︽ᠵᠡᠬᠦᠨ ᠵᠠᠮ ᠤᠨ ᠬᠤᠤᠰᠯᠠᠯ ᠵᠦᠴᠦᠭᠡ︾ ︵ᠪᠠᠰᠠ ᠬᠤᠶᠠᠷ ᠬᠦᠮᠦᠨ ᠤ ᠡᠯᠬᠦᠴᠡᠭᠡ᠂ ᠬᠤᠶᠠᠷ ᠬᠦᠮᠦᠨ ᠤ | ᠲᠠᠭᠠᠷᠢᠯᠴᠠᠭ᠎ᠠ ᠭᠡᠳᠡᠭ︶ ᠪᠤᠯ ᠡᠷᠳᠡᠨ ᠤ ᠠᠷᠠᠳ ᠤᠨ ᠠᠮᠠᠨ ᠵᠤᠬᠢᠶᠠᠯ ᠪᠠ ᠲᠤᠬᠠᠢ ᠶᠢᠨ ᠭᠠᠵᠠᠷ ᠤᠨ ᠠᠷᠠᠳ ᠤᠨ | ᠲᠠᠭᠤᠤ ᠬᠦᠭᠵᠢᠮ ᠢ ᠬᠠᠷᠢᠯᠴᠠᠨ ᠠᠭᠤᠰᠤᠯᠴᠠᠭᠤᠯᠵᠤ᠂ ᠲᠡᠭᠡᠷ᠎ᠡ ᠨᠢ ᠲᠠᠶᠢᠹᠤᠰᠧ ᠤᠨ ᠨᠤᠳᠤᠭ ᠤᠨ ᠠᠶᠠᠯᠭᠤ ᠶᠢ | ᠤᠷᠤᠭᠤᠯᠤᠭᠠᠳ᠂ ᠤᠷᠤᠨ ᠨᠤᠳᠤᠭ ᠤᠨ ᠤᠨᠴᠠᠯᠢᠭ ᠲᠠᠢ ᠪᠤᠯᠭᠠᠭᠰᠠᠨ ᠠᠷᠠᠳ ᠤᠨ ᠰᠢ ᠵᠦᠴᠦᠭᠡ ᠪᠤᠯᠤᠨ᠎ᠠ ᠃ | ᠴᠢᠩ ᠤᠯᠤᠰ ᠤᠨ ᠲᠡᠭᠷᠢ ᠲᠡᠳᠬᠦᠭᠴᠢ᠂ ᠰᠠᠶᠢᠰᠢᠶᠠᠯ ᠢᠷᠦᠭᠡᠯᠳᠦ ᠶᠢᠨ ᠦᠶ᠎ᠡ ᠳᠤ ᠱᠠᠨ ᠰᠢ᠂ ᠱᠠᠨᠰᠢ᠂ | ᠾᠧᠪᠸᠢ᠂ ᠱᠠᠨᠳᠦ᠋ᠩ ᠵᠡᠷᠭᠡ ᠭᠠᠵᠠᠷ ᠤᠷᠤᠨ ᠠᠴᠠ ᠶᠡᠭᠡ ᠬᠡᠮᠵᠢᠶᠡᠨ ᠤ ᠨᠡᠬᠦᠳᠡᠯ ᠢᠷᠭᠡᠳ ᠤᠳᠤᠬᠢ ᠲᠠᠶᠢᠹᠤᠰᠧ | ᠨᠤᠳᠤᠭ ᠲᠤ ᠨᠡᠬᠦᠳᠡᠯᠯᠡᠨ ᠢᠷᠡᠬᠦ ᠦᠶᠡᠰ᠂ ᠲᠤᠳᠤᠷ᠎ᠠ ᠭᠠᠵᠠᠷ ᠤᠨ ᠰᠤᠶᠤᠯ ᠢᠷᠭᠡᠨᠰᠢᠯ ᠴᠤ ᠲᠡᠬᠦᠨ ᠢ | ᠲᠠᠭᠠᠯᠳᠤᠨ ᠢᠷᠡᠭᠡᠳ ᠮᠤᠩᠭᠤᠯ ᠠᠷᠠᠳ ᠤᠨ ᠲᠠᠭᠤᠤ ᠬᠤᠯᠪᠤᠭ᠎ᠠ ᠵᠡᠷᠭᠡ ᠲᠠᠢ ᠠᠭᠤᠰᠤᠯᠴᠠᠵᠤ᠂ ᠦᠪᠡᠷᠮᠢᠴᠡ | ᠤᠨᠴᠠᠯᠢᠭ ᠲᠠᠢ ᠲᠠᠶᠢᠹᠤᠰᠧ ᠬᠤᠰᠢᠭᠤᠨ ᠤ ︽ᠵᠡᠬᠦᠨ ᠵᠠᠮ ᠤᠨ ᠬᠤᠤᠰᠯᠠᠯ ᠵᠦᠴᠦᠭᠡ︾ ᠪᠤᠢ ᠪᠤᠯᠤᠭᠰᠠᠨ ᠪᠠᠶᠢᠨ᠎ᠠ | ᠃ | ᠢᠷᠭᠡᠨ ᠤᠯᠤᠰ ᠤᠨ ᠡᠬᠢᠨ ᠤ ᠤᠨ ᠵᠢᠯ ᠳᠤ ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠰᠢᠨ᠎ᠡ | ᠬᠦᠭᠵᠢᠯᠳᠡ ᠶᠢᠨ ᠱᠠᠳᠤᠨ ᠳᠤ ᠤᠷᠤᠭᠰᠠᠨ ᠪᠠᠶᠢᠨ᠎ᠠ᠃ ᠲᠤᠬᠠᠢ ᠶᠢᠨ ᠦᠶ᠎ᠡ ᠶᠢᠨ ᠲᠠᠷᠢᠶᠠᠯᠠᠬᠤ ᠤᠷᠤᠨ ᠨᠢ | ᠶᠠᠳᠠᠭᠤ ᠬᠦᠴᠢᠷᠳᠡᠢ᠂ ᠰᠤᠶᠤᠯ ᠤᠨ ᠠᠮᠢᠳᠤᠷᠠᠯ ᠬᠡᠮᠡᠷ ᠶᠠᠭᠤᠮ᠎ᠠ ᠦᠬᠡᠢ ᠪᠠᠶᠢᠵᠤ᠂ ᠵᠦᠪᠬᠡᠨ ᠵᠢᠯ ᠴᠠᠭᠠᠨ ᠰᠠᠷ᠎ᠠ | ᠬᠦᠷᠴᠦ ᠢᠷᠡᠬᠦ ᠦᠶᠡᠰ ᠠᠷᠠᠳ ᠤᠨ ᠵᠢᠵᠢᠭ ᠤᠷᠠᠯᠢᠭ ᠤᠨ ᠪᠦᠯᠬᠦᠮ ᠢ ᠵᠠᠯᠠᠵᠤ᠂ ᠬᠡᠳᠦᠨ ᠲᠠᠭᠤᠤ | ᠲᠠᠭᠤᠯᠠᠭᠤᠯᠵᠤ ᠵᠦᠴᠦᠭᠡ ᠲᠤᠭᠯᠠᠭᠤᠯᠤᠨ᠂ ᠪᠠᠶᠠᠷ ᠤᠨ ᠡᠳᠦᠷ ᠲᠡᠭᠡᠨ ᠬᠦᠷ ᠬᠦᠭᠵᠢᠶᠡᠨ ᠨᠡᠮᠡᠳᠡᠭ ᠪᠠᠶᠢᠵᠠᠢ᠃ | ᠡᠳᠡᠭᠡᠷ ᠵᠢᠵᠢᠭ ᠵᠦᠴᠦᠭᠡ ᠶᠢᠨ ᠪᠦᠯᠬᠦᠮ ᠨᠢ ᠲᠠᠪᠤ ᠭᠤᠷᠪᠠᠨ ᠠᠷᠠᠳ ᠤᠨ ᠤᠷᠠᠯᠢᠭᠴᠢᠨ ᠢᠶᠠᠷ ᠪᠦᠷᠢᠯᠳᠦᠵᠦ᠂ | ᠬᠠᠮᠢᠭ᠎ᠠ ᠬᠦᠷᠪᠡᠯ ᠲᠡᠨᠳᠡ ᠲᠠᠶᠢᠰᠠ ᠲᠠᠪᠴᠠᠩ ᠬᠡᠵᠦ ᠪᠡᠯᠡᠳᠭᠡᠬᠦ ᠦᠬᠡᠢ ᠪᠠᠷ ᠲᠤᠭᠯᠠᠨ᠎ᠠ᠃ ᠲᠤᠭᠯᠠᠭᠴᠢ ᠨᠢ | ᠭᠠᠷ ᠲᠠᠭᠠᠨ ᠦᠩᠬᠡ ᠦᠩᠬᠡ ᠶᠢᠨ ᠲᠡᠪᠢᠬᠦᠷ ᠪᠤᠶᠤ ᠠᠯᠴᠢᠭᠤᠷ ᠠᠳᠬᠤᠭᠠᠳ ᠲᠠᠭᠤᠯᠠᠵᠤ ᠪᠦᠵᠢᠭᠯᠡᠬᠦ ᠳᠤ | ᠬᠦᠷᠢᠶᠡᠯᠡᠵᠦ ᠰᠠᠭᠤᠭᠰᠠᠨ ᠢᠷᠭᠡᠳ ᠬᠦᠭᠡᠷᠦᠨ ᠪᠠᠶᠠᠰᠴᠤ ᠰᠤᠨᠢᠷᠬᠠᠳᠠᠭ᠃ ᠰᠡᠬᠦᠯᠡᠷ ᠨᠢ ᠲᠤᠭᠯᠠᠯᠳᠠ ᠶᠢᠨ ᠲᠤᠮᠳᠠ | ᠪᠠᠨ ᠲᠦᠬᠦᠮ ᠠᠪᠰᠠᠷᠬᠠᠨ ᠦᠯᠢᠭᠡᠷ ᠤᠨ ᠶᠠᠪᠤᠴᠠ ᠤᠷᠤᠭᠤᠯᠤᠭᠰᠠᠨ ᠪᠠᠶᠢᠨ᠎ᠠ᠃ | ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠶᠠᠫᠤᠨ ᠢ ᠡᠰᠡᠷᠬᠦᠴᠡᠬᠦ ᠲᠠᠶᠢᠨ ᠠᠴᠠ ᠡᠮᠦᠨ᠎ᠡ ᠬᠦᠷᠳᠡᠯ᠎ᠡ | ᠲᠤᠰᠬᠠᠢ ᠠᠵᠢᠯ ᠤᠨ ᠵᠦᠴᠦᠭᠡ ᠶᠢᠨ ᠪᠦᠯᠬᠦᠮ ᠬᠡᠵᠦ ᠪᠠᠶᠢᠭ᠎ᠠ ᠦᠬᠡᠢ᠂ ᠵᠦᠪᠬᠡᠨ ᠲᠠᠷᠢᠶᠠᠯᠠᠩ ᠤᠨ ᠰᠤᠯᠠ | ᠰᠡᠯᠡᠬᠦᠦ ᠴᠠᠭ ᠢᠶᠠᠷ ᠠᠷᠠᠳ ᠤᠨ ᠤᠷᠠᠯᠢᠭᠴᠢᠳ ᠠᠴᠠ ᠠᠷᠠᠳ ᠤᠯᠠᠨ ᠳᠤ ᠠᠵᠢᠯ ᠤᠨ ᠴᠢᠯᠦᠬᠡᠨ ᠤ ᠲᠤᠭᠯᠠᠯᠳᠠ | ᠭᠠᠷᠭᠠᠨ ᠰᠤᠨᠢᠷᠬᠠᠭᠤᠯᠵᠤ ᠪᠠᠶᠢᠵᠠᠢ᠃ ᠶᠠᠫᠤᠨᠴᠤᠳ ᠤᠷᠤᠵᠤ ᠢᠷᠡᠭᠰᠡᠨ ᠤ ᠲᠠᠷᠠᠭ᠎ᠠ᠂ ᠵᠠᠷᠢᠮ ᠭᠠᠵᠠᠷ ᠤᠷᠤᠨ ᠳᠤ | ᠮᠦᠷᠦᠢ ᠲᠠᠢ ᠲᠤᠭᠯᠠᠭᠠᠮ ᠤᠨ ᠭᠠᠵᠠᠷ ᠡᠷᠬᠢᠯᠡᠭᠡᠳ᠂ ᠨᠠᠭᠠᠳᠤᠮᠴᠢᠳ ᠢ ᠲᠠᠳᠠᠬᠤ ᠶᠢᠨ ᠲᠦᠯᠦᠬᠡ ᠡᠳᠡᠭᠡᠷ ᠠᠷᠠᠳ | ᠤᠨ ᠤᠷᠠᠯᠢᠭᠴᠢᠳ ᠢ ᠲᠤᠭᠯᠠᠭᠠᠮ ᠤᠨ ᠭᠠᠵᠠᠷ ᠲᠠᠭᠠᠨ ᠲᠠᠭᠤᠳᠠᠵᠤ ᠠᠪᠠᠴᠢᠨ ᠲᠤᠭᠯᠠᠯᠳᠠ ᠭᠠᠷᠭᠠᠭᠤᠯᠬᠤ ᠪᠤᠯᠪᠠ᠃ | ᠲᠡᠬᠡᠬᠦ ᠳᠡᠭᠡᠨ᠂ ᠲᠡᠳᠡᠨ ᠤ ᠢᠳᠡᠬᠦ ᠬᠤᠭᠤᠯᠠ ᠶᠢ ᠨᠢ ᠬᠠᠷᠢᠭᠤᠴᠠᠬᠤ ᠪᠦᠬᠡᠳ ᠬᠦᠯᠦᠰᠦ ᠬᠠᠷᠠᠮᠵᠢ ᠶᠢ ᠨᠢ | ᠬᠡᠳᠦᠨ ᠲᠡᠰ ᠬᠤᠪᠢᠶᠠᠨ ᠤᠯᠭᠤᠵᠤ ᠂ ᠰᠠᠶᠢᠨ ᠪᠤᠯ ᠡᠳᠦᠷ ᠤᠨ ᠬᠡᠳᠦᠨ ᠲᠦᠬᠦᠷᠢᠭ᠂ ᠮᠠᠭᠤ ᠪᠤᠯ ᠬᠡᠳᠦᠨ | ᠮᠦᠩᠬᠦ ᠯᠠ ᠤᠯᠳᠠᠭ᠃ ᠡᠨᠡ ᠮᠡᠳᠦ ᠪᠠᠷ ᠡᠳᠦᠷ ᠤᠨ ᠤᠳᠠᠭᠠᠨ ᠳᠠᠭᠠᠨ ᠵᠠᠷᠢᠮ ᠨᠢ ᠨᠡᠯᠢᠶᠡᠳ ᠤᠷᠤᠯᠭ᠎ᠠ ᠤᠯᠬᠤ | ᠪᠤᠯᠤᠭᠰᠠᠨ ᠠᠴᠠ ᠡᠨᠡᠬᠦ ᠠᠵᠢᠯ ᠢᠶᠠᠨ ᠦᠪᠡᠷ ᠤᠨ ᠠᠮᠢ ᠪᠠᠨ ᠲᠡᠵᠢᠬᠡᠬᠦ ᠠᠵᠢᠯ ᠦᠢᠯᠡᠰ ᠪᠤᠯᠭᠠᠨ ᠡᠷᠬᠢᠯᠡᠬᠦ | ᠪᠤᠯᠤᠭᠠᠳ᠂ ᠠᠯᠭᠤᠷ ᠠᠭᠠᠵᠢᠮ ᠳᠠᠭᠠᠨ ᠲᠤᠰᠬᠠᠢ ᠠᠵᠢᠯ ᠤᠨ ᠴᠢᠨᠠᠷᠳᠠᠢ ᠵᠦᠴᠦᠬᠡ ᠶᠢᠨ ᠪᠦᠯᠬᠦᠮ ᠪᠤᠢ ᠪᠤᠯᠤᠭᠰᠠᠨ | ᠪᠠᠶᠢᠨ᠎ᠠ᠃ | ︽ᠵᠡᠬᠦᠨ ᠵᠠᠮ ᠤᠨ ᠬᠤᠤᠰᠯᠠᠯ ᠵᠦᠴᠦᠭᠡ︾ ᠪᠤᠯ ᠠᠷᠠᠳ ᠤᠨ ᠤᠷᠠᠯᠢᠭ ᠤᠨ ᠰᠠᠭᠤᠷᠢᠨ ᠲᠡᠭᠡᠷ᠎ᠡ | ᠪᠦᠷᠢᠯᠳᠦᠵᠦ᠂ ᠦᠢ ᠤᠯᠠᠨ ᠠᠷᠠᠳ ᠤᠨ ᠤᠷᠠᠯᠢᠭᠴᠢᠳ ᠤᠨ ᠰᠦᠪᠡᠭᠴᠢᠯᠡᠯᠳᠡ᠂ ᠰᠢᠨᠡᠴᠢᠯᠡᠯᠳᠡ ᠪᠠ | ᠰᠢᠷᠭᠠᠭᠠᠯᠳᠠ ᠪᠠᠷ ᠲᠠᠮᠵᠢᠨ᠂ ᠬᠦᠭᠵᠢᠵᠦ ᠬᠤᠪᠢᠷᠠᠵᠤ ᠢᠷᠡᠭᠰᠡᠨ ᠪᠠᠶᠢᠳᠠᠭ᠃ ᠤᠯᠤᠰ ᠪᠠᠶᠢᠭᠤᠯᠤᠭᠳᠠᠭᠰᠠᠨ ᠤ | ᠲᠠᠷᠠᠭ᠎ᠠ᠂ ᠤᠤᠯ ᠤᠨ ᠨᠢᠴᠦᠬᠦᠨ ᠭᠠᠵᠠᠷ ᠲᠡᠭᠡᠷ᠎ᠡ ᠲᠤᠭᠯᠠᠳᠠᠭ ᠪᠠᠶᠢᠭᠰᠠᠨ ᠡᠨᠡᠬᠦ ᠤᠷᠠᠯᠢᠭ ᠤᠨ ᠭᠡᠯᠪᠡᠷᠢ ᠨᠢ | ᠲᠠᠶᠢᠰᠠᠨ ᠲᠡᠭᠡᠷ᠎ᠡ ᠲᠤᠭᠯᠠᠬᠤ ᠪᠤᠯᠤᠭᠰᠠᠨ ᠪᠦᠬᠡᠳ ᠠᠭᠠᠵᠢᠮ ᠳᠠᠭᠠᠨ ᠲᠤᠭᠳᠠᠮᠠᠯ ᠲᠤᠭᠯᠠᠯᠳᠠ ᠶᠢᠨ ᠬᠡᠯᠪᠡᠷᠢ ᠪᠤᠯᠵᠤ | ᠂ ᠤᠯᠠᠮᠵᠢᠯᠠᠯᠳᠤ ᠰᠤᠩᠭᠤᠳᠠᠭ ᠵᠦᠴᠦᠬᠡ ᠶᠢ ᠲᠤᠭᠯᠠᠬᠤ ᠠᠴᠠ ᠭᠠᠳᠠᠨ᠎ᠠ ᠪᠠᠰᠠ ᠠᠷᠠᠳ ᠲᠦᠮᠡᠨ ᠤ ᠠᠮᠢᠳᠤᠷᠠᠯ ᠤᠨ | ᠬᠦᠰᠡᠯ ᠬᠦᠭᠡᠭᠡᠴᠡᠯᠳᠦᠯ ᠢ ᠲᠤᠰᠬᠠᠭᠰᠠᠨ ᠰᠢᠨ᠎ᠡ ᠤᠷᠠᠨ ᠪᠦᠳᠦᠭᠡᠯ ᠤᠳ ᠵᠤᠬᠢᠶᠠᠭᠳᠠᠬᠤ ᠪᠤᠯᠵᠠᠢ᠃ ᠬᠤᠷᠢᠳᠤᠭᠠᠷ | ᠵᠠᠭᠤᠨ ᠤ ᠨᠠᠶᠠᠭᠠᠳ ᠤᠨ ᠠᠴᠠ ᠬᠤᠶᠢᠰᠢ᠂ ᠲᠤᠰᠬᠠᠢ ᠠᠵᠢᠯ ᠤᠨ ᠤᠷᠠᠯᠢᠭᠴᠢᠳ ᠪᠠ ᠠᠷᠠᠳ ᠤᠨ ᠲᠤᠮᠳᠠᠬᠢ | ᠠᠬᠠᠮᠠᠳ ᠤᠷᠠᠯᠢᠭᠴᠢᠳ ᠠᠴᠠ ︽ᠵᠡᠬᠦᠨ ᠵᠠᠮ ᠤᠨ ᠬᠤᠤᠰᠯᠠᠯ ᠵᠦᠴᠦᠭᠡ ︾ ᠶᠢᠨ ᠵᠤᠬᠢᠶᠠᠨ ᠪᠦᠳᠦᠭᠡᠬᠦ ᠪᠠ | ᠲᠤᠭᠯᠠᠬᠤ ᠤᠷᠠᠯᠢᠭ ᠤᠨ ᠲᠠᠯᠠᠪᠠᠷ ᠲᠠᠰᠤᠷᠠᠯᠳᠠ ᠦᠬᠡᠢ ᠰᠢᠨ᠎ᠡ ᠶᠢ ᠰᠦᠪᠡᠭᠴᠢᠯᠡᠨ ᠰᠢᠨ᠎ᠡ ᠶᠢ ᠡᠬᠦᠳᠴᠦ᠂ ︽ | ᠵᠡᠬᠦᠨ ᠵᠠᠮ ᠤᠨ ᠬᠤᠤᠰᠯᠠᠯ ᠵᠦᠴᠦᠭᠡ ︾ ᠶᠢᠨ ᠲᠠᠷᠬᠠᠵᠤ ᠲᠡᠯᠬᠡᠷᠡᠬᠦ ᠬᠦᠷᠢᠶ᠎ᠡ ᠬᠡᠪᠴᠢᠶ᠎ᠡ ᠶᠢ ᠦᠷᠭᠡᠳᠭᠡᠭᠰᠡᠨ | ᠢᠶᠠᠷ ᠪᠠᠷᠠᠬᠤ ᠦᠬᠡᠢ᠂ ᠪᠤᠰᠤᠳ ᠵᠦᠴᠦᠭᠡ ᠶᠢᠨ ᠲᠦᠷᠦᠯ ᠠᠴᠠ ︽ᠰᠢᠮ᠎ᠡ ᠲᠡᠵᠢᠬᠡᠯ ᠰᠢᠩᠭᠡᠭᠡᠨ ᠠᠪᠴᠤ︾᠂ | ᠲᠤᠭᠯᠠᠯᠳᠠ ᠶᠢᠨ ᠠᠭᠤᠯᠭ᠎ᠠ ᠪᠠᠨ ᠪᠠᠶᠠᠯᠢᠬᠵᠢᠭᠤᠯᠵᠤ ᠢᠷᠡᠪᠡ᠃ | ᠲᠠᠶᠢᠹᠤᠰᠧ ᠬᠤᠰᠢᠭᠤᠨ ᠤ ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠤᠯᠠᠷᠢᠨ ᠤᠯᠠᠮᠵᠢᠯᠠᠭᠳᠠᠬᠤ | ᠶᠠᠪᠤᠴᠠ ᠳᠠᠭᠠᠨ ᠨᠡᠶᠢᠬᠡᠮ ᠤᠨ ᠤᠷᠴᠢᠨ᠂ ᠭᠠᠵᠠᠷ ᠵᠦᠢ ᠶᠢᠨ ᠤᠷᠴᠢᠨ᠂ ᠭᠠᠵᠠᠷ ᠤᠷᠤᠨ ᠤ ᠵᠠᠩ ᠵᠠᠩᠰᠢᠯ ᠵᠢᠴᠢ | ᠨᠤᠳᠤᠭ ᠤᠨ ᠠᠶᠠᠯᠭᠤ ᠵᠡᠷᠭᠡ ᠠᠴᠠ ᠨᠦᠯᠦᠭᠡᠯᠡᠭᠳᠡᠨ᠂ ᠢᠯᠡ ᠲᠤᠳᠤ ᠤᠷᠤᠨ ᠨᠤᠳᠤᠭ ᠤᠨ ᠤᠨᠴᠠᠯᠢᠭ ᠲᠠᠢ | ᠪᠤᠯᠵᠠᠢ᠃ ᠲᠤᠭᠯᠠᠬᠤ ᠦᠶᠡᠰ ᠠᠶ᠎ᠠ ᠲᠠᠭᠤᠤ ᠬᠠᠩᠬᠢᠨᠠᠮ᠎ᠠ᠂ ᠠᠶᠢᠵᠠᠮ ᠬᠦᠭ ᠴᠤᠪᠤᠭᠤᠯᠢᠭ᠂ ᠠᠭᠤᠯᠭ᠎ᠠ ᠰᠡᠳᠦᠪ | ᠪᠠᠶᠠᠯᠢᠭ᠂ ᠭᠡᠪ ᠨᠠᠮᠪᠠ ᠶᠦᠮᠦᠷᠯᠢᠭ ᠪᠠᠶᠢᠵᠤ᠂ ᠢᠯᠡᠳᠭᠡᠬᠦ ᠠᠭᠤᠯᠭ᠎ᠠ ᠨᠢ ᠬᠡᠵᠢᠶᠡᠳᠡ ᠲᠠᠪᠠᠭᠠᠨ ᠠᠷᠤ ᠶᠢᠨ ᠡᠯ᠎ᠡ | ᠦᠨᠳᠦᠰᠦᠳᠡᠨ ᠤ ᠠᠷᠠᠳ ᠲᠦᠮᠡᠨ ᠤ ᠠᠵᠤ ᠠᠮᠢᠳᠤᠷᠠᠯ ᠯᠤᠭ᠎ᠠ ᠨᠢᠬᠳᠠ ᠬᠤᠯᠪᠤᠭᠳᠠᠨ᠂ ᠦᠨᠢᠷ ᠦᠳᠭᠡᠨ ᠤᠷᠤᠨ | ᠨᠤᠳᠤᠭ ᠤᠨ ᠠᠭᠤᠷ ᠠᠮᠢᠰᠬᠤᠯ ᠲᠠᠢ ᠪᠠᠶᠢᠳᠠᠭ᠃ | ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠲᠠᠶᠢᠹᠤᠰᠧ ᠨᠤᠳᠤᠭ ᠲᠤ ᠤᠯᠠᠮᠵᠢᠯᠠᠭᠳᠠᠵᠤ ᠢᠷᠡᠭᠰᠡᠨ | ᠠᠴᠠ ᠪᠠᠨ ᠠᠪᠤᠭᠠᠳ ᠡᠳᠦᠭᠡ ᠪᠤᠯᠳᠠᠯ᠎ᠠ ᠪᠠᠷᠤᠭ 200 ᠭᠠᠷᠤᠢ ᠵᠢᠯ ᠤᠨ ᠨᠢᠭᠤᠷ ᠦᠵᠡᠵᠦ᠂ ᠠᠷᠠᠳ ᠤᠨ | ᠲᠤᠮᠳᠠᠬᠢ ᠲᠠᠭᠤᠤ᠂ ᠪᠦᠵᠢᠭ᠂ ᠵᠦᠴᠦᠭᠡ ᠂ ᠬᠦᠭᠵᠢᠮ ᠵᠡᠷᠭᠡ ᠤᠯᠠᠨ ᠵᠦᠢᠯ ᠤᠨ ᠤᠷᠠᠨ ᠰᠠᠶᠢᠬᠠᠨ ᠤ ᠬᠡᠯᠪᠡᠷᠢ | ᠶᠢ ᠠᠭᠤᠰᠤᠯᠴᠠᠭᠤᠯᠤᠨ ᠨᠢᠬᠡᠳᠭᠡᠭᠡᠳ᠂ ᠠᠳᠡᠬᠢ ᠬᠢᠳᠠᠳ ᠦᠨᠳᠦᠰᠦᠳᠡᠨ ᠤ ᠠᠷᠠᠳ ᠲᠦᠮᠡᠨ ᠤ ᠬᠠᠮᠤᠭ ᠠᠴᠠ | ᠪᠠᠭ᠋ᠠᠷᠬᠠᠨ ᠰᠤᠨᠢᠷᠬᠠᠳᠠᠭ ᠨᠢᠬᠡ ᠵᠦᠢᠯ ᠤᠨ ᠤᠷᠠᠯᠢᠭ ᠤᠨ ᠬᠡᠯᠪᠡᠷᠢ ᠪᠤᠯᠤᠭᠰᠠᠨ ᠶᠤᠮ᠃ ᠲᠡᠦᠬᠡ ᠶᠢᠨ ᠤᠷᠴᠢᠯ ᠪᠠ | ᠨᠡᠶᠢᠬᠡᠮ ᠤᠨ ᠬᠤᠪᠢᠷᠠᠯᠳᠠ ᠲᠤᠮᠳᠠ ᠂ ︽ᠵᠡᠬᠦᠨ ᠵᠠᠮ ᠤᠨ ᠬᠤᠤᠰᠯᠠᠯ ᠵᠦᠴᠦᠭᠡ︾ ᠶᠢᠨ ᠬᠦᠭᠵᠢᠯᠳᠡ ᠶᠢᠨ | ᠵᠠᠮ ᠳᠤ ᠴᠤ ᠬᠦᠴᠢᠷ ᠪᠡᠷᠭᠡ ᠮᠤᠩ ᠦᠬᠡᠢ ᠲᠤᠬᠢᠶᠠᠯᠳᠤᠵᠤ᠂ ᠬᠡᠳᠦ ᠬᠡᠳᠦᠨ ᠤᠳᠠᠭᠠᠨ ᠤ ᠪᠡᠷᠭᠡ ᠪᠠᠷᠳᠠᠭ᠎ᠠ ᠶᠢ | ᠲᠤᠭᠤᠯᠵᠠᠢ᠃ ᠢᠯᠠᠩᠭᠤᠶ᠎ᠠ ︽ᠰᠤᠶᠤᠯ ᠤᠨ ᠶᠡᠭᠡ ᠬᠤᠪᠢᠰᠬᠠᠯ︾ ᠤᠨ ᠬᠤᠭᠤᠴᠠᠭᠠᠨ ᠳᠤ ᠂ ᠲᠠᠶᠢᠹᠤᠰᠧ | ᠬᠤᠰᠢᠭᠤᠨ ᠤ ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠬᠦᠨᠳᠦ ᠴᠤᠬᠢᠯᠳᠠ ᠳᠤ ᠤᠴᠠᠷᠠᠨ᠂ ᠵᠦᠴᠦᠭᠡ | ᠶᠢᠨ ᠪᠦᠯᠬᠦᠮ ᠨᠢ ᠰᠠᠷᠨᠢᠨ ᠲᠠᠷᠬᠠᠵᠤ᠂ ᠠᠷᠠᠳ ᠤᠨ ᠲᠤᠮᠳᠠ ᠴᠤ ᠶᠠᠷᠢᠵᠤ ᠲᠠᠭᠤᠯᠠᠬᠤ ᠬᠦᠮᠦᠨ ᠦᠬᠡᠢ ᠪᠤᠯᠤᠭᠰᠠᠨ | ᠢᠶᠠᠷ ᠪᠠᠷᠤᠭ ᠤᠯᠠᠮᠵᠢᠯᠠᠯ ᠲᠠᠰᠤᠷᠠᠬᠤ ᠰᠢᠬᠠᠭᠰᠠᠨ ᠶᠤᠮ᠃ ︽ᠰᠤᠶᠤᠯ ᠤᠨ ᠶᠡᠭᠡ ᠬᠤᠪᠢᠰᠬᠠᠯ︾ ᠤᠨ ᠲᠠᠷᠠᠭ᠎ᠠ᠂ | ᠵᠦᠴᠦᠭᠡ ᠶᠢᠨ ᠪᠦᠯᠬᠦᠮ ᠢ ᠰᠡᠷᠬᠦᠬᠡᠨ ᠪᠠᠶᠢᠭᠤᠯᠵᠤ᠂ ︽ᠲᠠᠶᠢᠹᠤᠰᠧ ᠤᠨ ᠬᠤᠶᠠᠷ ᠬᠦᠮᠦᠨ ᠤ ᠡᠯᠬᠦᠴᠡᠭᠡ | ᠵᠦᠴᠦᠭᠡ ᠶᠢᠨ ᠪᠦᠯᠬᠦᠮ︾ ᠬᠡᠮᠡᠨ ᠨᠡᠷᠡᠶᠢᠳᠴᠡᠢ᠃ ᠬᠤᠷᠢᠳᠤᠭᠠᠷ ᠵᠠᠭᠤᠨ ᠤ ᠨᠠᠶᠠᠭᠠᠳ ᠤᠨ ᠤ ᠰᠡᠬᠦᠯᠴᠢ ᠪᠠᠷ᠂ | ᠵᠠᠬ᠎ᠠ ᠲᠡᠯᠬᠡᠬᠦᠷ ᠤᠨ ᠠᠵᠤ ᠠᠬᠤᠢ ᠶᠢᠨ ᠲᠠᠭᠠᠷᠢᠯᠳᠠ ᠬᠢᠭᠡᠳ ᠪᠤᠰᠤᠳ ᠲᠠᠯ᠎ᠠ ᠶᠢᠨ ᠤᠯᠠᠨ ᠰᠢᠯᠳᠠᠭᠠᠨ ᠠᠴᠠ | ᠪᠤᠯᠵᠤ᠂ ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠨᠡᠯᠢᠶᠡᠳ ᠤᠳᠠᠭᠠᠨ ᠬᠦᠭᠵᠢᠯᠳᠡ ᠶᠢᠨ ᠵᠠᠮ ᠢ | ᠵᠠᠮᠨᠠᠠᠭᠰᠠᠨ ᠪᠠᠶᠢᠪᠠ᠃ | ᠭᠡᠪᠡᠴᠦ ︽ᠵᠡᠬᠦᠨ ᠵᠠᠮ ᠤᠨ ᠬᠤᠤᠰᠯᠠᠯ ᠵᠦᠴᠦᠭᠡ︾ ᠨᠢ ᠲᠠᠶᠢᠹᠤᠰᠧ ᠬᠤᠰᠢᠭᠤᠨ ᠳᠤ ᠮᠠᠰᠢ ᠰᠠᠶᠢᠨ | ᠤᠯᠠᠨ ᠲᠦᠮᠡᠨᠴᠢ ᠰᠠᠭᠤᠷᠢ ᠲᠠᠢ ᠪᠠᠶᠢᠭᠰᠠᠨ ᠪᠤᠯᠬᠤᠷ᠂ 1980 ᠤᠨ ᠤ 4 ᠰᠠᠷ᠎ᠠ ᠳᠤ ᠬᠤᠰᠢᠭᠤᠨ ᠤ ᠰᠤᠶᠤᠯ | ᠤᠨ ᠤᠷᠳᠤᠨ ᠠᠴᠠ ᠠᠵᠢᠯ ᠤᠨ ᠴᠢᠯᠦᠬᠡᠨ ᠤ ︽ᠵᠡᠬᠦᠨ ᠵᠠᠮ ᠤᠨ ᠬᠤᠤᠰᠯᠠᠯ ᠵᠦᠴᠦᠭᠡ ᠶᠢᠨ ᠪᠦᠯᠬᠦᠮ︾ ᠢ | ᠪᠠᠶᠢᠭᠤᠯᠤᠨ᠂ ᠨᠢᠬᠡ ᠪᠦᠯᠦᠭ ᠠᠷᠠᠳ ᠤᠨ ᠤᠷᠠᠯᠢᠭᠴᠢᠳ ᠢ ᠵᠤᠬᠢᠶᠠᠨ ᠪᠠᠶᠢᠭᠤᠯᠵᠤ ᠂ ᠲᠤᠬᠠᠢ ᠶᠢᠨ ᠭᠠᠵᠠᠷ ᠤᠨ | ᠤᠯᠠᠨ ᠲᠦᠮᠡᠨ ᠤ ᠰᠤᠨᠤᠰᠴᠤ ᠰᠤᠨᠢᠷᠬᠠᠭᠤᠰᠢᠳᠠᠢ ᠦᠯᠢᠭᠡᠷ ᠵᠦᠴᠦᠭᠡ ᠪᠠᠷ ᠭᠤᠤᠯ ᠪᠤᠯᠭᠠᠨ ᠵᠤᠬᠢᠶᠠᠨ ᠪᠦᠳᠦᠭᠡᠯᠬᠡ | ᠬᠢᠵᠦ ᠡᠬᠢᠯᠡᠭᠰᠡᠨ ᠢᠶᠠᠨ 1985 ᠤᠨ ᠳᠤ ᠵᠢᠩᠬᠢᠨᠢ ᠪᠠᠷ ᠲᠠᠶᠢᠹᠤᠰᠧ ᠬᠤᠰᠢᠭᠤᠨ ᠤ ᠬᠤᠪᠢ ᠬᠦᠮᠦᠨ ᠤ | ᠬᠤᠤᠰᠯᠠᠯ ᠵᠦᠴᠦᠭᠡ ᠶᠢᠨ ᠪᠦᠯᠬᠦᠮ ᠪᠤᠯᠭᠠᠵᠤ ᠪᠠᠶᠢᠭᠤᠯᠵᠠᠢ᠃ 1986 ᠤᠨ ᠳᠤ ᠬᠤᠤᠰᠯᠠᠯ ᠵᠦᠴᠦᠭᠡ ︽ ᠪᠠᠷᠢ | ᠭᠤᠶᠤᠭᠰᠠᠨ︾ ᠨᠢ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠠᠩᠬᠠᠳᠤᠭᠴᠢ ᠤᠳᠠᠭᠠᠨ ᠤ ᠠᠵᠢᠯ | ᠤᠨ ᠴᠢᠯᠦᠬᠡᠨ ᠤ ᠲᠠᠭᠤᠤ ᠪᠦᠵᠢᠭ ᠵᠦᠴᠦᠭᠡ ᠶᠢᠨ ᠤᠷᠤᠯᠳᠤᠭᠠᠨ ᠳᠤ ᠰᠢᠯᠢᠳᠡᠭ ᠪᠦᠳᠦᠭᠡᠯ ᠤᠨ ᠱᠠᠩᠨᠠᠯ ᠪᠠ | ᠲᠤᠭᠯᠠᠯᠳᠠ ᠶᠢᠨ ᠱᠠᠩᠨᠠᠯ ᠲᠤᠰᠤᠭᠰᠠᠨ ᠪᠠᠶᠢᠨ᠎ᠠ᠃ 1999 ᠤᠨ ᠪᠤᠯᠬᠤ ᠳᠤ ᠵᠦᠴᠦᠭᠡ ᠶᠢᠨ ᠪᠦᠯᠬᠦᠮ ᠨᠢ 28 | ᠲᠤᠭᠯᠠᠭᠴᠢ ᠲᠠᠢ ᠪᠤᠯᠵᠤ ᠬᠦᠭᠵᠢᠨ ᠪᠤᠵᠠᠭᠠᠶᠢᠷᠠᠵᠠᠢ᠃ | ᠲᠠᠶᠢᠹᠤᠰᠧ ᠬᠤᠰᠢᠭᠤᠨ ᠤ ᠤᠷᠠᠨ ᠪᠦᠳᠦᠭᠡᠯᠴᠢᠳ ᠤᠨ ᠵᠤᠬᠢᠶᠠᠵᠤ ᠪᠦᠳᠦᠭᠡᠭᠰᠡᠨ ︽ᠵᠡᠬᠦᠨ ᠵᠠᠮ ᠤᠨ | ᠬᠤᠤᠰᠯᠠᠯ ᠵᠦᠴᠦᠭᠡ︾ ᠳᠤ ᠤᠯᠠᠮᠵᠢᠯᠠᠯᠳᠤ ᠪᠦᠳᠦᠬᠡᠯ ︽ᠠᠶᠠᠭ᠎ᠠ ᠬᠤᠳᠠᠯᠳᠤᠭᠰᠠᠨ ᠨᠢ︾᠂ ︽ᠴᠤᠭᠤᠷᠤᠬᠠᠢ | ᠴᠢᠬᠢᠷᠰᠦ︾ ᠵᠡᠷᠭᠡ ᠠᠴᠠ ᠭᠠᠳᠠᠨ᠎ᠠ ᠰᠢᠨ᠎ᠡ ᠪᠦᠳᠦᠬᠡᠯ ︽ᠪᠠᠶᠠᠨ ᠬᠠᠩᠭᠠᠢ︾᠂ ︽ᠪᠠᠶᠠᠷᠳᠤ ᠠᠭᠤᠯᠵᠠᠯᠳᠠ︾ | ᠵᠡᠷᠭᠡ 100 ᠭᠠᠷᠤᠢ ᠵᠦᠴᠦᠭᠡ ᠪᠤᠢ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠯᠢ ᠼᠦᠢ ᠫᠢᠩ᠂ ᠡᠮᠡᠭᠳᠡᠢ᠂ ᠬᠢᠳᠠᠳ ᠦᠨᠳᠦᠰᠦᠳᠡᠨ | ᠂ 1963 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ 1982 ᠤᠨ ᠠᠴᠠ ᠾᠧᠪᠸᠢ ᠮᠤᠵᠢ | ᠶᠢᠨ ︽ᠵᠡᠬᠦᠨ ᠵᠠᠮ ᠤᠨ ᠬᠤᠤᠰᠯᠠᠯ ᠵᠦᠴᠦᠭᠡ︾ ᠶᠢᠨ ᠦᠪᠯᠡᠨ ᠤᠯᠠᠮᠵᠢᠯᠠᠭᠴᠢ ᠵᠠᠩ ᠶᠦᠸᠧ ᠯᠠᠨ ᠪᠠᠭᠰᠢ ᠶᠢ | ᠲᠠᠭᠠᠵᠤ ᠬᠤᠤᠰᠯᠠᠯ ᠵᠦᠴᠦᠭᠡ ᠰᠤᠷᠤᠭᠠᠳ᠂ 1984 ᠤᠨ ᠳᠤ ᠺᠠᠩ ᠪᠤᠤ ᠰᠢᠶᠠᠨ ᠤ ᠨᠡᠬᠦᠷᠡᠰᠦᠨ ᠠᠭᠤᠷᠬᠠᠢ | ᠶᠢᠨ ᠤᠷᠠᠨ ᠰᠠᠶᠢᠬᠠᠨ ᠤ ᠪᠦᠯᠬᠦᠮ ᠳᠤ ᠰᠢᠯᠭᠠᠨ ᠤᠷᠤᠵᠤ᠂ 1985 ᠤᠨ ᠳᠤ ᠪᠠᠶᠢᠭᠤᠯᠭ᠎ᠠ ᠶᠢᠨ ᠶᠢᠨ | ᠲᠤᠮᠢᠯᠠᠯᠳᠠ ᠪᠠᠷ ᠲᠠᠶᠢᠹᠤᠰᠧ ᠬᠤᠰᠢᠭᠤᠨ ᠳᠤ ᠢᠷᠡᠵᠦ ᠮᠡᠷᠭᠡᠵᠢᠯ ᠢᠶᠠᠨ ᠪᠠᠳᠤᠳᠬᠠᠵᠠᠢ᠃ 2006 ᠤᠨ ᠳᠤ | ᠲᠠᠶᠢᠹᠤᠰᠧ ᠬᠤᠰᠢᠭᠤᠨ ᠤ ︽ᠵᠡᠬᠦᠨ ᠵᠠᠮ ᠤᠨ ᠬᠤᠤᠰᠯᠠᠯ ᠵᠦᠴᠦᠭᠡ︾ ᠶᠢᠨ ᠪᠦᠯᠬᠦᠮ ᠳᠤ ᠤᠳᠤᠷᠢᠳᠤᠭᠠᠴᠢ | ᠪᠠᠷ ᠠᠵᠢᠯᠯᠠᠪᠠ᠃ 1990 ᠤᠨ ᠳᠤ ᠴᠢᠭᠤᠯᠤᠯᠳᠤ ᠬᠠᠭᠠᠯᠭ᠎ᠠ ᠶᠢᠨ ᠦᠢᠯᠡᠳᠪᠦᠷᠢ ᠠᠭᠤᠷᠬᠠᠢ ᠶᠢᠨ ᠠᠵᠢᠯᠴᠢᠨ ᠤ | ᠲᠠᠭᠤᠤ ᠪᠦᠵᠢᠭ ᠤᠨ ᠤᠷᠤᠯᠳᠤᠭᠠᠨ ᠳᠤ ᠨᠢᠬᠡᠳᠦᠭᠡᠷ ᠲᠡᠰ ᠤᠨ ᠱᠠᠩᠨᠠᠯ ᠤᠯᠵᠤ᠂ 1992 ᠤᠨ ᠳᠤ ᠾᠧᠪᠸᠢ | ᠮᠤᠵᠢ ᠶᠢᠨ ᠪᠦᠳᠦᠬᠡᠨ ᠪᠠᠶᠢᠭᠤᠯᠤᠯᠳᠠ ᠶᠢᠨ ᠰᠢᠰᠲ᠋ᠧᠮ ᠤᠨ ᠤᠷᠠᠨ ᠰᠠᠶᠢᠬᠠᠨ ᠤ ᠲᠤᠭᠯᠠᠯᠳᠠ᠂ ᠾᠧᠪᠸᠢ ᠮᠤᠵᠢ | ᠶᠢᠨ ᠴᠠᠭᠠᠨ ᠰᠠᠷ᠎ᠠ ᠶᠢᠨ ᠦᠳᠡᠰᠢᠯᠡᠭᠡ ᠵᠡᠷᠭᠡ ᠳᠤ ᠤᠷᠤᠯᠴᠠᠨ᠂ ᠪᠡᠭᠡᠵᠢᠩ ᠰᠢ ᠶᠢᠨ ᠶᠡᠭᠡ ᠪᠠᠭᠰᠢ ᠱᠠᠩ ᠴᠠᠩ | ᠷᠦᠩ᠂ ᠱᠤᠭ ᠵᠦᠴᠦᠭᠡ ᠶᠢᠨ ᠨᠡᠷᠡᠳᠦ ᠤᠷᠠᠯᠢᠭᠴᠢᠨ ᠾᠸᠦ ᠶᠤᠤ ᠬᠤᠸᠠ ᠵᠡᠷᠭᠡ ᠬᠦᠮᠦᠰ ᠲᠠᠢ ᠲᠠᠶᠢᠰᠠᠨ ᠳᠤ | ᠬᠠᠮᠳᠤ ᠲᠤᠭᠯᠠᠵᠤ ᠦᠩᠭᠡᠷᠡᠪᠡ᠃ 2004 ᠤᠨ ᠳᠤ ᠱᠠᠨ ᠰᠢ᠂ ᠱᠠᠨᠰᠢ᠂ ᠦᠪᠦᠷ ᠮᠤᠩᠭᠤᠯ᠂ ᠾᠧᠪᠸᠢ | ᠲᠦᠷᠪᠡᠨ ᠮᠤᠵᠢ ᠤᠷᠤᠨ ᠤ ᠬᠤᠤᠰᠯᠠᠯ ᠵᠦᠴᠦᠭᠡ ᠶᠢᠨ ᠲᠧᠯᠸᠢᠰ ᠱᠠᠩᠨᠠᠯᠳᠤ ᠤᠷᠤᠯᠳᠤᠭᠠᠨ ᠳᠤ ᠤᠷᠤᠯᠴᠠᠭᠠᠳ | ᠭᠤᠷᠪᠠᠳᠤᠭᠠᠷ ᠲᠡᠰ ᠤᠨ ᠱᠠᠩᠨᠠᠯ ᠬᠦᠷᠳᠡᠵᠦ᠂ 2012 ᠤᠨ ᠳᠤ ᠪᠦᠬᠦ ᠠᠶᠢᠮᠠᠭ ᠤᠨ ᠠᠵᠢᠯ ᠤᠨ ᠴᠢᠯᠦᠬᠡᠨ ᠤ | ᠤᠯᠠᠭᠠᠨᠮᠦ᠋ᠴᠢᠷ ᠤᠨ ᠴᠢᠭᠤᠯᠭᠠᠨ ᠳᠤ ᠮᠦᠩᠬᠦᠨ ᠮᠧᠲ᠋ᠠᠯ ᠲᠤᠰᠴᠠᠢ᠃ | 2015 ᠤᠨ ᠳᠤ ᠲᠠᠶᠢᠹᠤᠰᠧ ᠬᠤᠰᠢᠭᠤ ᠨᠢ ︽ᠵᠡᠬᠦᠨ ᠵᠠᠮ ᠤᠨ ᠬᠤᠤᠰᠯᠠᠯ ᠵᠦᠴᠦᠭᠡ︾ ᠶᠢ ᠤᠷᠤᠨ | ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠬᠦᠯᠵᠦ᠂ 2016 ᠤᠨ ᠳᠤ ᠯᠢ ᠼᠦᠢ ᠫᠢᠩ | ᠤᠷᠤᠨ ᠤ ᠲᠡᠰ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃ ᠡᠬᠦᠨ ᠠᠴᠠ ᠭᠠᠳᠠᠨ᠎ᠠ᠂ ᠠᠶᠢᠮᠠᠭ ᠤᠨ | ᠲᠡᠰ ᠤᠨ ᠦᠪᠯᠡᠨ ᠤᠯᠠᠮᠵᠢᠯᠠᠭᠴᠢ ᠳᠤ ᠬᠤᠤ ᠵᠢᠶᠦ᠋ᠨ᠂ ᠬᠤᠤ ᠺᠤᠸᠠᠨ ᠂ ᠯᠢᠦ ᠭᠤᠸᠠᠩ ᠶᠢᠨ᠂ ᠸᠠᠩ ᠯᠢᠨ | ᠱᠠᠨ᠂ ᠬᠠᠨ ᠬᠠᠢ ᠴᠢᠩ ᠵᠡᠷᠭᠡ ᠬᠦᠮᠦᠰ ᠪᠠᠶᠢᠭ᠎ᠠ᠃ |