ᠤᠯᠠᠮᠵᠢᠯᠠᠯᠳᠤ ᠴᠠᠭᠠᠨ ᠢᠳᠡᠭᠡ —  ᠲᠦᠳᠦ
ᠨᠡᠶᠢᠲᠡᠯᠡᠭᠰᠡᠨ ᠴᠠᠭ᠄
2020/3/27
   ᠲᠦᠳᠦ ᠪᠤᠯ ᠲᠦᠪᠡᠳ ᠤᠨ ᠪᠤᠷᠬᠠᠨ ᠤ ᠲᠠᠬᠢᠯ ᠠᠴᠠ ᠢᠷᠡᠯ ᠲᠠᠢ ᠭᠡᠳᠡᠭ᠃   ᠲᠦᠳᠦ ᠬᠢᠬᠦ ᠳᠤ ᠰᠢᠷ᠎ᠠ ᠲᠤᠰᠤ᠂ ᠭᠤᠯᠢᠷ᠂ ᠡᠯᠡᠰᠦᠨ ᠰᠢᠬᠢᠷ᠂  ᠮᠦᠰᠦᠨ ᠰᠢᠬᠢᠷ᠂ ᠴᠦᠴᠦᠭᠡᠢ᠂ ᠬᠠᠭᠤᠷᠤᠭᠰᠠᠨ ᠪᠤᠳᠠᠭ᠎ᠠ᠂  ᠦᠵᠦᠮ ᠵᠡᠷᠭᠡ ᠮᠠᠲ᠋ᠧᠷᠢᠶᠠᠯ ᠭᠡᠷᠡᠭᠰᠡᠨ᠎ᠡ᠃ ᠬᠡᠬᠦ ᠳᠡᠭᠡᠨ ᠰᠢᠷ᠎ᠠ ᠲᠤᠰᠤ ᠪᠡ ᠴᠦᠴᠦᠭᠡᠢ ᠪᠤᠯ ᠡᠷᠭᠡᠪᠰᠢ ᠪᠠᠶᠢᠬᠤ ᠭᠡᠷᠡᠭᠳᠡᠢ᠃  ᠲᠦᠳᠦ ᠬᠢᠬᠦ ᠬᠡᠳᠦᠨ ᠵᠦᠢᠯ ᠤᠨ ᠠᠷᠭ᠎ᠠ ᠪᠤᠢ᠃  ᠨᠢᠬᠡ ᠵᠦᠢᠯ ᠨᠢ᠂  ᠴᠠᠭᠠᠨ ᠭᠤᠯᠢᠷ ᠢᠶᠠᠨ ᠪᠦᠰ ᠲᠡᠭᠡᠷ᠎ᠡ ᠠᠰᠠᠬᠠᠵᠤ ᠵᠢᠩᠨᠡᠨ ᠪᠤᠯᠭᠤᠭᠠᠳ᠂ ᠬᠠᠶᠢᠯᠤᠭᠠᠭᠰᠠᠨ ᠴᠦᠴᠦᠭᠡᠢ ᠲᠠᠢ ᠪᠠᠨ ᠨᠡᠶᠢᠯᠡᠬᠦᠯᠦᠨ ᠨᠤᠬᠤᠵᠤ᠂ ᠲᠡᠭᠡᠷ᠎ᠡ ᠨᠢ ᠰᠢᠷ᠎ᠠ ᠲᠤᠰᠤ᠂ ᠡᠯᠡᠰᠦᠨ ᠰᠢᠬᠢᠷ ᠪᠤᠶᠤ ᠲᠠᠯᠬᠠᠳᠠᠭᠰᠠᠨ ᠮᠦᠰᠦᠨ ᠰᠢᠬᠢᠷ ᠵᠡᠷᠭᠡ ᠪᠠᠨ ᠬᠢᠵᠦ᠂  ᠰᠠᠶᠢᠨ ᠨᠡᠶᠢᠴᠡᠬᠦᠯᠦᠭᠰᠡᠨ ᠤ ᠲᠠᠷᠠᠭ᠎ᠠ ᠠᠳᠠᠯᠢ ᠪᠤᠰᠤ ᠶᠢᠨ ᠵᠢᠷᠤᠭ ᠲᠦᠷᠰᠦ ᠲᠠᠢ ᠵᠢᠵᠢᠭ ᠬᠤᠷᠤᠭᠤᠪᠴᠢᠨ ᠭᠡᠪ ᠲᠤ ᠬᠡᠪᠯᠡᠨ ᠭᠠᠷᠭᠠᠵᠤ᠂ ᠦᠩᠬᠡᠨ ᠲᠠᠯ᠎ᠠ ᠳᠤᠨᠢ ᠤᠯᠠᠭᠠᠨ ᠪᠤᠶᠤ ᠪᠤᠰᠤᠳ ᠦᠩᠬᠡ ᠶᠢᠨ ᠪᠤᠳᠤᠭ ᠲᠠᠯᠪᠢᠵᠤ ᠬᠠᠳᠠᠭᠠᠨ᠎ᠠ᠃  ᠨᠦᠬᠦᠬᠡ ᠠᠷᠭ᠎ᠠ ᠨᠢ᠂ ᠭᠡᠪ ᠤᠨ ᠬᠤᠷᠤᠳ ᠢ ᠰᠠᠶᠢᠳᠤᠷ ᠬᠡᠮᠬᠡᠯᠡᠨ ᠲᠠᠯᠬ᠎ᠠ ᠪᠤᠯᠭᠠᠭᠠᠳ᠂ ᠲᠡᠭᠡᠷ᠎ᠡ ᠨᠢ ᠬᠠᠭᠤᠷᠤᠭᠰᠠᠨ ᠪᠤᠳᠠᠭ᠎ᠠ ᠨᠡᠮᠡᠵᠦ᠂ ᠴᠦᠴᠦᠬᠡᠢ ᠲᠠᠢ ᠪᠠᠨ ᠨᠡᠶᠢᠯᠡᠬᠦᠯᠦᠨ  ᠨᠤᠬᠤᠭᠰᠠᠨ ᠤ ᠲᠠᠷᠠᠭ᠎ᠠ᠂ ᠰᠢᠷ᠎ᠠ ᠲᠤᠰᠤ ᠪᠠ ᠪᠤᠰᠤᠳ ᠠᠮᠳᠠᠳᠠᠢ ᠵᠦᠢᠯ ᠢᠶᠠᠨ ᠨᠡᠮᠡᠵᠦ ᠬᠡᠪᠯᠡᠨ ᠭᠠᠷᠭᠠᠨ᠎ᠠ᠃ ᠪᠠᠰᠠ ᠨᠢᠬᠡ ᠠᠷᠭ᠎ᠠ ᠨᠢ᠂ ᠴᠠᠭᠠᠨ ᠪᠤᠳᠠᠭ᠎ᠠ ᠪᠤᠶᠤ  ᠬᠤᠨᠤᠭ ᠪᠤᠳᠠᠭ᠎ᠠ ᠶᠢ ᠠᠭᠰᠢᠭᠠᠭᠠᠳ ᠴᠦᠴᠦᠬᠡᠢ ᠲᠠᠢ ᠪᠠᠨ ᠬᠤᠯᠢᠨ ᠨᠤᠬᠤᠵᠤ᠂ ᠲᠡᠭᠡᠷ᠎ᠡ ᠨᠢ  ᠤᠬᠢᠶᠠᠵᠤ ᠲᠡᠪᠳᠦᠭᠡᠭᠰᠡᠨ ᠦᠵᠦᠮ᠂ ᠰᠢᠬᠢᠷ ᠢ ᠰᠢᠷ᠎ᠠ ᠲᠤᠰᠤ ᠲᠠᠢ ᠨᠡᠶᠢᠴᠡᠬᠦᠯᠵᠦ ᠨᠢᠬᠡ ᠴᠤᠭᠴᠠ ᠪᠤᠯᠭᠠᠭᠠᠳ ᠭᠡᠪᠯᠡᠵᠦ ᠭᠠᠷᠭᠠᠨ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号