ᠲᠠᠶᠢᠹᠤᠰᠧ ᠬᠤᠰᠢᠭᠤ᠄  ᠬᠤᠩ  ᠴᠢ ᠪᠠᠯᠭᠠᠰᠤᠨ ᠤ ᠲᠠᠷᠢᠶᠠᠴᠢᠳ ︽ᠨᠠᠶᠢᠳᠠᠵᠤ ᠮᠠᠯᠵᠢᠭᠤᠯᠬᠤ︾  ᠶᠢᠨ ᠠᠰᠢᠭ ᠢ ᠬᠦᠷᠳᠡᠨ᠎ᠡ
ᠨᠡᠶᠢᠲᠡᠯᠡᠭᠰᠡᠨ ᠴᠠᠭ᠄
2020/4/20
   ᠤᠶᠢᠷ᠎ᠠ ᠶᠢᠨ ᠵᠢᠯ ᠳᠤ᠂ ᠲᠠᠶᠢᠹᠤᠰᠧ ᠬᠤᠰᠢᠭᠤ ︽ᠮᠠᠯᠵᠢᠯ ᠤᠨ ᠲᠠᠯᠠᠪᠠᠢ + ᠶᠠᠳᠠᠭᠤ ᠬᠦᠴᠢᠷᠳᠡᠯᠳᠡᠢ ᠡᠷᠦᠬᠡ︾ ᠶᠢᠨ ᠨᠠᠶᠢᠳᠠᠵᠤ ᠮᠠᠯᠵᠢᠬᠤ ᠠᠷᠭ᠎ᠠ ᠬᠡᠯᠪᠡᠷᠢ ᠶᠢ ᠰᠦᠪᠡᠭᠴᠢᠯᠡᠨ  ᠡᠬᠦᠳᠦᠬᠡᠳ᠂ ᠶᠠᠳᠠᠭᠤ ᠬᠦᠴᠢᠷᠳᠡᠯᠳᠡᠢ ᠡᠷᠦᠬᠡ  ᠶᠢᠨ ᠪᠡᠯᠡ  ᠤᠷᠤᠭᠤᠯᠤᠯᠳᠠ ᠶᠢᠨ ᠲᠦᠭᠰᠢᠬᠦᠷᠢ ᠶᠢ ᠪᠦᠳᠦᠮᠵᠢᠳᠡᠢ ᠪᠠᠭᠠᠰᠬᠠᠵᠤ᠂ ᠶᠠᠳᠠᠭᠤ ᠬᠦᠴᠢᠷᠳᠡᠯᠳᠡᠢ ᠡᠷᠦᠬᠡ ᠪᠠ ᠠᠵᠤ ᠠᠬᠤᠶᠢᠯᠠᠯ ᠤᠨ ︽ᠬᠤᠤᠰ ᠠᠰᠢᠭ︾ ᠢ ᠪᠡᠶᠡᠯᠡᠬᠦᠯᠦᠨ᠂  ᠮᠠᠯᠴᠢᠨ ᠲᠠᠷᠢᠶᠠᠴᠢᠨ ᠤ ᠤᠷᠤᠯᠭ᠎ᠠ ᠪᠠᠨ ᠨᠡᠮᠡᠭᠳᠡᠬᠦᠯᠦᠨ ᠪᠠᠶᠠᠵᠢᠨ ᠴᠢᠨᠡᠭᠡᠯᠢᠭᠵᠢᠬᠦ ᠳᠤ ᠨᠢᠬᠡᠨ ᠵᠤᠷᠪᠤᠰ ᠰᠢᠨ᠎ᠡ ᠵᠠᠮ ᠢ ᠨᠡᠬᠡᠬᠡᠭᠰᠡᠨ ᠪᠠᠶᠢᠨ᠎ᠠ᠃     ᠴᠧᠩ ᠯᠢᠶᠠᠩ ᠢᠤᠢ ᠪᠤᠯ ᠬᠤᠩ ᠴᠢ ᠪᠠᠯᠭᠠᠰᠤᠨ ᠤ ᠰᠢᠨ ᠵᠦᠩ ᠲᠤᠰᠬᠤᠨ ᠤ ᠲᠠᠷᠢᠶᠠᠴᠢᠨ᠃   ᠡᠳᠡᠨᠡᠶᠢᠬᠢᠨ   ᠶᠢᠨ ᠱᠠᠨ ᠮᠠᠯᠵᠢᠯ ᠤᠨ ᠲᠠᠯᠠᠪᠠᠢ ᠲᠠᠢ  ︽ᠨᠠᠶᠢᠳᠠᠵᠤ ᠮᠠᠯᠵᠢᠬᠤ︾ ᠭᠡᠷ᠎ᠡ  ᠲᠤᠭᠳᠠᠭᠠᠳ᠂  ᠶᠠᠳᠠᠭᠤ  ᠶᠢ ᠳᠡᠳᠬᠦᠬᠦ ᠲᠦᠷᠦᠯ ᠵᠦᠢᠯ ᠤᠨ ᠪᠡᠯᠡ ᠮᠦᠩᠬᠦ ᠪᠠᠷ ᠬᠤᠳᠠᠯᠳᠤᠨ ᠠᠪᠤᠭᠰᠠᠨ ᠦᠬᠡᠷ ᠢᠶᠠᠨ ᠮᠠᠯᠵᠢᠯ ᠤᠨ ᠲᠠᠯᠠᠪᠠᠢ  ᠳᠤ ᠲᠤᠰᠢᠶᠠᠨ ᠮᠠᠯᠵᠢᠭᠤᠯᠵᠤ  ᠦᠯᠡᠮᠵᠢᠬᠡᠨ ᠤᠷᠤᠯᠭ᠎ᠠ ᠡᠬᠦᠳᠴᠡᠢ᠃  ︽ ᠡᠨᠡ  ᠲᠦᠷᠦ ᠶᠢᠨ ᠪᠤᠳᠤᠯᠭ᠎ᠠ ᠦᠨᠡᠬᠡᠷ ᠰᠠᠶᠢᠨ᠂  ᠪᠢᠳᠡᠨ ᠳᠤ ᠦᠨᠡᠨ ᠪᠤᠳᠠᠳᠠᠢ ᠠᠰᠢᠭ ᠬᠦᠷᠳᠡᠬᠡᠵᠡᠢ᠂ ᠨᠢᠬᠡ ᠦᠬᠡᠷ ᠢᠶᠠᠨ ᠨᠠᠶᠢᠳᠠᠵᠤ ᠮᠠᠯᠵᠢᠭᠤᠯᠤᠭᠠᠳ ᠵᠢᠯ ᠤᠨ 1500  ᠲᠦᠬᠦᠷᠢᠭ ᠤᠨ ᠠᠰᠢᠭ ᠬᠦᠷᠳᠡᠵᠦ ᠪᠠᠶᠢᠨ᠎ᠠ  ᠂  ᠴᠠᠭ ᠰᠡᠯᠡᠬᠦᠦ ᠪᠤᠯᠤᠭᠰᠠᠨ ᠢᠶᠠᠷ  ᠬᠤᠰᠢᠭᠤᠨ  ᠲᠡᠭᠡᠷ᠎ᠡ  ᠬᠦᠯᠦᠰᠦᠨ ᠤ ᠠᠵᠢᠯ ᠤᠯᠵᠤ ᠬᠢᠭᠡᠳ ᠪᠠᠰᠠ ᠨᠡᠯᠢᠶᠡᠳ ᠤᠷᠤᠯᠭ᠎ᠠ ᠤᠯᠴᠢᠬᠠᠨ᠎ᠠ  ᠃ ᠮᠢᠨᠦ ᠨᠠᠰᠤ ᠶᠠᠪᠤᠭᠰᠠᠨ ᠪᠤᠯᠬᠤᠷ ᠦᠪᠡᠷᠳᠡᠭᠡᠨ ᠲᠡᠵᠢᠬᠡᠵᠦ ᠮᠠᠯᠵᠢᠨ᠎ᠠ ᠭᠡᠪᠡᠯ ᠲᠤᠩ ᠬᠦᠴᠢᠷ᠂  ᠦᠬᠡᠷ ᠴᠢᠨᠢ ᠡᠪᠡᠳᠴᠦ ᠬᠡᠮᠳᠦᠴᠢᠬᠡᠪᠡᠯ  ᠲᠠᠷᠤᠭᠠᠰᠤ ᠨᠡᠩ ᠬᠦᠨᠳᠦᠷᠡᠨ᠎ᠡ᠃  ᠨᠠᠶᠢᠳᠠᠵᠤ ᠮᠠᠯᠵᠢᠭᠤᠯᠤᠭᠰᠠᠨ ᠠᠴᠠ ᠬᠤᠶᠢᠰᠢ  ᠶᠠᠭᠤᠨ ᠳᠤ ᠴᠤ ᠵᠤᠪᠠᠯᠳᠠ ᠦᠬᠡᠢ᠂ ᠵᠦᠬᠡᠷ ᠰᠠᠭᠤᠭᠠᠳ 1500 ᠲᠦᠬᠦᠷᠢᠭ ᠤᠯᠵᠤ ᠪᠠᠶᠢᠨ᠎ᠠ  ︾ ᠬᠡᠵᠦ ᠴᠧᠩ ᠯᠢᠶᠠᠩ ᠢᠤᠢ ᠰᠡᠳᠬᠢᠯ ᠬᠠᠨᠤᠮᠵᠢᠳᠠᠢ ᠶᠠᠷᠢᠨᠠᠮ᠃     ᠶᠢᠨ ᠱᠠᠨ ᠭᠡᠷ ᠪᠦᠯᠢ ᠶᠢᠨ ᠮᠠᠯᠵᠢᠯ ᠤᠨ ᠲᠠᠯᠠᠪᠠᠢ ᠨᠢ ᠬᠤᠰᠢᠭᠤ ᠵᠠᠰᠠᠭ ᠤᠨ ᠤᠷᠳᠤᠨ ᠤ ᠤᠷᠢᠶᠠᠯᠠᠭ᠎ᠠ ᠶᠢ ᠲᠠᠭᠠᠵᠤ᠂  ︽ᠮᠠᠯᠵᠢᠯ ᠤᠨ ᠲᠠᠯᠠᠪᠠᠢ + ᠶᠠᠳᠠᠭᠤ ᠬᠦᠴᠢᠷᠳᠡᠯᠳᠡᠢ ᠡᠷᠦᠬᠡ︾ ᠶᠢᠨ ᠬᠡᠯᠪᠡᠷᠢ ᠪᠠᠷ  ᠬᠤᠩ ᠴᠢ ᠪᠠᠯᠭᠠᠰᠤᠨ ᠤ 111 ᠶᠠᠳᠠᠭᠤ ᠬᠦᠴᠢᠷᠳᠡᠯᠳᠡᠢ ᠡᠷᠦᠬᠡ ᠶᠢᠨ 153 ᠲᠤᠯᠤᠭᠠᠢ ᠠᠩᠬᠢᠰ ᠬᠠᠷ᠎ᠠ ᠦᠬᠡᠷ ᠢ ᠤᠷᠤᠯᠠᠨ ᠮᠠᠯᠵᠢᠵᠤ᠂  ᠰᠢᠨᠵᠢᠯᠡᠬᠦ ᠤᠬᠠᠭᠠᠨᠴᠢ ᠠᠷᠭ᠎ᠠ ᠮᠡᠷᠭᠡᠵᠢᠯ ᠢᠶᠠᠷ  ᠲᠡᠵᠢᠬᠡᠨ ᠪᠤᠷᠳᠤᠵᠤ  ᠪᠠᠶᠢᠳᠠᠭ᠃ ᠶᠠᠳᠠᠭᠤ ᠬᠦᠴᠢᠷᠳᠡᠯᠳᠡᠢ ᠡᠷᠦᠬᠡ ᠳᠤ ᠵᠢᠯ ᠳᠤ ᠨᠢᠬᠡ ᠦᠬᠡᠷ ᠤᠨ 1500 ᠲᠦᠬᠦᠷᠢᠭ ᠤᠨ ᠠᠰᠢᠭ ᠬᠤᠪᠢᠶᠠᠷᠢᠯᠠᠵᠤ᠂  5 ᠵᠢᠯ ᠢᠶᠠᠷ ᠨᠢᠬᠡ ᠬᠤᠭᠤᠴᠠᠭ᠎ᠠ ᠪᠤᠯᠭᠠᠨ᠎ᠠ᠃  ᠲᠠᠪᠤᠨ ᠵᠢᠯ ᠨᠢ ᠲᠠᠭᠤᠰᠪᠠᠯ ᠦᠷᠬᠦᠯᠵᠢᠯᠡᠨ ᠭᠡᠷ᠎ᠡ ᠲᠤᠭᠳᠠᠬᠤ ᠪᠤᠶᠤ ᠦᠬᠡᠷ ᠢᠶᠠᠨ ᠪᠤᠴᠠᠭᠠᠵᠤ ᠠᠪᠤᠭᠰᠠᠨ ᠴᠤ ᠪᠤᠯᠤᠨ᠎ᠠ᠃  ᠡᠬᠦᠨ ᠤ ᠲᠠᠭᠠᠤ  ᠂  ᠨᠢᠬᠡ ᠪᠦᠯᠦᠭ ᠶᠠᠳᠠᠭᠤ ᠬᠦᠴᠢᠷᠳᠡᠯᠳᠡᠢ ᠡᠷᠦᠬᠡ ᠨᠢ  ᠮᠠᠯᠵᠢᠯ ᠤᠨ ᠲᠠᠯᠠᠪᠠᠢ ᠳᠤ  ᠬᠦᠯᠦᠰᠦᠨ ᠤ ᠠᠵᠢᠯ ᠬᠢᠭᠡᠳ ︽ᠲᠠᠪᠬᠤᠷ ᠤᠷᠤᠯᠭ᠎ᠠ︾ ᠤᠯᠳᠠᠭ ᠪᠠᠶᠢᠨ᠎ᠠ᠃      ᠮᠠᠯᠵᠢᠯ ᠤᠨ ᠲᠠᠯᠠᠪᠠᠢ ᠳᠤ ᠬᠦᠷᠬᠦ ᠳᠤ ᠰᠢᠨ ᠵᠦᠩ ᠲᠤᠰᠬᠤᠨ ᠤ ᠶᠠᠳᠠᠭᠤ ᠬᠦᠴᠢᠷᠳᠡᠯᠳᠡᠢ ᠡᠷᠦᠬᠡ ᠵᠠᠩ ᠮᠠᠨ  ᠶᠠᠭ ᠬᠠᠰᠢᠶ᠎ᠠ ᠲᠠᠢ ᠦᠬᠡᠷ ᠲᠡᠭᠡᠨ ᠡᠪᠡᠰᠦ ᠪᠤᠷᠳᠤᠭ᠎ᠠ ᠶᠢ ᠨᠢ ᠨᠡᠮᠡᠵᠦ  ᠂  ᠲᠠᠷᠭᠤ  ᠰᠠᠶᠢᠳᠠᠢ ᠲᠠᠢ ᠵᠠᠭᠤᠭᠠᠳ ᠦᠬᠡᠷ ︽ᠦᠳᠡ ᠶᠢᠨ ᠬᠤᠭᠤᠯᠠ︾ ᠪᠠᠨ ᠠᠮᠳᠠᠷᠬᠠᠨ ᠢᠳᠡᠨ᠎ᠡ᠃  ᠵᠠᠩ ᠮᠠᠨ  ᠠᠳᠡ ᠠᠵᠢᠯᠯᠠᠭᠠᠳ ᠬᠤᠶᠠᠷ ᠵᠢᠯ ᠢᠯᠡᠬᠦᠦ  ᠪᠤᠯᠵᠠᠢ᠃  ᠮᠠᠵᠢᠯ ᠤᠨ ᠲᠠᠯᠠᠪᠠᠢ ᠠᠴᠠ  ᠢᠳᠡᠵᠦ ᠬᠤᠨᠤᠬᠤ ᠢ ᠨᠢ  ᠬᠠᠮᠢᠶᠠᠷᠬᠤ   ᠠᠴᠠ ᠭᠠᠳᠠᠨ᠎ᠠ ᠴᠠᠯᠢᠩ ᠮᠦᠩᠬᠦ  ᠤᠯᠭᠤᠬᠤ  ᠪᠤᠯᠬᠤᠷ  ᠵᠠᠩ ᠮᠠᠨ  ᠠᠯᠢ ᠡᠷᠳᠡ ᠶᠠᠳᠠᠭᠤ ᠠᠴᠠ ᠠᠩᠬᠢᠵᠢᠷᠠᠭᠰᠠᠨ ᠪᠠᠶᠢᠪᠠ ᠃ ᠤᠳᠤ ᠵᠠᠩ ᠮᠠᠨ ᠲᠠᠢ ᠠᠳᠠᠯᠢ ᠪᠠᠷ ᠮᠠᠯᠵᠢᠯ ᠤᠨ ᠲᠠᠯᠠᠪᠠᠢ ᠳᠤ  ᠬᠦᠯᠦᠰᠦᠨ ᠤ ᠠᠵᠢᠯ ᠬᠢᠵᠦ ᠪᠠᠶᠢᠭ᠎ᠠ  ᠬᠦᠮᠦᠨ 9 ᠪᠠᠶᠢᠵᠤ᠂   ᠬᠦᠮᠦᠨ ᠪᠦᠷᠢ ᠵᠢᠯ ᠳᠤ 4 ᠲᠦᠮᠡᠨ ᠲᠦᠬᠦᠷᠢᠭ ᠤᠨ ᠴᠠᠯᠢᠩ ᠤᠯᠳᠠᠭ ᠭᠡᠨ᠎ᠡ᠃  
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号