ᠦᠬᠡᠷ ᠤᠨ ᠮᠢᠬᠠᠨ ᠤ ᠪᠣᠭᠤᠳᠠᠯ ᠪᠠᠭᠯᠠᠭ᠎ᠠ ᠪᠠ ᠢᠯᠵᠢᠷᠡᠬᠦ ᠠᠴᠠ ᠰᠡᠷᠭᠡᠶᠢᠯᠡᠬᠦ
ᠨᠡᠶᠢᠲᠡᠯᠡᠭᠰᠡᠨ ᠴᠠᠭ᠄
2020/4/26
     ᠰᠢᠨ᠎ᠡ ᠰᠤᠷᠭᠤᠭ ᠢᠳᠡᠰᠢᠨ ᠮᠢᠬ᠎ᠠ ᠪᠣᠭᠤᠳᠠᠯ ᠪᠠᠭᠯᠠᠭ᠎ᠠ ᠲᠠᠢ ᠰᠢᠨ᠎ᠡ ᠰᠣᠷᠭᠤᠭ ᠮᠢᠬ᠎ᠠ ᠶᠢ ᠳᠣᠤᠷ᠎ᠠ ᠳᠤᠯᠠᠭᠠᠨ ᠳᠤ ᠬᠠᠳᠠᠭᠠᠯᠠᠬᠤ ᠦᠶᠡᠰ᠂ ᠬᠦᠢᠳᠡᠨᠰᠡᠭ ᠪᠠᠺᠲ᠋ᠧᠷᠢ ᠶᠢᠨ ᠥᠩᠭᠡ ᠦᠭᠡᠢ ᠰᠠᠪᠬᠠᠨᠴᠢᠷ ᠪᠠᠺᠲ᠋ᠧᠷᠢ ᠶᠢᠨ ᠲᠦᠷᠦᠯ ᠨᠢ ᠮᠢᠬ᠎ᠠ ᠶᠢᠨ ᠭᠠᠳᠠᠷᠭᠤ ᠳᠤ ᠪᠥᠭᠡᠮᠨᠡᠷᠡᠯ ᠡᠭᠦᠰᠭᠡᠵᠦ᠂ ᠢᠰᠴᠦ ᠮᠠᠭᠤᠲᠠᠨ᠎ᠠ᠃ ᠡᠭᠦᠨ ᠠᠴᠠ ᠰᠢᠨ᠎ᠡ ᠰᠣᠷᠭᠤᠭ ᠮᠢᠬᠠᠨ ᠤ ᠴᠢᠨᠠᠷ ᠨᠢ ᠪᠠᠭᠤᠷᠠᠵᠤ᠂ ᠰᠦᠨ ᠬᠦᠴᠢᠯ ᠤᠨ ᠰᠠᠪᠬᠠᠨᠴᠢᠷ ᠪᠠᠺᠲ᠋ᠧᠷᠢ ᠨᠢ ᠮᠢᠬ᠎ᠠ ᠶᠢ ᠨᠣᠭᠤᠭᠠᠷᠠᠭᠤᠯᠵᠤ᠂ ᠬᠤᠪᠠᠭ᠋ᠠᠶ ᠡᠪᠡᠰᠦᠨ ᠤ ᠰᠫᠣᠷᠲᠤ ᠰᠠᠪᠬᠠᠨᠴᠢᠷ ᠪᠠᠺᠲ᠋ᠧᠷᠢ᠂ ᠲᠥᠮᠥᠰᠥ ᠶᠢᠨ ᠰᠫᠣᠷᠲᠤ ᠰᠠᠪᠬᠠᠨᠴᠢᠷ ᠪᠠᠺᠲ᠋ᠧᠷᠢ ᠵᠡᠷᠭᠡ ᠨᠢ ᠮᠢᠬ᠎ᠠ ᠶᠢ ᠢᠯᠵᠢᠷᠡᠭᠦᠯᠳᠡᠭ᠃ ᠮᠢᠬᠠᠨ ᠤ ᠪᠣᠭᠤᠳᠠᠯ ᠪᠠᠭᠯᠠᠭ᠎ᠠ ᠶᠢᠨ ᠮᠠᠲ᠋ᠧᠷᠢᠶᠠᠯ ᠢ OPS ︵ᠤᠷᠲᠤᠳᠬᠠᠭᠰᠠᠨ ᠪᠦᠭᠡᠭᠡᠨᠡᠷᠡᠯ ᠹᠧᠨ᠋ᠽᠧᠨ᠋ᠲᠦ ᠡᠲ᠋ᠢᠯᠸᠡ 延 伸聚苯乙烯︶᠂ HIPS ︵ᠳᠠᠭᠠᠷᠢᠯᠲᠠ ᠳᠤ ᠲᠡᠰᠪᠦᠷᠢᠲᠡᠢ ᠪᠦᠭᠡᠭᠡᠨᠡᠷᠡᠯ ᠹᠧᠨ᠋ᠽᠧᠨ᠋ᠲᠦ ᠡᠲ᠋ᠢᠯᠸᠡ 耐冲 击聚苯乙烯︶ ᠪᠠᠷ ᠲᠠᠪᠠᠭ ᠬᠢᠵᠦ᠂ ᠤᠷᠲᠤᠳᠬᠠᠭᠰᠠᠨ ᠪᠦᠭᠡᠭᠡᠨᠡᠷᠡᠯ ᠹᠧᠨ᠋ᠽᠧᠨ᠋ᠲᠦ ᠡᠲ᠋ᠢᠯᠸᠡ ᠨᠢᠮᠭᠡᠨ ᠰᠦᠯᠢᠶᠣᠣ ᠪᠠᠷ ᠭᠠᠳᠠᠷ ᠪᠣᠭᠤᠳᠠᠯ ᠤᠨ ᠮᠠᠲ᠋ᠧᠷᠢᠶᠠᠯ ᠪᠣᠯᠭᠠᠪᠠᠯ᠂ 10 ℃ ᠲᠤ 3- 4 ᠡᠳᠦᠷ ᠬᠠᠳᠠᠭᠠᠯᠠᠵᠤ ᠪᠣᠯᠬᠤ ᠪᠦᠭᠡᠳ᠂ ᠪᠣᠭᠤᠳᠠᠯᠯᠠᠬᠤ ᠤᠷ᠎ᠠ ᠮᠡᠷᠭᠡᠵᠢᠯ ᠤᠨ ᠪᠦᠬᠦ ᠶᠠᠪᠤᠴᠠ ᠶᠢ ᠠᠦ᠋ᠲ᠋ᠣᠴᠢᠯᠠᠭᠰᠠᠨ ᠪᠠᠶᠢᠳᠠᠭ᠃ ᠢᠳᠡᠰᠢᠨ ᠮᠢᠬᠠᠨ ᠤ ᠬᠠᠳᠠᠭᠠᠯᠠᠬᠤ ᠬᠤᠭᠤᠴᠠᠭ᠎ᠠ ᠶᠢ ᠤᠷᠲᠤᠳᠬᠠᠬᠤ ᠶᠢᠨ ᠲᠥᠯᠥᠭᠡ᠂ ᠬᠡᠶᠢᠲᠦ ᠪᠠᠭᠯᠠᠭ᠎ᠠ ᠪᠠᠷ ᠪᠣᠭᠤᠳᠠᠯᠯᠠᠬᠤ ᠠᠷᠭ᠎ᠠ ᠶᠢ ᠬᠡᠷᠡᠭᠯᠡᠨ᠎ᠡ᠃ ᠦᠬᠡᠷ ᠢ ᠨᠢᠲᠤᠯᠠᠭᠰᠠᠨ ᠤ ᠳᠠᠷᠠᠭ᠎ᠠ ᠳᠣᠤᠷ᠎ᠠ ᠳᠤᠯᠠᠭᠠᠨ ᠳᠤ ᠰᠢᠶ᠋ᠳᠪᠦᠷᠢᠯᠡᠵᠦ᠂ ᠲᠣᠭᠲᠠᠭᠰᠠᠨ ᠬᠡᠮᠵᠢᠶ᠎ᠡ ᠪᠠᠷᠢᠮᠵᠢᠶ᠎ᠠ ᠪᠠᠷ ᠬᠡᠷᠴᠢᠨ᠂ ᠮᠢᠬ᠎ᠠ ᠶᠢᠨ ᠳᠤᠯᠠᠭᠠᠨ ᠢ 5 ℃ ᠠᠴᠠ ᠳᠣᠷᠣᠭᠰᠢ ᠪᠠᠶᠢᠯᠭᠠᠵᠤ᠂ PVC/PE ᠰᠠᠪᠠᠨ ᠳᠤ ᠬᠢᠵᠦ᠂ ᠬᠦᠴᠢᠯᠲᠥ᠋ᠷᠥᠭᠴᠢ ᠪᠣᠯᠤᠨ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠤᠨ ᠬᠤᠯᠢᠮᠠᠭ ᠬᠡᠢ ᠪᠠᠷ ᠰᠠᠪᠠᠨ ᠳᠣᠲᠣᠷᠠᠬᠢ ᠬᠡᠢ ᠶᠢ ᠰᠤᠯᠢᠵᠤ᠂ ᠪᠦᠭᠡᠭᠡᠨᠡᠷᠡᠯ ᠸᠢᠨᠢᠯᠢᠳᠧᠨ ᠾᠯᠣᠷᠢᠳ᠋ ︵聚偏二氯乙烯︶ ᠪᠠᠷ ᠲᠠᠰᠤᠯᠭ᠎ᠠ ᠪᠣᠯᠭᠠᠵᠤ᠂ ᠳᠠᠬᠢᠨ ᠪᠢᠳᠡᠭᠦᠮᠵᠢᠯᠡᠨ᠎ᠡ᠃ ᠬᠦᠴᠢᠯᠳᠦ᠋ᠷᠦᠭᠴᠢ ᠪᠣᠯᠣᠨ ᠦᠬᠡᠷ ᠤᠨ ᠮᠢᠬᠠᠨ ᠤ ᠪᠤᠯᠴᠢᠩ ᠤᠨ ᠤᠯᠠᠭᠠᠨ ᠤᠭᠤᠷᠠᠭ ᠨᠢ ᠨᠡᠶᠢᠯᠡᠭᠡᠳ ᠢᠰᠦᠯᠳᠦᠭᠰᠡᠨ ᠪᠤᠯᠴᠢᠩ ᠤᠨ ᠤᠯᠠᠭᠠᠨ ᠤᠭᠤᠷᠠᠭ ᠪᠣᠯᠵᠤ᠂ ᠦᠬᠡᠷ ᠤᠨ ᠮᠢᠬᠠᠨ ᠤ ᠰᠢᠨ᠎ᠡ ᠰᠣᠷᠭᠤᠭ ᠤᠯᠠᠭᠠᠨ ᠥᠩᠭᠡ ᠶᠢ ᠪᠠᠲᠤᠯᠠᠵᠤ᠂ ᠨᠡᠭᠦᠷᠡᠰᠦᠲᠥ᠋ᠷᠥᠭᠴᠢ ᠶᠢᠨ ᠳᠠᠪᠬᠤᠷ ᠢᠰᠦᠯ ᠪᠣᠯᠤᠨ ᠦᠬᠡᠷ ᠤᠨ ᠮᠢᠬᠠᠨ ᠳᠠᠬᠢ ᠤᠰᠤ ᠲᠠᠢ ᠨᠡᠶᠢᠯᠡᠵᠦ᠂ ᠨᠡᠭᠦᠷᠡᠰᠦᠬᠦ᠋ᠴᠢᠯ ᠡᠭᠦᠰᠴᠦ᠂ PH ᠬᠡᠮᠵᠢᠭᠳᠡᠯ ᠢ ᠪᠠᠭᠤᠷᠠᠭᠤᠯᠤᠨ᠂ ᠪᠠᠺᠲ᠋ᠧᠷᠢ ᠶᠢᠨ ᠥᠰᠥᠯᠲᠡ ᠶᠢ ᠬᠤᠷᠢᠭᠯᠠᠨ᠎ᠠ᠃ ᠬᠡᠶᠢᠲᠦ ᠪᠠᠭᠯᠠᠭ᠎ᠠ ᠪᠠᠷ ᠪᠠᠭᠯᠠᠭᠰᠠᠨ ᠢᠳᠡᠰᠢᠨ ᠮᠢᠬ᠎ᠠ ᠶᠢ 2 ℃-3 ℃ ᠤᠨ ᠳᠤᠯᠠᠭᠠᠨ ᠳᠤ ᠬᠠᠳᠠᠭᠠᠯᠠᠪᠠᠯ ᠬᠠᠮᠤᠭ ᠰᠠᠶᠢᠨ᠃ ᠬᠥᠷᠦᠭᠡᠭᠰᠡᠨ ᠦᠬᠡᠷ ᠤᠨ ᠮᠢᠬ᠎ᠠ ᠬᠦᠷᠦᠭᠡᠭᠰᠡᠨ ᠦᠬᠡᠷ ᠤᠨ ᠮᠢᠬ᠎ᠠ ᠪᠣᠯ ᠭᠠᠷᠤᠯᠲᠠ ᠶᠢᠨ ᠣᠷᠣᠨ ᠳᠤ ᠦᠬᠡᠷ ᠤᠨ ᠮᠢᠬ᠎ᠠ ᠶᠢ ᠬᠡᠷᠴᠢᠵᠦ᠂ ᠴᠡᠪᠡᠷ ᠬᠤᠭᠤᠰᠣᠨ ᠢᠶᠠᠷ ᠪᠠᠭᠯᠠᠵᠤ ᠵᠠᠬ᠎ᠠ ᠳᠡᠯᠭᠡᠭᠦᠷ ᠲᠤ ᠬᠠᠩᠭᠠᠳᠠᠭ᠃ ᠭᠤᠶ᠎ᠠ ᠶᠢᠨ ᠮᠢᠬ᠎ᠠ ᠶᠢ ᠬᠦᠷᠦᠭᠡᠭᠰᠡᠨ ᠮᠢᠬ᠎ᠠ ᠪᠣᠯᠭᠠᠬᠤ ᠨᠢ ᠪᠣᠭᠤᠳᠠᠯᠯᠠᠭᠰᠠᠨ ᠤ ᠳᠠᠷᠠᠭ᠎ᠠ ᠪᠤᠯᠭᠤᠵᠤ᠂ ᠠᠷᠢᠭᠤᠳᠬᠠᠨ ᠴᠡᠪᠡᠷᠯᠡᠵᠦ᠂ ᠮᠢᠬᠠᠨ ᠤ ᠭᠠᠳᠠᠷᠭᠤ ᠨᠢ ᠬᠠᠭᠤᠷᠠᠶᠢᠳᠠᠬᠤ ᠠᠴᠠ ᠰᠡᠷᠭᠡᠶᠢᠯᠡᠬᠦ ᠵᠢᠴᠢ ᠠᠶᠠᠨᠳᠠᠭᠠᠨ ᠤ ᠬᠤᠷᠣᠭᠳᠠᠬᠤ᠂ ᠭᠡᠷᠡᠯ ᠪᠠ ᠬᠦᠴᠢᠯᠲᠥ᠋ᠷᠥᠭᠴᠢ ᠳᠤ ᠮᠢᠬᠠᠨ ᠤ ᠥᠩᠭᠡ ᠶᠢᠨ ᠬᠤᠪᠢᠷᠠᠯᠲᠠ ᠭᠠᠷᠬᠤ ᠶᠢ ᠰᠡᠷᠭᠡᠶᠢᠯᠡᠬᠦ᠂ ᠮᠢᠺᠷᠣᠪ ᠤᠨ ᠥᠰᠥᠯᠲᠡ ᠶᠢ ᠬᠤᠷᠢᠭᠯᠠᠨ᠂ ᠤᠷᠲᠤ ᠬᠤᠭᠤᠴᠠᠭ᠎ᠠ ᠪᠠᠷ ᠰᠢᠨ᠎ᠡ ᠰᠣᠷᠭᠤᠭ ᠪᠠᠶᠢᠬᠤ ᠶᠢ ᠪᠠᠲᠤᠯᠠᠬᠤ ᠶᠢᠨ ᠲᠥᠯᠥᠭᠡ ᠶᠤᠮ᠃ ᠬᠦᠷᠦᠭᠡᠭᠰᠡᠨ ᠦᠬᠡᠷ ᠤᠨ ᠮᠢᠬᠠᠨ ᠤ ᠪᠣᠭᠤᠳᠠᠯ ᠪᠠᠭᠯᠠᠭ᠎ᠠ ᠳᠤ ᠬᠡᠷᠡᠭᠯᠡᠬᠦ ᠮᠠᠲ᠋ᠧᠷᠢᠶᠠᠯ ᠨᠢ ᠣᠯᠠᠨ ᠳᠠᠪᠬᠤᠷᠭᠠᠲᠤ ᠨᠢᠮᠭᠡᠨ ᠰᠦᠯᠢᠶᠣᠣ ᠪᠦᠷᠬᠦᠭᠦᠯ ᠢ ᠳᠠᠷᠤᠵᠤ ᠪᠦᠲᠦᠭᠡᠳᠡᠭ᠂ ᠠᠪᠴᠢᠬᠤ ᠬᠡᠯᠪᠡᠷᠢ ᠶᠢᠨ ᠬᠢᠨᠢ PE/NY/EVE ᠪᠦᠷᠬᠦᠭᠦᠯ᠂ NY/EVA ᠪᠦᠷᠬᠦᠭᠦᠯ᠂ NY/10NOMER ᠪᠦᠷᠬᠦᠭᠦᠯ᠂ NY/PE/EVA ᠪᠦᠷᠬᠦᠭᠦᠯ᠂ NY/10NOMER/EVA ᠪᠦᠷᠬᠦᠭᠦᠯ᠂ NY/PE ᠪᠦᠷᠬᠦᠭᠦᠯ ᠪᠠ NY/10NOMER/PE ᠪᠦᠷᠬᠦᠭᠦᠯ ᠪᠣᠯᠤᠨ᠎ᠠ᠃ ᠠᠮᠧᠷᠢᠺᠠ ᠶᠢᠨ ᠬᠢᠨ ᠨᠢ ᠴᠡᠪᠡᠷ ᠬᠤᠭᠤᠰᠣᠨ ᠢᠶᠠᠷ ᠪᠣᠭᠤᠳᠠᠯᠯᠠᠬᠤ ᠠᠴᠠ ᠡᠮᠦᠨ᠎ᠡ ᠵᠢᠴᠢ ᠡᠳ᠋ᠰᠢᠭᠦᠯᠦᠨ ᠪᠣᠯᠪᠠᠰᠤᠷᠠᠭᠤᠯᠬᠤ ᠶᠠᠪᠤᠴᠠ ᠶᠢᠨ ᠪᠠᠺᠲ᠋ᠧᠷᠢ ᠶᠢᠨ ᠲᠤᠭ᠎ᠠ ᠶᠢ ᠪᠠᠭᠠᠰᠬᠠᠬᠤ ᠶᠢᠨ ᠲᠥᠯᠥᠭᠡ᠂ ᠮᠢᠬᠠᠨ ᠤ ᠦᠶ᠋ᠯᠡᠳᠪᠦᠷᠢ ᠳᠤ ᠲᠤᠰᠬᠠᠢ ᠤᠬᠢᠶᠠᠯᠭ᠎ᠠ ᠶᠢᠨ ᠡᠳ᠋ ᠢᠶᠠᠷ ᠮᠠᠰᠢᠨ ᠲᠦᠭᠦᠭᠡᠷᠦᠮᠵᠢ ᠪᠠ ᠪᠠᠭᠠᠵᠢ ᠬᠡᠷᠡᠭᠰᠡᠯ ᠢ ᠤᠬᠢᠶᠠᠭᠰᠠᠨ ᠤ ᠳᠠᠷᠠᠭ᠎ᠠ᠂ ᠢᠣᠳ᠋ ᠵᠡᠷᠭᠡ ᠪᠠᠺᠲ᠋ᠧᠷᠢ ᠠᠯᠠᠬᠤ ᠡᠳ᠋ ᠢᠶᠠᠷ ᠪᠠᠺᠲ᠋ᠧᠷᠢ ᠠᠯᠠᠳᠠᠭ᠃ ᠥᠨᠳᠥᠷ ᠲᠠᠷᠤᠴᠠᠲᠤ ᠪᠦᠭᠡᠭᠡᠨᠡᠷᠡᠯ ᠡᠲ᠋ᠧᠨ ︵聚乙烯︶ ᠤᠭᠤᠲᠠ ᠪᠠᠷ ᠪᠠᠭᠯᠠᠵᠤ᠂ ᠪᠠᠭᠯᠠᠬᠤ ᠠᠴᠠ ᠡᠮᠦᠨ᠎ᠡ ᠭᠠᠳᠠᠷᠭᠤ ᠶᠢᠨ ᠤᠰᠤ ᠶᠢ ᠨᠢ ᠱᠦᠭᠦᠷᠡᠭᠦᠯᠦᠨ᠎ᠡ᠂ ᠡᠰᠡᠪᠡᠯ ᠬᠥᠯᠳᠡᠭᠡᠭᠰᠡᠨ ᠤ ᠳᠠᠷᠠᠭ᠎ᠠ ᠭᠠᠳᠠᠷᠭᠤ ᠳᠤᠨᠢ ᠲᠤᠩ ᠢᠯᠡᠷᠬᠡᠶ ᠮᠦᠰᠦᠳᠡᠬᠦ ᠦᠵᠡᠭᠳᠡᠯ ᠭᠠᠷᠤᠨ᠎ᠠ᠃ ᠲᠦᠭᠦᠬᠡᠶ ᠮᠢᠬ᠎ᠠ ᠶᠢ ᠬᠠᠭᠠᠰ ᠭᠡᠰᠬᠡᠭᠰᠡᠨ ᠤ ᠳᠠᠷᠠᠭ᠎ᠠ ᠵᠥᠭᠡᠯᠡᠷᠡᠭᠦᠯᠦᠨ ᠳᠡᠪᠲᠦᠭᠡᠬᠦ ᠪᠠᠷ ᠳᠠᠮᠵᠢᠨ ᠪᠦᠷᠢᠮᠦᠰᠦᠨ ᠭᠡᠰᠦᠨ᠎ᠡ᠂ ᠬᠡᠷᠪᠡ ᠴᠠᠭ ᠲᠤᠬᠠᠶ ᠳᠤᠨᠢ ᠬᠦᠯᠳᠡᠭᠡᠬᠦ ᠦᠭᠡᠢ ᠪᠣᠯ ᠦᠩᠭᠡ ᠨᠢ ᠪᠤᠳᠠᠩᠭᠤᠶᠢᠷᠠᠵᠤ ᠂ ᠰᠢᠨ᠎ᠡ ᠰᠣᠷᠭᠤᠭ ᠪᠠᠶᠢᠳᠠᠯ ᠢᠶᠠᠨ ᠠᠯᠳᠠᠨ᠎ᠠ᠂ ᠬᠥᠯᠳᠡᠭᠡᠬᠦ ᠳᠤᠯᠠᠭᠠᠴᠠ ᠨᠢ -18 ℃ ᠳᠤ 3 ᠴᠠᠭ ᠬᠡᠷᠡᠭᠰᠡᠨ᠎ᠡ᠃
 
ᠢᠷᠡᠯᠲᠡ᠄ ᠦᠪᠦᠷ ᠮᠣᠩᠭᠤᠯ ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠤᠨ ᠤ ᠲᠢᠩᠬᠢᠮ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号