ᠰᠦᠨ ᠤ ᠦᠨᠢᠶᠡᠨ ᠤ ᠡᠭᠦᠯᠳᠡᠷ ᠪᠠ ᠪᠡᠶ᠎ᠡ ᠪᠠᠶᠢᠳᠠᠯ ᠤᠨ ᠤᠨᠴᠠᠯᠢᠭ ︵ᠨᠢᠭᠡ︶
ᠨᠡᠶᠢᠲᠡᠯᠡᠭᠰᠡᠨ ᠴᠠᠭ᠄
2020/4/5
    ᠬᠤᠯᠰᠳ᠋ᠸᠢᠢᠨ ᠦᠬᠡᠷ ᠤᠤᠯ ᠳᠠᠭᠠᠨ ᠬᠤᠯᠠᠨᠳ᠋ ᠦᠬᠡᠷ ᠭᠡᠵᠦ ᠨᠡᠷᠡᠶᠢᠳᠴᠦ ᠪᠠᠶᠢᠵᠠᠢ᠃ ᠲᠤᠰ ᠡᠭᠦᠯᠳᠡᠷ ᠤᠨ ᠦᠬᠡᠷ ᠪᠤᠯ ᠡᠷᠲᠡᠨ ᠤ ᠰᠦᠨ ᠬᠡᠷᠡᠭᠯᠡᠭᠦᠨᠲᠦ ᠡᠭᠦᠯᠳᠡᠷ ᠤᠨ ᠦᠬᠡᠷ ᠪᠤᠯᠤᠨ᠎ᠠ᠂ ᠶᠡᠷᠦ ᠳᠡᠭᠡᠨ ᠬᠤᠯᠠᠨᠳ᠋ ᠲᠤ ᠤᠭ ᠭᠠᠷᠤᠯ ᠲᠠᠢ ᠬᠠᠷ᠎ᠠ ᠠᠯᠠᠭ ᠰᠦᠨ ᠤ ᠦᠨᠢᠶ᠎ᠡ ᠶᠢ ᠵᠢᠭᠠᠵᠤ ᠪᠤᠢ᠃ ᠬᠤᠯᠰᠳ᠋ᠸᠢᠢᠨ ︵Holstenins︶ ᠦᠬᠡᠷ ᠤᠨ ᠵᠢᠰᠦᠮ ᠤᠨ ᠤᠨᠴᠠᠯᠢᠭ ᠨᠢ ᠭᠡᠪᠡᠯ᠂ ᠪᠡᠶ᠎ᠡ ᠶᠢᠨ ᠬᠤᠶᠢᠲᠤ ᠬᠡᠰᠡᠭ ᠨᠢ ᠡᠮᠦᠨ᠎ᠡ ᠬᠡᠰᠡᠭ ᠠᠴᠠ ᠪᠠᠨ ᠪᠦᠢᠵᠢᠯᠲᠡ ᠰᠠᠶᠢᠲᠠᠢ᠂ ᠪᠦᠬᠦ᠋ᠢᠯᠡ ᠪᠡᠶ᠎ᠡ ᠶᠢᠨ ᠬᠡᠯᠪᠡᠷᠢ ᠨᠢ ᠱᠠᠭᠠᠨᠳᠠᠭ ᠬᠡᠯᠪᠡᠷᠢᠲᠡᠢ᠂ ᠳᠡᠯᠡᠩ ᠨᠢ ᠲᠤᠮᠤ ᠪᠦᠭᠡᠳ ᠳᠡᠯᠡᠩ ᠤᠨ ᠪᠤᠯᠴᠢᠷᠬᠠᠢ ᠶᠢᠨ ᠪᠦᠢᠵᠢᠯᠲᠡ ᠨᠢ ᠰᠠᠶᠢᠨ ᠪᠠᠶᠢᠳᠠᠭ᠃ ᠡᠪᠡᠷ ᠨᠢ ᠨᠠᠷᠢᠨ ᠮᠦᠷᠲᠡᠭᠡᠨ ᠪᠤᠭᠤᠨᠢ᠂ ᠤᠯᠠᠩᠬᠢ ᠨᠢ ᠡᠮᠦᠰᠢ ᠪᠠᠨ ᠬᠤᠮᠢᠵᠤ ᠤᠷᠭᠤᠳᠠᠭ᠃ ᠵᠢᠰᠦᠮ ᠨᠢ ᠬᠠᠷ᠎ᠠ ᠠᠯᠠᠭ ︵ᠰᠢᠷ᠎ᠠ ᠠᠯᠠᠭ ᠪᠠᠰᠠ ᠪᠤᠢ︶ ᠪᠦᠭᠡᠳ ᠮᠠᠩᠨᠠᠢ ᠳᠡᠭᠡᠷ᠎ᠡ ᠨᠢ ᠴᠠᠭᠠᠨ ᠤᠳᠤ ᠲᠠᠢ ᠪᠠᠶᠢᠳᠠᠭ᠃ ᠬᠡᠪᠡᠯᠢ᠂ ᠰᠡᠭᠦᠯ᠂ ᠳᠦᠷᠪᠡᠨ ᠮᠦᠴᠢ ᠶᠢᠨ ᠳᠤᠤᠷᠠᠳᠤ ᠬᠡᠰᠡᠭ ᠨᠢ ᠴᠤᠯ ᠴᠠᠭᠠᠨ ᠶᠤᠮ᠃ ᠳᠡᠯᠡᠩ ᠤᠨ ᠬᠦᠬᠡ ᠰᠤᠳᠠᠯ ᠨᠢ ᠬᠦᠭᠵᠢᠯᠲᠡᠢ᠂ ᠰᠦ ᠱᠦᠭᠦᠷᠡᠯ ᠤᠨ ᠬᠤᠭᠤᠴᠠᠭᠠᠨ ᠳᠠᠬᠢ ᠰᠦᠨ ᠤ ᠭᠠᠷᠤᠯᠲᠠ ᠨᠢ ᠶᠡᠷᠦ ᠳᠡᠭᠡᠨ 4500 ~ 5500 ᠺᠢᠯᠤᠭ᠍ᠷᠡᠮ ᠳᠤ ᠬᠦᠷᠴᠦ᠂ ᠰᠦᠨ ᠤ ᠲᠤᠰᠤᠯᠢᠭ ᠤᠨ ᠨᠤᠷᠮ᠎ᠠ ᠨᠢ 3.2%~3.4% ᠪᠠᠶᠢᠳᠠᠭ᠃ ᠪᠤᠬᠠᠨ ᠤ ᠪᠡᠶ᠎ᠡ ᠶᠢᠨ ᠬᠦᠨᠳᠦ ᠨᠢ 800 ~1000 ᠺᠢᠯᠦᠭᠷᠡᠮ᠂ ᠦᠨᠢᠶᠡᠨ ᠤ ᠬᠢᠨᠢ 500 ~ 600 ᠺᠢᠯᠦᠭᠷᠡᠮ ᠪᠤᠯᠤᠨ᠎ᠠ᠃ ᠨᠢᠳᠦᠯᠦᠯᠲᠡ ᠶᠢᠨ ᠨᠤᠷᠮ᠎ᠠ ᠨᠢ 55%~58% ᠪᠤᠯᠬᠤ ᠶᠤᠮ᠃ ᠮᠠᠰᠢ ᠤᠯᠠᠨ ᠤᠯᠤᠰ ᠨᠢ ᠲᠤᠰ ᠡᠭᠦᠯᠳᠡᠷ ᠤᠨ ᠦᠬᠡᠷ ᠢ ᠤᠷᠤᠭᠤᠯᠤᠭᠰᠠᠨ ᠳᠠᠷᠠᠭ᠎ᠠ᠂ ᠤᠷᠲᠤ ᠬᠤᠭᠤᠴᠠᠭ᠎ᠠ ᠪᠠᠷ ᠰᠤᠩᠭᠤᠨ ᠪᠤᠶᠢᠵᠢᠭᠤᠯᠬᠤ ᠪᠤᠶᠤ ᠲᠤᠰ ᠭᠠᠵᠠᠷ ᠤᠷᠤᠨ ᠤ ᠪᠠᠨ ᠦᠬᠡᠷ ᠲᠠᠢ ᠡᠷᠯᠢᠰᠡᠵᠢᠭᠦᠯᠵᠦ ᠪᠠᠶᠢᠭᠠᠳ ᠲᠤᠬᠠᠢ ᠶᠢᠨ ᠭᠠᠵᠠᠷ ᠤᠷᠤᠨ ᠤ ᠨᠦᠭᠦᠴᠡᠯ ᠳᠤ ᠵᠤᠬᠢᠴᠠᠭᠰᠠᠨ ᠰᠦᠨ ᠬᠡᠷᠡᠭᠯᠡᠭᠦᠨᠲᠦ ᠦᠬᠡᠷ ︵ᠬᠠᠷ᠎ᠠ ᠠᠯᠠᠭ ᠰᠦᠨ ᠤ ᠦᠨᠢᠶ᠎ᠡ︶ ᠢ ᠪᠤᠶᠢᠵᠢᠭᠤᠯᠵᠤ ᠭᠠᠷᠭᠠᠭᠰᠠᠨ ᠪᠠᠶᠢᠨ᠎ᠠ᠃ ᠡᠶᠢᠮᠦᠷᠬᠦᠦ ᠦᠬᠡᠷ ᠤᠨ ᠳᠦᠷᠰᠦ ᠪᠠᠶᠢᠳᠠᠯ ᠨᠢ ᠠᠳᠠᠯᠢ ᠪᠤᠰᠤ ᠤᠨᠴᠠᠯᠢᠭ ᠲᠠᠢ ᠪᠤᠯᠤᠭᠰᠠᠨ ᠪᠤᠯᠬᠤᠷ᠂ ᠠᠯᠢ ᠤᠯᠤᠰ ᠨᠢ ᠡᠷᠯᠢᠰᠡᠵᠢᠭᠦᠯᠦᠨ ᠪᠤᠶᠢᠵᠢᠭᠤᠯᠤᠭᠰᠠᠰᠨ ᠪᠤᠯ ᠲᠡᠷᠡ ᠤᠯᠤᠰ ᠤᠨ ᠨᠡᠷ᠎ᠡ ᠪᠠᠷ ᠨᠡᠷᠡᠶᠢᠳᠦᠭᠰᠡᠨ ᠪᠠᠶᠢᠨ᠎ᠠ᠃ ᠵᠢᠱᠢᠶᠡᠯᠡᠪᠡᠯ ᠠᠮᠧᠷᠢᠺᠡ ᠶᠢᠨ ᠬᠤᠯᠰᠳ᠋ᠸᠢᠢᠨ ᠦᠬᠡᠷ᠂ ᠺᠠᠨᠠᠳᠠ ᠶᠢᠨ ᠬᠤᠯᠰᠳ᠋ᠸᠢᠢᠨ ᠦᠬᠡᠷ᠂ ᠶᠠᠫᠤᠨ ᠤ ᠬᠤᠯᠰᠳ᠋ᠸᠢᠢᠨ ᠦᠬᠡᠷ᠂ ᠳᠤᠮᠳᠠᠳᠤ ᠶᠢᠨ ᠬᠤᠯᠰᠳ᠋ᠸᠢᠢᠨ ᠦᠬᠡᠷ ᠭᠡᠬᠦ ᠮᠡᠲᠦ ᠪᠠᠷ ᠨᠡᠷᠡᠶᠢᠳᠪᠡ᠃ ᠡᠶᠢᠮᠦ ᠦᠬᠡᠷ ᠤᠨ ᠵᠠᠩ ᠠᠭᠠᠯᠢ ᠨᠢ ᠨᠤᠮᠤᠬᠠᠨ᠂ ᠵᠤᠬᠢᠴᠠᠬᠤ ᠴᠢᠨᠠᠷ ᠢᠶᠠᠷ ᠰᠠᠶᠢᠨ᠂ ᠤᠳᠤᠮᠯᠠᠯ ᠤᠨ ᠴᠢᠨᠠᠷ ᠨᠢ ᠴᠢᠩᠭ᠎ᠠ᠂ ᠰᠦᠨ ᠤ ᠭᠠᠷᠤᠯᠲᠠ ᠨᠢ ᠦᠨᠳᠦᠷ᠂ ᠰᠦᠨ ᠤ ᠴᠢᠨᠠᠷ ᠴᠢᠨᠰᠠᠭ᠎ᠠ ᠨᠢ ᠰᠠᠶᠢᠨ᠂ ᠰᠦᠨ ᠳᠠᠬᠢ ᠰᠦᠨ ᠲᠤᠰᠤ ᠪᠤᠯᠤᠨ ᠤᠭᠤᠷᠠᠭ ᠤᠨ ᠠᠭᠤᠯᠤᠭᠳᠠᠴᠠ ᠨᠢ ᠪᠦᠷ ᠨᠡᠯᠢᠶᠡᠳ ᠦᠨᠳᠦᠷ ᠪᠠᠶᠢᠳᠠᠭ᠃ ᠭᠡᠪᠡᠴᠦ ᠡᠪᠡᠳᠴᠢᠨ ᠡᠰᠡᠷᠭᠦᠴᠡᠬᠦ ᠪᠠ ᠬᠠᠯᠠᠭᠤᠨ ᠳᠤ ᠲᠡᠰᠪᠦᠷᠢᠲᠡᠢ ᠴᠢᠳᠠᠪᠤᠷᠢ ᠨᠢ ᠪᠠᠷᠤᠭᠲᠠᠢ ᠪᠦᠭᠡᠳ ᠲᠡᠵᠢᠭᠡᠯ ᠡᠪᠡᠰᠦ ᠪᠤᠷᠳᠤᠭ᠎ᠠ ᠶᠢᠨ ᠱᠠᠭᠠᠷᠳᠠᠯᠭ᠎ᠠ ᠨᠢ ᠴᠤ ᠨᠡᠯᠢᠶᠡᠳ ᠦᠨᠳᠦᠷ ᠪᠠᠶᠢᠳᠠᠭ᠃ ᠤᠳᠤᠬᠠᠨ ᠳᠤ ᠮᠠᠨ ᠤ ᠤᠷᠤᠨ ᠤ ᠰᠦᠨ ᠤ ᠦᠨᠢᠶᠡᠨ ᠤ ᠤᠯᠠᠩᠬᠢ ᠨᠢ ᠳᠤᠮᠳᠠᠳᠤ ᠶᠢᠨ ᠬᠤᠯᠰᠳ᠋ᠸᠢᠢᠨ ᠦᠬᠡᠷ ︵ᠬᠠᠷ᠎ᠠ ᠠᠯᠠᠭ ᠰᠦᠨ ᠤ ᠦᠨᠢᠶ᠎ᠡ︶ ᠪᠤᠯᠤᠨ᠎ᠠ᠃ ᠭᠤᠤᠯᠳᠠᠭᠤ ᠬᠦᠬᠡᠬᠤᠲᠠ᠂ ᠪᠤᠭᠤᠲᠤ᠂ ᠬᠦᠯᠦᠨ ᠪᠦᠢᠷ ᠲᠤ ᠲᠠᠷᠬᠠᠵᠤ ᠪᠠᠶᠢᠬᠤ ᠪᠦᠭᠡᠳ ᠪᠤᠰᠤᠳ ᠠᠶᠢᠮᠠᠭ ᠬᠤᠲᠠ ᠪᠠᠯᠭᠠᠰᠤᠨ ᠳᠤ ᠪᠠᠰᠠ ᠲᠦᠪᠯᠡᠷᠡᠭᠦᠯᠦᠨ ᠮᠠᠯᠵᠢᠵᠤ ᠪᠤᠢ᠃ ᠪᠤᠢ ᠪᠦᠬᠦᠢ ᠡᠭᠦᠯᠳᠡᠷ ᠤᠨ ᠰᠦᠨ ᠤ ᠦᠨᠢᠶᠡᠨ ᠳᠤᠲᠤᠷ᠎ᠠ ᠬᠤᠯᠰᠳ᠋ᠸᠢᠢᠨ ᠦᠬᠡᠷ ᠤᠨ ᠰᠦᠨ ᠤ ᠭᠠᠷᠤᠯᠲᠠ ᠨᠢ ᠬᠠᠮᠤᠭ ᠠᠴᠠ ᠦᠨᠳᠦᠷ ᠪᠠᠶᠢᠳᠠᠭ᠃ ᠠᠳᠠᠯᠢ ᠪᠤᠰᠤ ᠭᠠᠵᠠᠷ ᠤᠷᠤᠨ ᠳᠤ ᠮᠠᠯᠵᠢᠵᠤ ᠪᠠᠶᠢᠭ᠎ᠠ ᠮᠠᠨ ᠤ ᠤᠯᠤᠰ ᠤᠨ ᠬᠤᠯᠰᠳ᠋ᠸᠢᠢᠨ ᠦᠬᠡᠷ ᠤᠨ ᠰᠦᠨ ᠤ ᠭᠠᠷᠤᠯᠲᠠ ᠨᠢ ᠴᠤ ᠮᠠᠰᠢ ᠶᠡᠭᠡ ᠵᠦᠷᠢᠶᠡᠨ ᠲᠠᠢ ᠶᠤᠮ᠃ ᠡᠨᠡ ᠨᠢ ᠡᠯ᠎ᠡ ᠭᠠᠵᠠᠷ ᠤᠷᠤᠨ ᠤ ᠠᠷᠠᠴᠢᠯᠠᠨ ᠬᠠᠮᠢᠶᠠᠷᠤᠯᠲᠠ ᠶᠢᠨ ᠨᠦᠬᠦᠴᠡᠯ ᠲᠠᠢ ᠮᠠᠰᠢ ᠶᠡᠭᠡ ᠬᠤᠯᠪᠤᠭᠳᠠᠯ ᠲᠠᠢ ᠪᠢᠯᠡ᠃ ᠤᠯᠠᠩᠬᠢ ᠭᠠᠵᠠᠷ ᠤᠷᠤᠨ ᠤ ᠬᠤᠯᠰᠳ᠋ᠸᠢᠢᠨ ᠦᠬᠡᠷ ᠪᠦᠷᠢ ᠶᠢᠨ ᠵᠢᠯ ᠤᠨ ᠳᠤᠮᠳᠠᠴᠢ ᠰᠦᠨ ᠤ ᠭᠠᠷᠤᠯᠲᠠ ᠨᠢ 5000 ᠺᠢᠯᠦᠭᠷᠡᠮ ᠤᠷᠴᠢᠮ ᠪᠠᠶᠢᠵᠤ᠂ ᠮᠠᠨ ᠤ ᠤᠷᠤᠨ ᠤ ᠵᠢᠯ ᠤᠨ ᠳᠤᠮᠳᠠᠴᠢ ᠰᠦᠨ ᠤ ᠭᠠᠷᠤᠯᠲᠠ ᠨᠢ ᠪᠠᠷᠤᠭ 5000 ᠺᠢᠯᠦᠭᠷᠡᠮ ᠤᠷᠴᠢᠮ ᠪᠦᠭᠡᠳ ᠬᠦᠬᠡᠬᠤᠲᠠ ᠶᠢᠨ ᠵᠢᠯ ᠤᠨ ᠳᠤᠮᠳᠠᠴᠢ ᠰᠦᠨ ᠤ ᠭᠠᠷᠤᠯᠲᠠ ᠨᠢ ᠬᠠᠷᠢᠨ 5000 ᠺᠢᠯᠦᠭᠷᠡᠮ ᠠᠴᠠ ᠳᠠᠪᠠᠭᠰᠠᠨ ᠪᠠᠶᠢᠨ᠎ᠠ᠃ ᠪᠡᠭᠡᠵᠢᠩ᠂ ᠱᠠᠩᠬᠠᠢ ᠵᠡᠷᠭᠡ ᠠᠷᠠᠴᠢᠯᠠᠨ ᠬᠠᠮᠢᠶᠠᠷᠤᠯᠲᠠ ᠶᠢᠨ ᠨᠦᠬᠦᠴᠡᠯ ᠢᠶᠠᠷ ᠨᠡᠯᠢᠶᠡᠳ ᠰᠠᠶᠢᠨ ᠮᠦᠷᠲᠡᠭᠡᠨ ᠡᠭᠦᠯᠳᠡᠷ ᠪᠤᠶᠢᠵᠢᠭᠤᠯᠬᠤ ᠮᠡᠷᠭᠡᠵᠢᠯ ᠢᠶᠠᠷ ᠴᠤ ᠨᠡᠯᠢᠶᠡᠳ ᠦᠨᠳᠦᠷ ᠭᠠᠵᠠᠷ ᠤᠷᠤᠨ ᠤ ᠬᠤᠯᠰᠳ᠋ᠸᠢᠢᠨ ᠦᠬᠡᠷ ᠪᠦᠷᠢ ᠶᠢᠨ ᠵᠢᠯ ᠤᠨ ᠳᠤᠮᠳᠠᠴᠢ ᠰᠦᠨ ᠤ ᠭᠠᠷᠤᠯᠲᠠ ᠨᠢ 8000 ᠺᠢᠯᠦᠭᠷᠡᠮ ᠠᠴᠠ ᠳᠡᠭᠡᠭᠰᠢ ᠪᠠᠶᠢᠳᠠᠭ᠃ ᠭᠡᠲᠡᠯ᠎ᠡ ᠠᠷᠠᠴᠢᠯᠠᠨ ᠬᠠᠮᠢᠶᠠᠷᠤᠯᠲᠠ ᠶᠢᠨ ᠨᠦᠭᠦᠴᠡᠯ ᠢᠶᠠᠷ ᠨᠡᠯᠢᠶᠡᠳ ᠪᠠᠷᠤᠭᠲᠠᠢ ᠭᠠᠵᠠᠷ ᠤᠷᠤᠨ ᠤ ᠬᠤᠯᠰᠳ᠋ᠸᠢᠢᠨ ᠦᠬᠡᠷ ᠪᠦᠷᠢ ᠶᠢᠨ ᠵᠢᠯ ᠤᠨ ᠳᠤᠮᠳᠠᠴᠢ ᠰᠦᠨ ᠤ ᠭᠠᠷᠤᠯᠲᠠ ᠨᠢ ᠵᠦᠪᠬᠡᠨ 3000 ᠺᠢᠯᠦᠭᠷᠡᠮ ᠤᠷᠴᠢᠮ ᠪᠠᠶᠢᠳᠠᠭ᠃ ᠮᠠᠨ ᠤ ᠤᠯᠤᠰ ᠤᠨ ᠬᠤᠯᠰᠳ᠋ᠸᠢᠢᠨ ᠦᠬᠡᠷ ᠤᠨ ᠪᠤᠬᠠᠨ ᠤ ᠪᠡᠶ᠎ᠡ ᠶᠢᠨ ᠦᠨᠳᠦᠷ ᠨᠢ 155 ᠰᠡᠨᠲ᠋ᠢᠮᠧᠳ᠋ᠷ᠂ ᠦᠨᠢᠶᠡᠨ ᠤ ᠬᠢᠨᠢ 130 ~135 ᠰᠡᠨᠲ᠋ᠢᠮᠧᠳ᠋ᠷ᠂ ᠪᠤᠬᠠᠨ ᠤ ᠪᠡᠶ᠎ᠡ ᠶᠢᠨ ᠤᠷᠲᠤ ᠨᠢ 200 ᠰᠡᠨᠲ᠋ᠢᠮᠧᠳ᠋ᠷ᠂ ᠦᠨᠢᠶᠡᠨ ᠤ ᠬᠢᠨᠢ 160 ~170 ᠰᠡᠨᠲ᠋ᠢᠮᠧᠳ᠋ᠷ᠂ ᠪᠤᠬᠠᠨ ᠤ ᠪᠡᠶ᠎ᠡ ᠶᠢᠨ ᠬᠦᠨᠳᠦ ᠨᠢ 1100 ᠺᠢᠯᠦᠭᠷᠡᠮ᠂ ᠦᠨᠢᠶᠡᠨ ᠤ ᠬᠢᠨᠢ 580 ~ 600 ᠺᠢᠯᠦᠭᠷᠡᠮ ᠪᠤᠯᠤᠨ᠎ᠠ᠃      ︵ᠢᠷᠡᠯᠲᠡ᠄ ᠴᠧᠨ ᠪᠠᠭᠠᠲᠤᠷ᠂ ᠢ᠊ · ᠰᠤᠶᠤᠯᠲᠤ ᠨᠠᠷ ᠤᠨ ᠨᠠᠶᠢᠷᠠᠭᠤᠯᠤᠭᠰᠠᠨ ︽ᠰᠦᠨ ᠤ ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶
 
ᠢᠷᠡᠯᠲᠡ᠄ ᠦᠪᠦᠷ ᠮᠤᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ ᠤ ᠲᠢᠩᠬᠡᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号