ᠤᠯᠠᠭᠠᠨ ᠬᠤᠭᠤᠯᠠᠢ ᠶᠢᠨ ᠲᠦᠭᠵᠢᠷᠡᠯ ᠤᠯᠠᠭᠠᠨ ᠬᠤᠭᠤᠯᠠᠢ ᠳᠤ ᠢᠳᠡᠰᠢ ᠪᠤᠶᠤ ᠪᠤᠰᠤᠳ ᠶᠠᠭᠤᠮ᠎ᠠ ᠤᠷᠤᠵᠤ | ᠲᠦᠭᠵᠢᠵᠦ ᠪᠢᠲᠡᠭᠦᠷᠡᠭᠰᠡᠨ ᠢ ᠤᠯᠠᠭᠠᠨ ᠬᠤᠭᠤᠯᠠᠢ ᠶᠢᠨ ᠲᠦᠭᠵᠢᠷᠡᠯ ᠭᠡᠳᠡᠭ᠃ 【 ᠡᠪᠡᠳᠴᠢᠨ ᠤ ᠰᠢᠯᠲᠡᠭᠠᠨ 】 | ᠤᠯᠠᠭᠠᠨ ᠬᠤᠭᠤᠯᠠᠢ ᠶᠢᠨ ᠲᠦᠭᠵᠢᠷᠡᠯ ᠪᠤᠯ ᠭᠤᠤᠯᠳᠠᠭᠤ ᠢᠳᠡᠰᠢ ᠪᠤᠶᠤ ᠦᠭᠡᠷ᠎ᠡ ᠪᠤᠰᠤᠳ ᠶᠠᠭᠤᠮ᠎ᠠ ᠶᠢ ᠪᠦᠬᠦᠯᠢ | ᠬᠠᠭ᠋ᠤᠯᠢ ᠪᠠᠷ ᠨᠢ ᠵᠠᠯᠭᠢᠭᠰᠠᠨ ᠠᠴᠠ ᠪᠤᠯᠤᠭᠰᠠᠨ ᠶᠤᠮ᠃ ᠲᠤᠬᠠᠶᠢᠯᠠᠪᠠᠯ ᠲᠦᠮᠦᠰᠦ᠂ ᠬᠤ᠋ ᠯᠤᠤᠪᠠᠩ᠂ ᠠᠮᠲᠠᠲᠤ | ᠲᠦᠮᠦᠰᠦ ᠵᠡᠷᠭᠡ ᠲᠦᠮᠦᠰᠦᠯᠢᠭ ᠦᠨᠳᠦᠰᠦ ᠪᠤᠶᠤ ᠲᠦᠮᠦᠰᠦᠯᠢᠭ ᠡᠰᠢᠲᠦ ᠲᠡᠵᠢᠭᠡᠯ ᠪᠤᠷᠳᠤᠭ᠎ᠠ ᠶᠢ ᠵᠢᠵᠢᠭᠯᠡᠨ | ᠬᠡᠷᠴᠢᠬᠦ ᠦᠭᠡᠢ ᠪᠠᠷ ᠲᠡᠵᠢᠭᠡᠬᠦ ᠪᠠ ᠳ᠋ᠸᠦᠪᠢᠩ ᠢ ᠵᠦᠭᠡᠯᠡᠷᠡᠲᠡᠯ᠎ᠡ ᠳᠡᠪᠲᠦᠭᠡᠬᠦ ᠦᠭᠡᠢ ᠪᠠᠷ ᠲᠡᠵᠢᠭᠡᠪᠡᠯ ᠠᠮᠠᠷᠬᠠᠨ | ᠤᠯᠠᠭᠠᠨ ᠬᠤᠭᠤᠯᠠᠢ ᠶᠢᠨ ᠲᠦᠭᠵᠢᠷᠡᠯ ᠤᠯᠤᠨ᠎ᠠ᠃ ᠡᠭᠦᠨ ᠠᠴᠠ ᠭᠠᠳᠠᠨ᠎ᠠ ᠦᠯᠦᠰᠭᠦᠯᠡᠩ ᠦᠬᠡᠷ ᠲᠡᠵᠢᠭᠡᠯ | ᠪᠤᠷᠳᠤᠭ᠎ᠠ ᠶᠢ ᠰᠠᠶᠢᠲᠤᠷ ᠵᠠᠵᠢᠯᠬᠤ ᠦᠭᠡᠢ ᠪᠠᠷ ᠪᠦᠬᠦᠯᠢ ᠬᠠᠭ᠋ᠤᠯᠢ ᠪᠠᠷ ᠵᠠᠯᠭᠢᠬᠤ ᠪᠤᠶᠤ ᠬᠠᠮᠢᠶᠠᠷᠤᠯᠲᠠ ᠨᠢ ᠠᠨᠠᠢ ᠪᠠ | ᠰᠢᠮ᠎ᠡ ᠲᠡᠵᠢᠭᠡᠯ ᠨᠢ ᠬᠦᠷᠦᠯᠴᠡᠬᠦ ᠦᠭᠡᠢ ᠠᠴᠠ ᠪᠤᠯᠵᠤ ᠦᠬᠡᠷ ᠦᠪᠡᠷ ᠤᠨ ᠪᠡᠶ᠎ᠡ ᠳᠡᠭᠡᠷᠡᠬᠢ ᠦᠰᠦ ᠪᠠᠨ ᠳᠤᠯᠢᠶᠠᠬᠤ | ᠂ ᠡᠰᠡᠭᠦᠯ᠎ᠡ ᠦᠭᠡᠷ᠎ᠡ ᠪᠤᠰᠤᠳ ᠶᠠᠭᠤᠮ᠎ᠠ ᠶᠢ ᠵᠠᠯᠭᠢᠨ ᠤᠷᠤᠭᠤᠯᠪᠠᠯ ᠭᠦᠵᠡᠭᠡᠨ ᠳᠤᠨᠢ ᠠᠮᠠᠷᠬᠠᠨ ᠨᠢᠭᠡ ᠪᠦᠭᠡᠮ ᠪᠤᠯᠵᠤ | ᠪᠦᠭᠡᠮᠨᠡᠷᠡᠨ᠎ᠡ᠂ ᠲᠡᠭᠡᠭᠡᠳ ᠦᠬᠡᠷ ᠬᠡᠪᠢᠬᠦ ᠦᠶ᠎ᠡ ᠳᠤ ᠤᠯᠠᠭᠠᠨ ᠬᠤᠭᠤᠯᠠᠢ ᠳᠤᠨᠢ ᠮᠠᠰᠢ ᠠᠮᠠᠷᠬᠠᠨ ᠲᠡᠭᠡᠭᠯᠡᠭᠳᠡᠨ | ᠲᠦᠭᠵᠢᠷᠡᠳᠡᠭ᠃ 【 ᠭᠤᠤᠯ ᠪᠤᠯᠬᠤ ᠰᠢᠨᠵᠢ ᠲᠡᠮᠳᠡᠭ 】 ᠦᠨᠢᠶ᠎ᠡ ᠦᠷᠭᠦᠯᠵᠢ ᠢᠳᠡᠰᠢᠯᠠᠵᠦ ᠪᠠᠶᠢᠬᠤ | ᠳᠤᠮᠳᠠ ᠪᠠᠨ ᠭᠡᠨᠡᠳᠲᠡ ᠡᠪᠡᠳᠴᠢᠯᠡᠨ᠎ᠡ᠂ ᠲᠤᠬᠠᠶᠢᠯᠠᠪᠠᠯ ᠶᠠᠪᠤᠵᠤ ᠭᠢᠰᠭᠢᠬᠦ ᠨᠢ ᠲᠤᠭᠲᠠᠪᠤᠷᠢ ᠦᠭᠡᠢ ᠪᠤᠯᠬᠤ᠂ | ᠲᠤᠯᠤᠭᠠᠢ ᠬᠦᠵᠦᠭᠦᠦ ᠪᠠᠨ ᠰᠤᠨᠢᠶᠠᠬᠤ᠂ ᠲᠤᠯᠤᠭᠠᠢ ᠪᠠᠨ ᠰᠡᠭᠰᠦᠷᠬᠦ᠂ ᠰᠢᠯᠦᠰᠦ ᠪᠠᠨ ᠭᠤᠭᠤᠵᠢᠭᠤᠯᠬᠤ᠂ | ᠬᠤᠭᠤᠰᠤᠨ ᠢᠶᠠᠷ ᠵᠠᠵᠢᠯᠠᠬᠤ ᠵᠡᠷᠭᠡ ᠢᠯᠡᠷᠡᠯ ᠲᠠᠢ ᠶᠤᠮ᠃ ᠤᠯᠠᠭᠠᠨ ᠬᠤᠭᠤᠯᠠᠢ ᠶᠢᠨ ᠲᠦᠭᠵᠢᠷᠡᠯ ᠢ ᠤᠯᠠᠭᠠᠨ | ᠬᠤᠭᠤᠯᠠᠢ ᠶᠢᠨ ᠳᠡᠭᠡᠷ᠎ᠡ ᠬᠡᠰᠡᠭ ᠲᠠᠬᠢ ᠲᠦᠭᠵᠢᠷᠡᠯ ᠪᠠ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠲᠠᠬᠢ | ᠲᠦᠭᠵᠢᠷᠡᠯ ᠭᠡᠵᠦ ᠬᠤᠶᠠᠷ ᠬᠤᠪᠢᠶᠠᠳᠠᠭ᠃ ᠤᠯᠠᠭᠠᠨ ᠬᠤᠭᠤᠯᠠᠢ ᠶᠢᠨ ᠳᠠᠭᠡᠷ᠎ᠡ ᠬᠡᠰᠡᠭ ᠨᠢ ᠲᠦᠭᠵᠢᠷᠡᠪᠡᠯ ᠦᠬᠡᠷ | ᠢᠳᠡᠰᠢᠯᠡᠬᠦ ᠪᠠᠨ ᠵᠤᠭᠰᠤᠨ᠎ᠠ᠂ ᠡᠨᠡ ᠦᠶ᠎ᠡ ᠳᠤ ᠬᠦᠵᠦᠭᠦᠨ ᠤ ᠵᠡᠭᠦᠨ ᠲᠠᠯ᠎ᠠ ᠳᠤᠨᠢ ᠲᠦᠭᠵᠢᠷᠡᠭᠰᠡᠨ ᠶᠠᠭᠤᠮ᠎ᠠ ᠨᠢ | ᠤᠯᠵᠤ ᠬᠠᠷᠠᠭᠳᠠᠬᠤ ᠪᠤᠶᠤ ᠤᠯᠵᠤ ᠲᠡᠮᠲᠡᠷᠢᠭᠳᠡᠨ᠎ᠡ᠃ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠨᠢ ᠲᠦᠭᠵᠢᠷᠡᠪᠡᠯ | ᠲᠦᠭᠵᠢᠷᠡᠭᠰᠡᠨ ᠬᠡᠰᠡᠭ ᠤᠨ ᠳᠡᠭᠡᠷ᠎ᠡ ᠨᠢ ᠰᠢᠯᠦᠰᠦ ᠳᠦᠭᠦᠷᠲᠡᠯ᠎ᠡ ᠬᠤᠷᠠᠵᠤ᠂ ᠤᠯᠠᠭᠠᠨ ᠬᠤᠭᠤᠯᠠᠢ ᠨᠢ ᠳᠠᠯᠠᠨ | ᠶᠡᠬᠡᠳᠦᠭᠡᠳ ᠤᠯᠠᠭᠠᠨ ᠬᠤᠭᠤᠯᠠᠢ ᠶᠢᠨ ᠬᠠᠶᠢᠭᠤᠯ ᠨᠢ ᠲᠦᠭᠵᠢᠷᠡᠭᠰᠡᠨ ᠬᠡᠰᠡᠭ ᠲᠤ ᠰᠠᠭᠠᠲᠠᠭᠤᠯᠤᠭᠳᠠᠨᠠ᠂ | ᠡᠭᠦᠨ ᠠᠴᠠ ᠭᠠᠳᠠᠨ᠎ᠠ ᠭᠦᠵᠡᠭᠡ ᠳᠤᠨᠢ ᠪᠠᠰᠠ ᠬᠡᠢ ᠳᠦᠭᠦᠷᠦᠭᠰᠡᠨ ᠪᠠᠶᠢᠳᠠᠭ᠃ 【 ᠡᠮᠨᠡᠨ ᠵᠠᠰᠠᠬᠤ ᠠᠷᠭ᠎ᠠ 】 | ᠲᠦᠭᠵᠢᠷᠡᠭᠰᠡᠨ ᠶᠠᠭᠤᠮ᠎ᠠ ᠶᠢ ᠨᠢ ᠳᠠᠷᠤᠢ ᠲᠦᠷᠭᠡᠨ ᠠᠪᠴᠤ ᠭᠠᠷᠭᠠᠬᠤ ᠬᠡᠷᠡᠭᠲᠡᠢ᠃ ᠬᠡᠷᠪᠡ ᠭᠦᠵᠡᠭᠡ ᠳᠤᠨᠢ ᠬᠡᠢ | ᠳᠦᠭᠦᠷᠦᠭᠰᠡᠨ ᠪᠤᠯ ᠭᠦᠵᠡᠭᠡ ᠶᠢ ᠨᠢ ᠵᠡᠭᠦᠯᠡᠬᠦ ᠵᠠᠰᠠᠯ ᠢᠶᠠᠷ ᠳᠠᠮᠵᠢᠨ ᠬᠡᠢ ᠶᠢ ᠨᠢ ᠠᠯᠭᠤᠷ ᠵᠶᠠᠷ ᠲᠠᠯᠪᠢᠨ᠎ᠠ᠃ | ᠲᠦᠭᠵᠢᠷᠡᠭᠰᠡᠨ ᠶᠠᠭᠤᠮ᠎ᠠ ᠨᠢ ᠤᠯᠠᠭᠠᠨ ᠬᠤᠭᠤᠯᠠᠢ ᠶᠢᠨ ᠳᠡᠭᠡᠷ᠎ᠡ ᠬᠡᠰᠡᠭ ᠲᠤ ᠪᠠᠶᠢᠪᠠᠯ ᠠᠮᠠᠨ ᠬᠦᠨᠳᠡᠢ ᠪᠠᠷ ᠨᠢ | ᠭᠠᠷᠭᠠᠨ ᠠᠪᠤᠨ᠎ᠠ᠃ ᠡᠭᠦᠨ ᠳᠤ ᠦᠨᠢᠶ᠎ᠡ ᠪᠠᠨ ᠰᠠᠶᠢᠲᠤᠷ ᠬᠦᠯᠢᠵᠦ ᠤᠶᠠᠭᠰᠠᠨ ᠤ ᠳᠠᠷᠠᠭ᠎ᠠ ᠨᠢᠭᠡ ᠬᠦᠮᠦᠨ ᠨᠢ | ᠠᠮᠠ ᠶᠢ ᠨᠢ ᠠᠩᠭᠠᠶᠢᠯᠭᠠᠬᠤ ᠪᠠᠭᠠᠵᠢ ᠪᠠᠷ ᠠᠮᠠ ᠶᠢ ᠨᠢ ᠠᠩᠭᠠᠶᠢᠯᠭᠠᠭᠠᠳ ᠤᠷᠢᠳ ᠢᠶᠠᠷ ᠤᠯᠠᠭᠠᠨ ᠬᠤᠭᠤᠯᠠᠢ ᠳᠤᠨᠢ | 100~200 ᠮᠢᠯᠢᠯᠢᠲ᠋ᠧᠷ ᠤᠨ ᠤᠷᠭᠤᠮᠠᠯ ᠤᠨ ᠲᠤᠰᠤ ᠴᠢᠳᠬᠤᠨ ᠤᠷᠤᠭᠤᠯᠤᠨ᠎ᠠ᠂ ᠲᠡᠭᠡᠭᠡᠳ ᠨᠦᠭᠦᠭᠡ ᠨᠢᠭᠡ | ᠬᠦᠮᠦᠨ ᠨᠢ ᠦᠨᠢᠶ᠎ᠡ ᠶᠢᠨ ᠬᠤᠭᠤᠯᠠᠢ ᠳᠤ ᠲᠦᠭᠵᠢᠷᠡᠭᠰᠡᠨ ᠶᠠᠭᠤᠮ᠎ᠠ ᠶᠢ ᠪᠠᠭᠠᠯᠵᠤᠤᠷ ᠦᠭᠡᠳᠡ ᠲᠦᠯᠬᠢᠨ | ᠤᠶᠢᠷᠠᠲᠤᠭᠤᠯᠤᠭᠠᠳ ᠭᠠᠷ ᠢᠶᠠᠷ ᠢᠶᠠᠨ ᠪᠤᠶᠤ ᠬᠠᠪᠴᠢᠭᠤᠷ ᠢᠶᠠᠷ ᠲᠠᠲᠠᠵᠤ ᠭᠠᠷᠭᠠᠪᠠᠯ ᠪᠤᠯᠴᠢᠬᠠᠨ᠎ᠠ᠃ ᠲᠦᠭᠵᠢᠷᠡᠭᠰᠡᠨ | ᠶᠠᠭᠤᠮ᠎ᠠ ᠨᠢ ᠤᠯᠠᠭᠠᠨ ᠬᠤᠭᠤᠯᠠᠢ ᠶᠢᠨ ᠳᠤᠤᠷ᠎ᠠ ᠬᠡᠰᠡᠭ ᠲᠤ ᠪᠠᠶᠢᠪᠠᠯ᠂ ᠤᠷᠢᠳ ᠵᠶᠠᠷ ᠪᠤᠯᠴᠢᠩ ᠳᠤᠨᠢ ᠺᠢᠯᠤᠭ᠍ᠷᠡᠮ | ᠪᠦᠷᠢ ᠪᠡᠶ᠎ᠡ ᠶᠢᠨ ᠬᠦᠨᠳᠦ ᠳᠤ 1 ᠮᠢᠯᠢᠭᠷᠡᠮ ᠤᠨ ᠡᠾᠯᠤᠷ ᠫᠷᠤᠮᠠᠽᠢᠨ ᠲᠠᠷᠢᠬᠤ ᠪᠤᠶᠤ ᠠᠷᠠᠰᠤᠨ ᠳᠤᠤᠷ᠎ᠠ ᠨᠢ | 16~32 ᠮᠢᠯᠢᠭᠷᠡᠮ ᠤᠨ ᠬᠦᠬᠦᠷ ᠬᠦᠴᠢᠯ ᠤᠨ ᠠᠳ᠋ᠷᠤᠫᠢᠨ ᠲᠠᠷᠢᠬᠤ ᠶᠢᠨ ᠵᠡᠷᠭᠡ ᠪᠠᠷ ᠤᠯᠠᠭᠠᠨ ᠬᠤᠭᠤᠯᠠᠢ ᠳᠤᠨᠢ | 200~300 ᠮᠢᠯᠢᠯᠢᠳ᠋ᠷ ᠤᠨ ᠤᠷᠭᠤᠮᠠᠯ ᠤᠨ ᠲᠤᠰᠤ ᠴᠢᠳᠬᠤᠨ᠎ᠠ᠂ ᠴᠢᠩᠬᠢᠭᠡᠳ ᠬᠤᠲᠤᠭᠤᠲᠤᠨ ᠬᠠᠶᠢᠭᠤᠯ ᠢᠶᠠᠷ | ᠲᠦᠭᠵᠢᠷᠡᠭᠰᠡᠨ ᠶᠠᠭᠤᠮ᠎ᠠ ᠶᠢ ᠨᠢ ᠠᠯᠭᠤᠷ ᠢᠶᠠᠷ ᠭᠦᠵᠡᠭᠡᠨ ᠳᠤᠨᠢ ᠲᠦᠯᠬᠢᠨ ᠤᠷᠤᠭᠤᠯᠤᠨ᠎ᠠ᠃ ᠬᠡᠷᠪᠡ ᠳᠡᠭᠡᠷᠡᠬᠢ | ᠵᠠᠰᠠᠯ ᠢᠶᠠᠷ ᠭᠠᠷᠭᠠᠨ ᠠᠪᠴᠤ ᠳᠡᠶᠢᠯᠬᠦ ᠦᠭᠡᠢ ᠪᠤᠯ ᠡᠷᠬᠡᠪᠰᠢ ᠮᠡᠰᠡ ᠵᠠᠰᠠᠯ ᠬᠢᠬᠦ ᠬᠡᠷᠡᠭᠲᠡᠢ᠂ ᠡᠭᠦᠨ ᠳᠤ ᠳᠠᠷᠤᠢ | ᠭᠦᠵᠦᠭᠦᠨ ᠤ ᠬᠡᠰᠡᠭ ᠲᠠᠬᠢ ᠤᠯᠠᠭᠠᠨ ᠬᠤᠭᠤᠯᠠᠢ ᠶᠢ ᠨᠢ ᠬᠠᠭᠠᠯᠤᠭᠠᠳ ᠲᠦᠭᠵᠢᠷᠡᠭᠰᠡᠨ ᠶᠠᠭᠤᠮ᠎ᠠ ᠶᠢ ᠨᠢ ᠭᠠᠷᠭᠠᠨ | ᠠᠪᠤᠪᠠᠯ ᠪᠤᠯᠴᠢᠬᠠᠨ᠎ᠠ᠃ 【 ᠤᠷᠢᠳᠴᠢᠯᠠᠨ ᠰᠡᠷᠭᠡᠶᠢᠯᠡᠬᠦ ᠠᠷᠭ᠎ᠠ 】 ᠠᠷᠠᠴᠢᠯᠠᠨ ᠬᠠᠮᠢᠶᠠᠷᠤᠯᠲᠠ ᠪᠠᠨ | ᠴᠢᠩᠭᠠᠳᠬᠠᠵᠤ᠂ ᠲᠦᠮᠦᠰᠦᠯᠢᠭ ᠦᠨᠳᠦᠰᠦ ᠪᠠ ᠲᠦᠮᠦᠰᠦᠯᠢᠭ ᠡᠰᠢᠲᠦ ᠲᠡᠵᠢᠭᠡᠯ ᠢ ᠵᠢᠵᠢᠭᠯᠡᠨ ᠬᠡᠷᠴᠢᠭᠡᠳ ᠲᠡᠵᠢᠭᠡᠬᠦ | ᠪᠤᠶᠤ ᠪᠤᠭᠤᠷᠰᠤᠭ ᠤᠨ ᠲᠦᠷᠦᠯ ᠤᠨ ᠲᠡᠵᠢᠭᠡᠯ ᠢ ᠵᠦᠭᠡᠯᠡᠷᠡᠲᠡᠯ᠎ᠡ ᠳᠡᠪᠲᠦᠭᠡᠵᠦ ᠨᠢᠴᠠᠯᠤᠭᠠᠳ ᠲᠡᠵᠢᠭᠡᠬᠦ ᠬᠡᠷᠡᠭᠲᠡᠢ᠃ | ᠦᠬᠡᠷ ᠤᠳ ᠨᠢ ᠲᠡᠵᠢᠭᠡᠯ ᠠᠴᠠ ᠪᠤᠰᠤᠳ ᠶᠠᠭᠤᠮ᠎ᠠ ᠢᠳᠡᠬᠦ ᠶᠢ ᠰᠡᠷᠭᠡᠶᠢᠯᠡᠬᠦ ᠬᠡᠷᠡᠭᠲᠡᠢ᠃ ᠲᠡᠵᠢᠭᠡᠯ ᠪᠤᠷᠳᠤᠭ᠎ᠠ ᠶᠢ ᠨᠢ | ᠲᠤᠭᠲᠠᠭᠤᠨ ᠪᠠᠶᠢᠯᠭᠠᠵᠤ ᠬᠡᠨᠡᠳᠲᠡ ᠪᠠᠷ ᠬᠤᠪᠢᠷᠠᠭᠤᠯᠵᠤ ᠪᠤᠯᠬᠤ ᠦᠭᠡᠢ᠂ ᠢᠳᠡᠪᠦᠷᠢᠲᠡᠢ ᠲᠡᠵᠢᠭᠡᠯ ᠨᠦᠬᠦᠪᠦᠷᠢᠯᠡᠵᠦ | ᠦᠭᠬᠦ ᠳᠡᠭᠡᠨ ᠬᠡᠮᠵᠢᠶ᠎ᠡ ᠶᠢ ᠨᠢ ᠠᠯᠭᠤᠷ ᠢᠶᠠᠷ ᠨᠡᠮᠡᠭᠳᠡᠭᠦᠯᠬᠦ ᠬᠡᠷᠡᠭᠲᠡᠢ᠂ ᠢᠳᠡᠰᠢᠨ ᠳᠤ ᠰᠢᠨᠤᠬᠤ ᠶᠢ ᠨᠢ ᠰᠡᠷᠭᠡᠶᠢᠯᠡᠪᠡᠯ | ᠵᠤᠬᠢᠨ᠎ᠠ᠃ ︵ᠢᠷᠡᠯᠲᠡ᠄ ᠴᠧᠨ ᠪᠠᠭᠠᠲᠤᠷ᠂ ᠢ᠊ · ᠰᠤᠶᠤᠯᠲᠤ ᠨᠠᠷ ᠤᠨ ᠨᠠᠶᠢᠷᠠᠭᠤᠯᠤᠭᠰᠠᠨ ︽ᠰᠦᠨ ᠤ | ᠦᠨᠢᠶᠡᠨ ᠤ ᠠᠷᠠᠴᠢᠯᠠᠭ᠎ᠠ ᠲᠡᠵᠢᠭᠡᠯᠭᠡ ᠶᠢᠨ ᠠᠷᠭ᠎ᠠ ᠮᠡᠷᠭᠡᠵᠢᠯ︾ ᠭᠡᠬᠦ ᠨᠤᠮ ᠠᠴᠠ ᠰᠤᠩᠭᠤᠨ ᠰᠡᠶᠢᠷᠡᠭᠦᠯᠪᠡ᠃︶ |