ᠤᠯᠠᠮᠵᠢᠯᠠᠯᠳᠤ ᠴᠠᠭᠠᠨ ᠢᠳᠡᠭᠡ — ᠦᠷᠦᠮ᠎ᠡ
ᠨᠡᠶᠢᠲᠡᠯᠡᠭᠰᠡᠨ ᠴᠠᠭ᠄
2020/3/27
  ᠦᠷᠦᠮ᠎ᠡ ᠪᠤᠯ ᠰᠦ  ᠶᠢ ᠬᠦᠭᠡᠷᠦᠬᠦᠯᠵᠦ ᠪᠤᠯᠪᠠᠰᠤᠷᠠᠭᠤᠯᠤᠭᠰᠠᠨ ᠢᠳᠡᠭᠡᠨ᠃  ᠨᠠᠮᠤᠷ  ᠤᠨ ᠰᠡᠬᠦᠯᠴᠢ  ᠪᠠᠷ ᠰᠦ ᠦᠳᠭᠡᠷᠡᠬᠦ ᠦᠶᠡᠰ ᠦᠷᠦᠮ᠎ᠡ  ᠬᠦᠭᠡᠷᠦᠬᠦᠯᠵᠦ ᠠᠪᠤᠨ᠎ᠠ᠂ ᠢᠩᠬᠢᠪᠡᠯ ᠦᠷᠦᠮ᠎ᠡ ᠨᠢ ᠲᠤᠰᠤᠯᠢᠭ ᠵᠤᠵᠠᠭᠠᠨ ᠪᠤᠯᠳᠠᠭ᠃  ᠦᠷᠦᠮ᠎ᠡ ᠬᠦᠭᠡᠷᠦᠬᠦᠯᠬᠦ  ᠳᠤ ᠰᠦ  ᠪᠠᠨ ᠲᠤᠭᠤᠭᠠᠨ  ᠳᠤ ᠬᠢᠵᠦ ᠬᠦᠭᠡᠷᠦᠬᠦᠯᠦᠭᠡᠳ ᠤᠯᠠᠨ ᠤᠳᠠᠭ᠎ᠠ ᠰᠠᠮᠤᠷᠤᠨ᠎ᠠ᠂ ᠭᠠᠯ  ᠤᠨ ᠢᠯᠴᠢ ᠪᠠᠭᠤᠷᠠᠬᠤ  ᠶᠢ ᠲᠠᠭᠠᠨ ᠬᠦᠭᠡᠰᠦ ᠨᠢ ᠵᠠᠮᠬᠠᠷᠠᠵᠤ ᠴᠤᠬᠤᠷᠳᠠᠨ ᠬᠦᠷᠦᠰᠦᠯᠡᠨ᠎ᠡ᠂ ᠡᠨ᠋ᠨ ᠦᠶ᠎ᠡ  ᠳᠤ ᠭᠠᠯ  ᠤᠨ ᠬᠦᠴᠦ  ᠶᠢ ᠪᠠᠭᠠᠰᠬᠠᠨ᠎ᠠ᠂ ᠲᠤᠰᠤᠯᠢᠭ ᠢ ᠨᠢ ᠵᠤᠵᠠᠭᠠᠷᠠᠭᠤᠯᠬᠤ  ᠶᠢᠨ ᠲᠦᠯᠦᠬᠡ ᠲᠤᠭᠤᠭᠠᠨ  ᠳᠤ ᠨᠠᠭᠠᠯᠳᠤᠭᠰᠠᠨ ᠬᠦᠪᠡᠭᠡ  ᠶᠢ ᠨᠢ ᠬᠤᠰᠤᠭᠤᠷ  ᠢᠶᠠᠷ ᠰᠠᠯᠭᠠᠨ ᠡᠳᠦᠷ  ᠲᠤ ᠬᠡᠳᠦ ᠤᠳᠠᠭ᠎ᠠ ᠰᠦ ᠨᠡᠮᠡᠨ᠎ᠡ᠂ ᠰᠦ ᠤᠯᠠᠨ ᠨᠡᠮᠡᠪᠡᠯ ᠦᠷᠦᠮ᠎ᠡ ᠵᠤᠵᠠᠭᠠᠨ ᠪᠤᠯᠤᠨ᠎ᠠ᠃ ᠪᠠᠷᠤᠭ24 ᠴᠠᠭ ᠴᠠᠷᠴᠠᠭᠠᠭᠰᠠᠨ  ᠤ ᠲᠠᠷᠠᠭ᠎ᠠ ᠪᠦᠬᠦᠯᠢ  ᠪᠠᠷ ᠨᠢ ᠠᠪᠴᠤ ᠨᠤᠭᠤᠯᠵᠤ ᠲᠠᠯᠪᠢᠭᠠᠳ ᠬᠠᠳᠠᠭᠠᠨ᠎ᠠ᠃  ᠨᠤᠶᠢᠳᠠᠨ ᠦᠷᠦᠮ᠎ᠡ  ᠶᠢ ᠰᠢᠷᠭᠠᠭᠠᠪᠠᠯ ᠮᠦᠨ ᠰᠢᠷ᠎ᠠ ᠲᠤᠰᠤ ᠪᠠ ᠴᠦᠴᠦᠭᠡᠢ ᠭᠠᠷᠤᠨ᠎ᠠ᠃ ᠦᠷᠦᠮ᠎ᠡ ᠪᠤᠯ ᠴᠠᠭᠠᠨ ᠢᠳᠡᠭᠡᠨ  ᠤ ᠪᠤᠯᠪᠠᠰᠤᠷᠠᠭᠤᠯᠤᠯᠳᠠ  ᠶᠢᠨ ᠨᠡᠯᠢᠶᠡᠳ ᠨᠠᠷᠢᠨ ᠬᠢᠴᠡᠳᠠᠢ ᠲᠤᠰᠤᠯᠢᠭ ᠢᠳᠡᠭᠡᠨ ᠪᠦᠭᠡᠳ ᠰᠦ ᠲᠤᠰᠤᠨ  ᠤ ᠠᠮᠳᠠ  ᠶᠢ ᠪᠦᠷᠢᠨ ᠬᠠᠳᠠᠭᠠᠯᠠᠭᠰᠠᠨ᠂ ᠠᠮᠳᠠ ᠭᠤᠶᠤ᠂ ᠴᠢᠨᠠᠷ ᠰᠠᠶᠢᠨ᠂ ᠲᠡᠵᠢᠭᠡᠯ ᠦᠨᠳᠦᠷ ᠰᠣᠳᠣᠨ‌‍ᠰᠠᠶᠢᠨ ᠴᠠᠭᠠᠨ ᠢᠳᠡᠭᠡ ᠪᠤᠯᠤᠨ᠎ᠠ᠃ ᠦᠷᠦᠮ᠎ᠡ  ᠶᠢ ᠨᠤᠶᠢᠳᠠᠨ  ᠢᠶᠠᠷ ᠨᠢ ᠬᠠᠮᠤᠵᠤ ᠠᠪᠤᠭᠠᠳ ᠵᠦᠬᠡᠭᠡᠢ ᠰᠢᠭ ᠪᠤᠳᠠᠭ᠎ᠠ ᠵᠢᠭᠤᠷᠠᠵᠤ  ᠢᠳᠡᠵᠦ ᠪᠤᠯᠤᠨ᠎ᠠ᠂ ᠪᠠᠰᠠ ᠴᠠᠭᠠᠨ ᠢᠳᠡᠭᠡᠨ  ᠤ ᠦᠩᠭᠡ ᠲᠠᠯᠪᠢᠬᠤ᠂ ᠴᠠᠢ  ᠳᠤ ᠬᠢᠵᠦ ᠤᠤᠭᠤᠬᠤ᠂ ᠵᠤᠴᠢᠨ ᠲᠠᠶᠢᠯᠠᠬᠤ  ᠳᠤ ᠬᠡᠷᠡᠭᠯᠡᠨ᠎ᠡ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号