ᠬᠤᠨᠢ ᠶᠢ ᠰᠣᠩᠭᠤᠬᠤ ᠠᠷᠭ᠎ᠠ
ᠨᠡᠶᠢᠲᠡᠯᠡᠭᠰᠡᠨ ᠴᠠᠭ᠄
2020/4/5
     ᠬᠤᠨᠢ ᠶᠢ ᠰᠤᠩᠭᠤᠨ ᠠᠪᠬᠤ ᠳᠤ᠂ ᠡᠷᠬᠡᠪᠰᠢ ᠬᠤᠳᠠᠯᠳᠤᠨ ᠠᠪᠬᠤ ᠦᠶ᠎ᠡ ᠳᠤ ᠪᠠᠨ ᠨᠠᠷᠢᠯᠢᠭ ᠠᠵᠢᠭᠯᠠᠬᠤ ᠬᠡᠷᠡᠭᠲᠡᠶ᠄ ᠨᠢᠭᠡ᠂ ᠬᠤᠨᠢᠨ ᠤ ᠬᠦᠳᠡᠯᠦᠯ ᠪᠠᠷᠢᠯ ᠢ ᠠᠵᠢᠭᠯᠠᠨ᠎ᠠ᠃ ᠡᠷᠡᠭᠦᠯ ᠬᠤᠨᠢᠨ ᠤ ᠬᠥᠳᠡᠯᠵᠦ ᠪᠠᠷᠢᠬᠤ ᠨᠢ ᠪᠤᠰᠢᠭᠤ ᠱᠠᠯᠠᠮᠠᠭᠠᠢ᠂ ᠰᠤᠨᠤᠷ ᠨᠢ ᠰᠣᠷᠭᠤᠭ᠂ ᠨᠢᠳᠦ ᠨᠢ ᠭᠡᠷᠡᠯ ᠲᠠᠢ᠂ ᠪᠦᠷᠬᠦᠭᠦᠯ ᠦᠰᠦ ᠨᠢ ᠭᠢᠯᠠᠭᠠᠷ ᠪᠠᠶᠢᠳᠠᠭ᠃ ᠬᠠᠷᠢᠨ ᠡᠪᠡᠳᠴᠢᠲᠡᠢ ᠬᠤᠨᠢ ᠨᠢ ᠬᠠᠷᠢᠭᠤ ᠳᠤᠰᠬᠠᠬᠤ ᠨᠢ ᠤᠳᠠᠭᠠᠨ᠂ ᠦᠷᠭᠦᠯᠵᠢ ᠲᠣᠯᠣᠭᠠᠶ ᠪᠠᠨ ᠪᠦᠯᠬᠦ᠋ᠢᠯᠭᠡᠨ᠂ ᠴᠢᠬᠢ ᠪᠠᠨ ᠤᠨᠵᠢᠢᠯᠭᠠᠨ᠂ ᠵᠠᠷᠢᠮ ᠳᠤ ᠪᠠᠨ ᠬᠡᠪᠲᠡᠭᠡᠳ ᠪᠣᠰᠬᠤ ᠦᠭᠡᠢ᠂ ᠪᠦᠷᠬᠦᠭᠦᠯ ᠦᠰᠦ ᠨᠢ ᠥᠩᠭᠡ ᠭᠢᠯᠪᠠᠭ᠎ᠠ ᠦᠭᠡᠢ᠂ ᠨᠢᠰᠤ ᠨᠢᠯᠪᠤᠰᠤ ᠪᠠᠨ ᠭᠤᠭᠤᠵᠢᠭᠤᠯᠵᠤ᠂ ᠬᠡᠪᠢᠬᠦ ᠨᠢ ᠲᠠᠰᠤᠯᠳᠠᠬᠤ ᠪᠤᠶᠤ ᠬᠡᠪᠢᠬᠦ ᠦᠭᠡᠢ ᠪᠠᠶᠢᠳᠠᠭ᠃ ᠬᠤᠶᠠᠷ᠂ ᠬᠤᠨᠢᠨ ᠤ ᠪᠠᠭᠠᠰᠤ ᠶᠢ ᠨᠢ ᠦᠵᠡᠨ᠎ᠡ᠃ ᠡᠷᠡᠭᠦᠯ ᠬᠤᠨᠢᠨ ᠤ ᠪᠠᠭᠠᠰᠤ ᠨᠢ ᠪᠦᠯᠢᠶᠡᠨ᠂ ᠥᠩᠭᠡ ᠨᠢ ᠭᠢᠯᠠᠭᠠᠷ ᠮᠦᠷᠲᠡᠭᠡᠨ ᠢᠳᠡᠰᠢᠯᠡᠭᠰᠡᠨ ᠲᠡᠵᠢᠭᠡᠯ ᠪᠤᠷᠳᠤᠭᠠᠨ ᠤ ᠥᠩᠭᠡ ᠲᠠᠢ ᠠᠳᠠᠯᠢᠪᠲᠤᠷ ᠪᠠᠶᠢᠳᠠᠭ᠃ ᠬᠠᠷᠢᠨ ᠡᠪᠡᠳᠴᠢᠲᠡᠢ ᠬᠤᠨᠢᠨ ᠤ ᠪᠠᠭᠠᠰᠤ ᠨᠢ ᠬᠡᠲᠦᠷᠬᠡᠶ ᠬᠠᠭᠤᠷᠠᠶ ᠪᠤᠶᠤ ᠰᠢᠩᠭᠡᠨ᠂ ᠦᠨᠦᠷ ᠨᠢ ᠮᠠᠭᠤᠬᠠᠶ᠂ ᠵᠠᠷᠢᠮ ᠳᠤ ᠪᠠᠨ ᠰᠠᠯᠢᠰᠤ᠂ ᠢᠳᠡᠭᠡ᠂ ᠴᠢᠰᠤ᠂ ᠬᠤᠷᠣᠬᠠᠶ ᠵᠡᠷᠭᠡ ᠬᠤᠯᠢᠯᠳᠤᠵᠤ ᠪᠠᠶᠢᠳᠠᠭ᠃ ᠭᠤᠷᠪᠠ᠂ ᠮᠠᠯ ᠤᠨ ᠡᠮᠴᠢ ᠪᠠᠷ ᠪᠤᠶᠤ ᠥᠪᠡᠷ ᠢᠶᠠᠨ ᠬᠤᠨᠢᠨ ᠤ ᠰᠠᠯᠢᠰᠤᠲᠤ ᠪᠦᠷᠬᠦᠪᠴᠢ ᠶᠢ ᠪᠠᠶᠢᠴᠠᠭᠠᠨ᠎ᠠ᠃ ᠬᠤᠷᠤᠭᠤ ᠪᠠᠷ ᠢᠶᠠᠨ ᠳᠡᠭᠡᠷ᠎ᠡ ᠳᠣᠤᠷ᠎ᠠ ᠨᠢᠳᠦᠨ ᠵᠤᠪᠬᠢ ᠶᠢ ᠨᠢ ᠤᠷᠪᠠᠭᠤᠯᠤᠨ ᠥᠩᠭᠡ ᠶᠢ ᠨᠢ ᠦᠵᠡᠨ᠎ᠡ᠂ ᠡᠷᠡᠭᠦᠯ ᠬᠤᠨᠢᠨ ᠤ ᠰᠠᠯᠢᠰᠤᠲᠤ ᠪᠦᠷᠬᠦᠪᠴᠢ ᠨᠢ ᠭᠦᠢᠬᠡᠨ ᠤᠯᠠᠭᠠᠨ ᠥᠩᠭᠡ ᠲᠠᠢ᠂ ᠬᠠᠷᠢᠨ ᠡᠪᠡᠳᠴᠢᠲᠡᠢ ᠬᠤᠨᠢᠨ ᠤ ᠰᠠᠯᠢᠰᠤᠲᠤ ᠪᠦᠷᠬᠦᠪᠴᠢ ᠨᠢ ᠴᠠᠶᠢᠪᠤᠷ ᠪᠤᠶᠤ ᠰᠢᠷ᠎ᠠ ᠦᠩᠭᠡ ᠲᠠᠢ ᠪᠠᠶᠢᠳᠠᠭ᠃ ᠳᠠᠷᠠᠭ᠎ᠠ ᠳᠤᠨᠢ ᠠᠮᠠᠨ ᠬᠥᠨᠳᠡᠶ ᠶᠢ ᠨᠢ ᠪᠠᠶᠢᠴᠠᠭᠠᠨ᠎ᠠ᠂ ᠵᠠᠪᠠᠵᠢ ᠪᠠᠷ ᠨᠢ ᠳᠣᠯᠢᠶᠠᠪᠤᠷ ᠬᠤᠷᠤᠭᠤ ᠪᠠ ᠳᠤᠮᠳᠠ ᠬᠤᠷᠤᠭᠤ ᠪᠠᠨ ᠠᠮᠠᠨ ᠬᠦᠨᠳᠡᠢ ᠳᠤ ᠨᠢ ᠤᠷᠤᠭᠤᠯᠤᠨ᠂ ᠬᠡᠯᠡ ᠶᠢ ᠨᠢ ᠲᠠᠲᠠᠨ ᠭᠠᠷᠭᠠᠵᠤ᠂ ᠦᠩᠭᠦᠷ ᠢ ᠨᠢ ᠠᠵᠢᠭᠯᠠᠨ᠎ᠠ᠃ ᠡᠷᠡᠭᠦᠯ ᠬᠤᠨᠢᠨ ᠤ ᠬᠡᠯᠡ ᠨᠢ ᠤᠯᠠᠭᠠᠨ᠂ ᠬᠥᠪᠳᠥ ᠦᠭᠡᠢ᠂ ᠠᠮᠠᠨ ᠠᠴᠠ ᠨᠢ ᠮᠠᠭᠤᠬᠠᠢ ᠦᠨᠦᠷ ᠭᠠᠷᠬᠤ ᠦᠭᠡᠢ᠃ ᠡᠪᠡᠳᠴᠢᠲᠡᠢ ᠬᠤᠨᠢᠨ ᠤ ᠬᠡᠯᠡ ᠨᠢ ᠬᠠᠭᠤᠷᠠᠢ᠂ ᠦᠮᠡᠬᠡᠶ ᠦᠨᠦᠷ ᠲᠠᠢ᠂ ᠬᠡᠯᠡᠨ ᠤ ᠦᠩᠭᠦᠷ ᠳᠡᠭᠡᠷ᠎ᠡ ᠨᠢ ᠬᠦᠪᠲᠦ ᠲᠠᠢ ᠮᠦᠷᠲᠡᠭᠡᠨ ᠰᠢᠷ᠎ᠠ ᠪᠤᠶᠤ ᠬᠠᠷᠠᠪᠲᠤᠷ ᠰᠢᠷ᠎ᠠ ᠥᠩᠭᠡ ᠲᠠᠢ᠂ ᠵᠠᠷᠢᠮ ᠳᠤ ᠪᠠᠨ ᠪᠠᠰᠠ ᠢᠳᠡᠭᠡᠯᠡᠵᠦ ᠢᠯᠵᠡᠷᠡᠭᠰᠡᠨ ᠪᠠᠶᠢᠳᠠᠯ ᠢᠯᠡᠷᠡᠳᠡᠭ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号