ᠪᠤᠢ᠃ ᠡᠳᠡᠭᠡᠷ ᠬᠦᠴᠢᠯ ᠢ ᠳᠠᠩ ᠢᠶᠠᠷ ᠨᠢ ᠪᠤᠶᠤ ᠬᠡᠳᠦᠨ ᠵᠦᠢᠯ ᠢ ᠬᠤᠯᠢᠵᠤ ᠬᠡᠷᠡᠭᠯᠡᠪᠡᠯ ᠮᠢᠬᠠᠨ ᠤ ᠰᠢᠨ᠎ᠡ ᠰᠤᠷᠭᠤᠭ ᠪᠠᠶᠢᠳᠠᠯ ᠢ ᠬᠠᠳᠠᠭᠠᠯᠠᠬᠤ ᠳᠤ ᠲᠤᠰᠠᠲᠠᠢ ᠭᠡᠳᠡᠭ ᠢ ᠤᠯᠠᠨ ᠤᠳᠠᠭᠠᠨ ᠤ ᠲᠤᠷᠰᠢᠯᠲᠠ ᠭᠡᠷᠡᠴᠢᠯᠡᠵᠡᠢ᠃ ᠲᠡᠳᠡᠭᠡᠷ ᠤᠨ ᠳᠤᠲᠤᠷ᠎ᠠ ᠪᠠᠭ᠋ᠠᠨ ᠢᠯᠡᠭᠦᠦ ᠰᠢᠭ ᠬᠡᠷᠡᠭᠯᠡᠳᠡᠭ ᠨᠢ ᠼᠤᠤ ᠬᠦᠴᠢᠯ ︵ᠡᠲ᠋ᠢᠯ ᠬᠦᠴᠢᠯ︶᠂ ᠵᠡᠷᠯᠢᠭ ᠠᠯᠢᠮ᠎ᠠ ᠶᠢᠨ ᠬᠦᠴᠢᠯᠲᠦ ᠺᠠᠯᠢ ᠂ ᠹᠣᠰᠹᠣᠷ ᠬᠦᠴᠢᠯ ᠤᠨ ᠳᠠᠪᠤᠰᠤ ᠪᠤᠯᠤᠨ ᠴᠢᠰᠤ ᠦᠵᠢᠷᠡᠬᠦ ᠶᠢ ᠡᠰᠡᠷᠭᠦᠴᠡᠬᠦ ᠬᠦᠴᠢᠯ ᠪᠣᠯᠣᠨ᠎ᠠ᠃ ᠼᠤᠤ ᠬᠦᠴᠢᠯ᠄ ᠼᠤᠤ ᠬᠦᠴᠢᠯ ᠤᠨ ᠠᠭᠤᠰᠤᠮᠠᠯ ᠤᠨ ᠦᠳᠭᠡᠴᠡ 1.5% ᠬᠦᠷᠪᠡᠯ ᠳᠠᠷᠤᠢ ᠢᠯᠡ ᠲᠤᠳᠤ ᠦᠢᠯᠡᠳᠦᠯ ᠲᠠᠢ ᠪᠤᠯᠳᠠᠭ ᠃ 4% ᠶᠢᠨ ᠬᠡᠪᠴᠢᠶ᠎ᠡ ᠳᠠᠬᠢ ᠼᠤᠤ ᠬᠦᠴᠢᠯ ᠨᠢ ᠮᠢᠬᠠᠨ ᠤ ᠦᠩᠭᠡ ᠶᠢ ᠬᠤᠪᠢᠷᠠᠭᠤᠯᠳᠠᠭ ᠦᠭᠡᠢ᠃ ᠡᠶᠢᠮᠦᠷᠬᠦ ᠦᠳᠭᠡᠴᠡ ᠪᠦᠬᠦᠢ ᠼᠤᠤ ᠬᠦᠴᠢᠯ ᠨᠢ ᠪᠠᠺᠲ᠋ᠧᠷᠢ ᠶᠢ ᠡᠰᠡᠷᠭᠦᠴᠡᠬᠦ ᠴᠢᠳᠠᠯ ᠲᠠᠢ ᠪᠣᠯᠬᠤᠷ ᠬᠤᠮᠠᠬᠢ ᠪᠡᠶᠡᠲᠡᠨ ᠤ ᠬᠠᠯᠳᠠᠪᠤᠷᠢᠯᠠᠯ᠂ ᠬᠦᠬᠡᠴᠦ ᠠᠴᠠ ᠪᠣᠯᠣᠭᠰᠠᠨ ᠮᠢᠬᠠᠨ ᠤ ᠦᠩᠭᠡ ᠶᠢᠨ ᠬᠤᠪᠢᠷᠠᠯ ᠵᠡᠷᠭᠡ ᠶᠢ ᠰᠡᠷᠭᠡᠶᠢᠯᠡᠵᠦ ᠴᠢᠳᠠᠳᠠᠭ᠃ 4% ᠶᠢᠨ ᠬᠡᠮᠵᠢᠶᠡᠨ ᠠᠴᠠ ᠬᠡᠲᠦᠷᠡᠪᠡᠯ ᠮᠢᠬᠠᠨ ᠤ ᠬᠡᠪ ᠤᠨ ᠦᠩᠭᠡ ᠶᠢ ᠬᠠᠷᠰᠢᠯᠠᠳᠠᠭ᠃ ᠼᠤᠤ ᠬᠦᠴᠢᠯ ᠲᠤᠩ ᠶᠡᠭᠡ ᠬᠦᠴᠢᠯᠯᠢᠭ ᠦᠨᠦᠷ ᠲᠠᠢ᠂ ᠭᠡᠪᠡᠴᠦ ᠳᠤᠤᠷ᠎ᠠ ᠳᠤᠯᠠᠭᠠᠨ ᠳᠤ ᠦᠨᠦᠷ ᠨᠢ ᠠᠶᠠᠨᠳᠠᠭᠠᠨ ᠠᠷᠢᠯᠳᠠᠭ᠃ ᠵᠡᠷᠯᠢᠭ ᠠᠯᠢᠮ᠎ᠠ ᠶᠢᠨ ᠬᠦᠴᠢᠯᠲᠦ ᠺᠠᠯᠢ᠄ ᠡᠨᠡ ᠪᠣᠯ ᠮᠢᠬ᠎ᠠ ᠪᠣᠶᠣ ᠮᠢᠬᠠᠨ ᠦᠢᠯᠡᠳᠭᠦᠨ ᠳᠤ ᠢᠯᠡᠭᠦᠦ ᠬᠡᠷᠡᠭᠯᠡᠳᠡᠭ ᠢᠯᠵᠢᠷᠡᠬᠦ ᠠᠴᠠ ᠰᠡᠷᠭᠡᠶᠢᠯᠡᠬᠦ ᠡᠳ᠋ ᠤᠨ ᠨᠢᠭᠡ ᠶᠣᠮ᠃ ᠲᠡᠷᠡ ᠨᠢ ᠬᠤᠮᠠᠬᠢ ᠪᠤᠳᠠᠰ ᠤᠨ ᠢᠰᠭᠡᠭᠦᠷ ᠤᠨ ᠰᠢᠰᠲ᠋ᠧᠮ ᠳᠠᠬᠢ ᠬᠦᠬᠦᠷ ᠪᠠ ᠣᠰᠣᠳᠦ᠋ᠷᠦᠭᠴᠢ ᠶᠢᠨ ᠪᠦᠯᠦᠭ ᠲᠠᠢ ᠨᠢᠭᠡᠳᠴᠦ᠂ ᠮᠠᠰᠢ ᠤᠯᠠᠨ ᠴᠢᠬᠤᠯᠠ ᠢᠰᠭᠡᠭᠦᠷ ᠤᠨ ᠰᠢᠰᠲ᠋ᠧᠮ ᠢ ᠡᠪᠳᠡᠯᠡᠵᠦ᠂ ᠡᠭᠦᠨ ᠤ ᠤᠯᠠᠮ ᠠᠴᠠ ᠪᠠᠺᠲ᠋ᠧᠷᠢ ᠦᠷᠡᠵᠢᠬᠦ᠂ ᠢᠯᠵᠢᠷᠡᠬᠦ ᠶᠢ ᠰᠡᠷᠭᠡᠶᠢᠯᠡᠬᠦ ᠵᠤᠷᠢᠯᠭ᠎ᠠ ᠳᠠᠭᠠᠨ ᠬᠦᠷᠳᠡᠭ᠃ ᠵᠡᠷᠯᠢᠭ ᠠᠯᠢᠮ᠎ᠠ ᠶᠢᠨ ᠬᠦᠴᠢᠯᠲᠦ ᠺᠠᠯᠢ ᠪᠣᠯ ᠨᠢᠭᠡᠨ ᠵᠦᠢᠯ ᠤᠨ ᠬᠠᠩᠬᠤ ᠦᠭᠡᠢ ᠦᠭᠡᠬᠦᠨ ᠬᠦᠴᠢᠯ ᠲᠤᠯᠠ ᠤᠷᠭᠠᠨᠢᠭ ᠪᠡᠶᠡᠲᠦ ᠶᠢᠨ ᠳᠣᠲᠣᠷ᠎ᠠ ᠬᠡᠪ ᠤᠨ ᠪᠠᠶᠢᠳᠠᠯ ᠢᠶᠠᠷ ᠪᠣᠳᠠᠰ ᠤᠨ ᠰᠣᠯᠢᠯᠴᠠᠭ᠎ᠠ ᠶᠠᠪᠤᠭᠳᠠᠭᠤᠯᠳᠠᠭ᠃ ᠨᠡᠶᠢᠯᠡᠮᠡᠯ ᠹᠣᠰᠹᠣᠷ ᠬᠦᠴᠢᠯ ᠤᠨ ᠳᠠᠪᠤᠰᠤ᠄ ᠹᠣᠰᠹᠣᠷ ᠬᠦᠴᠢᠯ ᠤᠨ ᠳᠠᠪᠤᠰᠤ ᠨᠢ ᠮᠢᠬᠠᠨ ᠤ ᠰᠤᠷᠭᠤᠭ ᠴᠢᠨᠠᠷ ᠢ ᠬᠠᠳᠠᠭᠠᠯᠠᠬᠤ ᠳᠤ ᠨᠡᠯᠢᠶᠡᠳ ᠰᠠᠶᠢᠨ ᠦᠢᠯᠡᠳᠦᠯ ᠲᠠᠢ᠃ 5% ᠶᠢᠨ ᠨᠡᠶᠢᠯᠡᠮᠡᠯ ᠹᠣᠰᠹᠣᠷ ᠬᠦᠴᠢᠯ ᠤᠨ ᠳᠠᠪᠤᠰᠤ᠂ 10% ᠶᠢᠨ ᠵᠡᠷᠯᠢᠭ ᠠᠯᠢᠮ᠎ᠠ ᠶᠢᠨ ᠬᠦᠴᠢᠯᠲᠦ ᠺᠠᠯᠢ᠂ 5% ᠶᠢᠨ ᠾᠯᠤᠷᠲᠤ ᠨᠠᠳ᠋ᠷᠢ᠂ 10% ᠶᠢᠨ ᠼᠤᠤ ᠬᠦᠴᠢᠯ ᠤᠨ ᠨᠠᠳ᠋ᠷᠢ ᠶᠢ ᠬᠤᠯᠢᠵᠤ ᠦᠬᠡᠷ ᠤᠨ ᠰᠢᠨ᠎ᠡ ᠮᠢᠬᠠᠨ ᠳᠤ ᠬᠢᠭᠡᠳ ᠬᠡᠶᠢᠵᠢᠭᠦᠯᠦᠨ ᠪᠤᠭᠤᠳᠠᠯᠯᠠᠭᠰᠠᠨ ᠤ ᠳᠠᠷᠠᠭ᠎ᠠ ᠪᠠᠶᠢᠴᠠᠭᠠᠨ ᠰᠤᠳᠤᠯᠤᠭᠰᠠᠨ ᠤ ᠳ᠋ᠦᠩ ᠳᠤ᠂ ᠬᠠᠯᠠᠭᠤᠨ ᠳᠤ ᠳᠠᠭᠠᠭᠠᠴᠠᠲᠠᠢ ᠪᠠᠺᠲ᠋ᠧᠷᠢ᠂ ᠬᠦᠢᠲᠡᠨ ᠳᠤ ᠲᠠᠰᠪᠦᠷᠢᠲᠡᠢ ᠪᠠᠺᠲ᠋ᠧᠷᠢ᠂ ᠬᠦᠴᠢᠳᠦ᠋ᠷᠦᠭᠴᠢ ᠬᠡᠷᠡᠭᠰᠡᠭᠴᠢ ᠪᠠᠺᠲ᠋ᠧᠷᠢ᠂ ᠰᠦᠨ ᠬᠦᠴᠢᠯ ᠤᠨ ᠪᠠᠺᠲ᠋ᠧᠷᠢ ᠵᠡᠷᠭᠡ ᠶᠢᠨ ᠦᠷᠡᠵᠢᠨ ᠦᠰᠬᠦ ᠬᠤᠷᠢᠭᠯᠠᠬᠤ ᠦᠢᠯᠡᠳᠦᠯ ᠲᠦᠢᠯ ᠤᠨ ᠰᠠᠶᠢᠨ ᠪᠠᠶᠢᠭ᠎ᠠ ᠶᠢ ᠭᠡᠷᠡᠴᠢᠯᠡᠭᠰᠡᠨ ᠪᠠᠶᠢᠨ᠎ᠠ᠃ ᠡᠲ᠋ᠢᠯ ᠠᠯᠺᠦᠦᠯ᠄ ᠳᠡᠭᠡᠷ᠎ᠡ ᠳᠤᠷᠠᠳᠤᠭᠰᠠᠨ ᠣᠷᠭᠠᠨᠢᠭ ᠬᠦᠴᠢᠯ ᠪᠠ ᠳᠠᠪᠤᠰᠤᠨ ᠠᠴᠠ ᠭᠠᠳᠠᠨ᠎ᠠ ᠡᠲ᠋ᠢᠯ ᠠᠯᠺᠦᠦᠯ ᠢᠶᠠᠷ ᠮᠢᠬᠠᠨ ᠤ ᠰᠤᠷᠭᠤᠭ ᠴᠢᠨᠠᠷ ᠢ ᠬᠠᠳᠠᠭᠠᠯᠠᠬᠤ ᠮᠡᠷᠭᠡᠵᠢᠯ ᠢ ᠰᠤᠳᠤᠯᠤᠨ ᠪᠦᠲᠦᠭᠡᠵᠡᠢ᠃ ᠡᠨᠡ ᠨᠢ ᠡᠲ᠋ᠢᠯ ᠠᠯᠺᠦᠦᠯ ᠤᠨ ᠦᠳᠭᠡᠴᠡ ᠨᠢ 30% ᠠᠴᠠ ᠳᠡᠭᠡᠭᠰᠢ᠂ ᠰᠢᠬᠢᠷ ᠤᠨ ᠠᠭᠤᠯᠤᠭᠳᠠᠴᠠ 1% ᠠᠴᠠ ᠳᠤᠷᠤᠭᠰᠢᠬᠢ ᠢᠰᠭᠡᠭᠰᠡᠨ ᠠᠭᠤᠰᠤᠮᠠᠯ ᠳᠤ ᠰᠢᠨ᠎ᠡ ᠮᠢᠬ᠎ᠠ ᠶᠢ 20~60 ᠰᠧᠺᠦ᠋ᠨ᠋ᠳ᠋ ᠳᠡᠪᠲᠦᠭᠡᠭᠰᠡᠨ ᠤ ᠳᠠᠷᠠᠭ᠎ᠠ ᠬᠠᠳᠠᠭᠠᠯᠠᠬᠤ ᠠᠷᠭ᠎ᠠ ᠪᠣᠯᠣᠨ᠎ᠠ᠃       ︵ᠢᠷᠡᠯᠲᠡ᠄ ᠳ᠋᠊ · ᠨᠤᠮᠴᠢ ᠰ᠊ · ᠭᠡᠷᠡᠯ ᠤᠨ ᠨᠠᠶᠢᠷᠠᠭᠤᠯᠤᠭᠰᠠᠨ ︽ᠭᠠᠭ᠋ᠠᠢ ᠶᠢᠨ ᠪᠦᠲᠦᠭᠡᠭᠳᠡᠬᠦᠨ ᠦᠢᠯᠡᠳᠬᠦ ᠰᠢᠨ᠎ᠡ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号