ᠠᠷᠠᠳ ᠤᠨ ᠲᠠᠭᠤᠷᠢᠯᠢᠭ —  ᠲᠠᠶᠢᠹᠤᠰᠧ  ᠬᠤᠰᠢᠭᠤᠨ ᠤ  ᠱᠠᠨ ᠰᠢ ᠵᠦᠴᠦᠭᠡ
ᠨᠡᠶᠢᠲᠡᠯᠡᠭᠰᠡᠨ ᠴᠠᠭ᠄
2020/3/27
  ᠱᠠᠨ ᠰᠢ ᠵᠦᠴᠦᠭᠡ  ᠪᠤᠯ ᠱᠠᠨ ᠰᠢ ᠶᠢᠨ ᠤᠷᠤᠨ ᠨᠤᠳᠤᠭ ᠤᠨ ᠲᠦᠷᠪᠡᠨ ᠲᠤᠮᠤ ᠰᠢ ᠵᠦᠴᠦᠭᠡ ᠶᠢᠨ ᠨᠢᠬᠡ ᠪᠤᠯᠤᠨ᠎ᠠ᠃ ᠱᠠᠨ ᠰᠢ ᠶᠢᠨ ᠲᠤᠮᠳᠠ ᠭᠡᠰᠡᠭ ᠠᠴᠠ ᠡᠬᠦᠰᠦᠯ ᠲᠠᠢ ᠪᠤᠯᠬᠤᠷ ᠪᠠᠰᠠ  ᠲᠤᠮᠳᠠ ᠭᠡᠰᠡᠭ ᠤᠨ ᠱᠠᠨ ᠰᠢ ᠵᠦᠴᠦᠭᠡ ᠭᠡᠳᠡᠭ᠃ ᠭᠤᠤᠯᠳᠠᠭᠤ ᠱᠠᠨ ᠰᠢ ᠮᠤᠵᠢ ᠶᠢᠨ ᠲᠤᠮᠳᠠ ᠬᠤᠶᠢᠳᠤ ᠭᠡᠰᠡᠭ ᠵᠢᠴᠢ ᠱᠠᠨᠰᠢ ᠮᠤᠵᠢ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠬᠢᠭᠡᠳ ᠾᠧᠪᠸᠢ  ᠮᠤᠵᠢ ᠶᠢᠨ ᠭᠡᠰᠡᠭ ᠭᠠᠵᠠᠷ ᠤᠷᠤᠨ ᠢᠶᠠᠷ ᠲᠡᠯᠭᠡᠷᠡᠵᠦ ᠪᠠᠶᠢᠳᠠᠭ᠃  ᠴᠢᠩ  ᠣᠯᠤᠰ ᠤᠨ  ᠰᠡᠬᠦᠯᠴᠢ ᠶᠢᠨ ᠦᠶ᠎ᠡ ᠪᠠᠷ ᠲᠠᠶᠢᠹᠤᠰᠧ ᠨᠤᠳᠤᠭ ᠲᠤ ᠤᠯᠠᠮᠵᠢᠯᠠᠭᠳᠠᠵᠤ ᠢᠷᠡᠵᠡᠢ᠃    ᠵᠠᠭᠤᠭᠠᠳ ᠵᠢᠯ ᠤᠨ ᠲᠤᠷᠰᠢ᠂  ᠱᠠᠨ ᠰᠢ ᠵᠦᠴᠦᠭᠡ ᠨᠢ ᠲᠠᠶᠢᠹᠤᠰᠧ ᠳᠤ ᠦᠶ᠎ᠡ  ᠲᠠᠮᠵᠢᠨ ᠤᠯᠠᠮᠵᠢᠯᠠᠭᠳᠠᠬᠤ ᠎ ᠶᠢᠨ ᠲᠠᠭᠠᠤ᠂ ᠲᠠᠭᠤᠯᠠᠬᠤ ᠠᠷᠭ᠎ᠠ᠂ ᠵᠤᠬᠢᠶᠠᠨ ᠪᠦᠳᠦᠭᠡᠯᠬᠡ ᠵᠢᠴᠢ ᠤᠨᠴᠠᠯᠢᠭ ᠰᠢᠨᠵᠢ ᠶᠢᠨ ᠲᠠᠯ᠎ᠠ ᠪᠠᠷ ᠪᠦᠷ ᠲᠠᠰᠤᠷᠠᠯᠳᠠ ᠦᠬᠡᠢ ᠦᠬᠡᠷᠡᠴᠢᠯᠡᠭᠳᠡᠨ ᠰᠢᠨᠡᠴᠢᠯᠡᠭᠳᠡᠵᠦ᠂ ᠦᠪᠡᠷᠮᠢᠴᠡ ᠭᠡᠪ ᠨᠠᠮᠪᠠ ᠲᠠᠢ ᠪᠤᠯᠵᠤ ᠤᠯᠠᠷᠢᠨ ᠬᠦᠭᠵᠢᠵᠦ ᠢᠷᠡᠭᠰᠡᠨ ᠪᠠᠶᠢᠨ᠎ᠠ᠃ ᠢᠯᠠᠩᠭᠤᠶ᠎ᠠ ᠲᠡᠭᠡᠷ᠎ᠡ ᠵᠠᠭᠤᠨ ᠤ ᠲᠦᠴᠢᠭᠡᠳ ᠤᠨ ᠤ ᠡᠬᠢ ᠪᠠᠷ  ᠱᠠᠨ ᠰᠢ ᠶᠢᠨ ᠨᠡᠷᠡᠳᠦ ᠤᠷᠠᠯᠢᠭᠴᠢᠨ ᠶᠢᠨ ᠴᠢ ᠪᠢᠶᠤᠥ  ᠂ ᠯᠢ ᠱᠧᠩ ᠬᠤᠸᠠ ᠵᠡᠷᠭᠡ ᠬᠦᠮᠦᠰ ᠲᠠᠶᠢᠹᠤᠰᠧ ᠳᠤ ᠢᠷᠡᠵᠦ᠂ ᠰᠢ ᠵᠦᠴᠦᠭᠡ ᠶᠢᠨ ᠪᠠᠭ᠋ᠠᠳᠠᠳ ᠢ ᠴᠤᠭᠯᠠᠭᠤᠯᠤᠨ᠂  ᠱᠠᠨ ᠰᠢ ᠵᠦᠴᠦᠭᠡ ᠶᠢᠨ ᠪᠦᠯᠬᠦᠮ ᠢ ᠪᠠᠶᠢᠭᠤᠯᠤᠭᠰᠠᠨ ᠨᠢ ᠲᠠᠶᠢᠹᠤᠰᠧ  ᠬᠤᠰᠢᠭᠤᠨ ᠤ ᠱᠠᠨ ᠰᠢ ᠵᠦᠴᠦᠭᠡ ᠶᠢᠨ ᠬᠦᠭᠵᠢᠯᠳᠡ ᠶᠢ ᠤᠯᠠᠮ ᠢᠯᠡᠬᠦᠦ ᠴᠡᠴᠡᠭᠯᠡᠬᠦᠯᠦᠨ ᠬᠦᠭᠵᠢᠬᠦᠯᠪᠡ᠃ ᠲᠡᠭᠡᠷ᠎ᠡ ᠵᠠᠭᠤᠨ ᠤ ᠲᠦᠴᠢᠭᠡᠳ ᠤᠨ ᠤ ᠡᠬᠢᠨ ᠠᠴᠠ ᠵᠢᠷᠠᠭᠠᠳ ᠤᠨ ᠤ  ᠲᠤᠮᠳᠠᠴᠢ ᠬᠦᠷᠳᠡᠯ᠎ᠡ ᠲᠠᠪᠠᠭᠠᠨ ᠠᠷᠤ ᠶᠢᠨ ᠭᠠᠵᠠᠷ ᠤᠷᠤᠨ ᠳᠤ ᠲᠠᠶᠢᠹᠤᠰᠧ ᠤᠨ ᠱᠠᠨ ᠰᠢ ᠵᠦᠴᠦᠭᠡ ᠭᠡᠪᠡᠯ ᠮᠡᠳᠡᠬᠦ ᠦᠬᠡᠢ ᠬᠦᠮᠦᠨ ᠬᠡᠵᠦ ᠦᠬᠡᠢ ᠪᠠᠶᠢᠵᠠᠢ᠃  ︽ᠰᠤᠶᠤᠯ ᠤᠨ ᠶᠡᠭᠡ ᠬᠤᠪᠢᠰᠬᠠᠯ︾᠎ ᠤᠨ ᠲᠤᠮᠳᠠ  ᠨᠢᠬᠡ ᠬᠤᠭᠤᠴᠠᠭ᠎ᠠ ᠲᠤᠭᠯᠠᠯᠳᠠ ᠵᠤᠭᠰᠤᠵᠤ ᠤᠯᠠᠮᠵᠢᠯᠠᠯ ᠲᠠᠰᠤᠷᠠᠪᠠ᠃  1980 ᠤᠨ ᠳᠤ  ᠬᠠᠭᠤᠴᠢᠨ ᠲᠤᠭᠯᠠᠭᠴᠢᠳ ᠢ ᠲᠠᠭᠤᠳᠠᠨ  ᠴᠤᠭᠯᠠᠭᠤᠯᠬᠤ ᠶᠢᠨ ᠬᠠᠮᠳᠤ᠂ 10 ᠲᠤᠭᠯᠠᠭᠴᠢ ᠰᠢᠨ᠎ᠡ ᠪᠠᠷ ᠡᠯᠰᠡᠵᠦ᠂ ᠪᠤᠤᠴᠠᠩ ᠤᠨ ᠱᠠᠨ ᠰᠢ ᠵᠦᠴᠦᠭᠡ ᠶᠢᠨ ᠪᠦᠯᠬᠦᠮ ᠢ ᠰᠡᠷᠬᠦᠬᠡᠨ ᠪᠠᠶᠢᠭᠤᠯᠤᠭᠰᠠᠨ ᠪᠠᠶᠢᠨ᠎ᠠ᠃  ᠤᠳᠤ ᠪᠤᠯᠬᠤ ᠳᠤ᠂ ᠲᠠᠶᠢᠹᠤᠰᠧ ᠤᠨ ᠱᠠᠨ ᠰᠢ ᠵᠦᠴᠦᠭᠡ ᠨᠢ ᠨᠢᠬᠡᠨᠳᠡ ᠬᠦᠮᠦᠨ ᠠᠷᠠᠳ ᠤᠨ ᠠᠮᠢᠳᠤᠷᠠᠯ ᠳᠤ ᠠᠭᠤᠰᠤᠯᠴᠠᠵᠤ᠂  ᠤᠶᠢᠷ᠎ᠠ ᠤᠷᠴᠢᠮ ᠤᠨ ᠬᠢᠳᠠᠳ ᠦᠨᠳᠦᠰᠦᠳᠡᠨ ᠎ ᠤ ᠤᠯᠠᠭᠠᠨ ᠴᠠᠭᠠᠨ ᠤ ᠶᠠᠪᠤᠳᠠᠯ  ᠂ ᠪᠠᠶᠠᠷ ᠨᠠᠶᠢᠷ ᠤᠨ ᠶᠤᠰᠤᠯᠠᠯ ᠳᠤ ᠲᠤᠳᠠᠭᠳᠠᠵᠤ ᠪᠤᠯᠤᠰᠢ ᠦᠬᠡᠢ ᠨᠢᠬᠡ ᠵᠦᠢᠯ ᠎ ᠤᠨ ᠬᠦᠷ ᠬᠦᠭᠵᠢᠶᠡᠨ ᠨᠡᠮᠡᠷᠢᠯᠡᠬᠦ ᠠᠵᠢᠯᠯᠠᠭ᠎ᠠ ᠪᠤᠯᠵᠤ᠂  ᠬᠤᠯᠠ  ᠤᠶᠢᠷ᠎ᠠ ᠳᠤ ᠨᠡᠷ᠎ᠡ ᠠᠯᠳᠠᠷᠰᠢᠭᠠᠳ᠂  ᠭᠠᠳᠠᠨ᠎ᠠ ᠮᠤᠵᠢ ᠤᠷᠤᠨ ᠢᠶᠠᠷ ᠴᠤ ᠵᠠᠯᠠᠭᠳᠠᠨ ᠬᠦᠷᠴᠦ ᠲᠤᠭᠤᠷᠢᠨ ᠲᠤᠭᠯᠠᠳᠠᠭ ᠪᠤᠯᠪᠠ᠃       ᠱᠠᠨ ᠰᠢ ᠵᠦᠴᠦᠭᠡ ᠳᠤ ᠡᠷᠡᠭᠳᠡᠢ᠂ ᠡᠮᠡᠭᠳᠡᠢ᠂ ᠠᠯᠠᠭ ᠴᠢᠷᠠᠶᠢᠳᠤ᠂  ᠬᠤᠳᠤᠭᠴᠢᠨ ᠵᠡᠷᠭᠡ ᠶᠢᠨ ᠲᠦᠷᠢ ᠭᠠᠷᠳᠠᠭ᠃ ᠵᠦᠴᠦᠭᠡ ᠲᠤᠭᠯᠠᠬᠤ ᠳᠤ ᠬᠡᠩᠭᠡᠷᠭᠡ᠂ ᠴᠠᠩ  ᠂ ᠬᠠᠷᠠᠩᠭ᠎ᠠ᠂  ᠲᠤᠪᠰᠢᠭᠤᠷ᠂ ᠬᠤᠭᠤᠷ᠂ ᠱᠠᠨᠵᠠ᠂ ᠯᠢᠩᠪᠦ᠂ ᠪᠦᠷᠢᠶ᠎ᠡ᠂  ᠪᠢᠰᠬᠢᠬᠦᠷ ᠵᠡᠷᠭᠡ ᠤᠯᠠᠨ ᠵᠦᠢᠯ ᠤᠨ ᠬᠦᠭᠵᠢᠮ ᠭᠡᠷᠡᠭᠰᠡᠨ᠎ᠡ᠃ ᠲᠦᠯᠦᠭᠡᠯᠡᠭᠴᠢ ᠪᠦᠳᠦᠭᠡᠯ ᠪᠤᠯᠬᠤ  ︽ ᠬᠦᠩᠵᠦ ᠶᠢ ᠵᠤᠳᠤᠭᠰᠠᠨ ᠨᠢ︾᠂ ︽ ᠵᠢᠶᠠᠩ  ᠡᠬᠡᠴᠢ︾᠂ ︽ ᠱᠠ ᠵᠢᠶᠠ ᠪᠠᠩ︾᠂ ︽ᠤᠯᠠᠭᠠᠨ ᠳ᠋ᠧᠩ ᠤᠨ ᠲᠡᠮᠳᠡᠭᠯᠡᠯ︾ ᠵᠡᠷᠭᠡ ᠤᠯᠠᠮᠵᠢᠯᠠᠯᠳᠤ ᠵᠦᠴᠦᠭᠡ ᠨᠢ ᠠᠬᠤᠢ ᠠᠮᠢᠳᠤᠷᠠᠯ ᠬᠢᠭᠡᠳ ᠤᠶᠤᠨ ᠤ ᠪᠤᠯᠪᠠᠰᠤᠨ ᠤ ᠪᠠᠶᠢᠭᠤᠯᠤᠯᠳᠠ ᠶᠢᠨ ᠲᠤᠮᠳᠠ   ᠬᠦᠮᠦᠨ ᠠᠷᠠᠳ ᠢ ᠤᠬᠠᠭᠠᠷᠠᠭᠤᠯᠤᠨ ᠬᠦᠮᠦᠵᠢᠬᠦᠯᠬᠦ  ᠴᠢᠬᠤᠯᠠ  ᠦᠢᠯᠡᠳᠦᠯ  ᠪᠠᠳᠠᠷᠠᠭᠤᠯᠵᠤ᠂   ᠨᠡᠶᠢᠬᠡᠮ ᠤᠨ ᠦᠨ᠎ᠡ ᠦᠷᠳᠡᠭ ᠢᠶᠠᠷ ᠲᠤᠶᠢᠯ ᠤᠨ ᠶᠡᠭᠡ ᠪᠠᠶᠢᠳᠠᠭ ᠪᠢᠯᠡ  ᠃       ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠨᠢᠶᠧ ᠲᠢᠶᠠᠨ ᠷᠦᠩ᠂ ᠡᠷᠡᠭᠳᠡᠢ᠂  ᠬᠢᠳᠠᠳ ᠦᠨᠳᠦᠰᠦᠳᠡᠨ᠂ 1946 ᠤᠨ ᠳᠤ ᠲᠦᠷᠦᠪᠡ᠃ ᠰᠢᠯᠢ ᠶᠢᠨ ᠭᠤᠤᠯ ᠠᠶᠢᠮᠠᠭ ᠤᠨ ᠲᠠᠶᠢᠹᠤᠰᠧ ᠬᠤᠰᠢᠭᠤᠨ ᠤ  ᠬᠦᠮᠦᠨ᠃ 1959 ᠤᠨ ᠠᠴᠠ ᠡᠬᠢᠯᠡᠨ ᠰᠢ ᠵᠦᠴᠦᠭᠡ ᠶᠢᠨ ᠤᠷᠠᠯᠢᠭ ᠤᠨ ᠵᠠᠮ ᠢ ᠵᠠᠮᠨᠠᠵᠤ᠂ 16 ᠨᠠᠰᠤᠳᠠᠢ ᠎ ᠳᠠᠭᠠᠨ ᠪᠤᠤᠴᠠᠩ ᠤᠨ ᠰᠢ ᠵᠦᠴᠦᠭᠡ ᠶᠢᠨ ᠪᠦᠯᠬᠦᠮ ᠳᠤ ᠡᠯᠰᠡᠭᠳᠡᠨ᠂ ᠯᠢ ᠱᠧᠩ ᠬᠤᠸᠠ ᠪᠠᠭᠰᠢ ᠶᠢᠨ ᠱᠠᠪᠢ ᠪᠤᠯᠵᠠᠢ᠃ ᠡᠬᠢᠯᠡᠭᠡᠳ ᠪᠦᠯᠬᠦᠮ ᠤᠨ ᠤᠯᠠᠨ ᠲᠠᠢ ᠪᠠᠨ ᠬᠠᠮᠳᠤ  ᠾᠧᠪᠸᠢ ᠮᠤᠵᠢ᠂ ᠱᠠᠨ ᠰᠢ ᠶᠢᠨ ᠲᠤᠮᠳᠠ ᠭᠡᠰᠡᠭ᠂ ᠲᠠᠶᠢᠶᠤᠸᠠᠨ ᠵᠡᠷᠭᠡ ᠭᠠᠵᠠᠷ ᠤᠷᠤᠨ ᠢᠶᠠᠷ ᠲᠤᠭᠯᠠᠯᠳᠠ ᠭᠠᠷᠭᠠᠵᠤ ᠪᠠᠶᠢᠭᠰᠠᠨ ᠢᠶᠠᠨ ᠰᠡᠬᠦᠯ ᠤᠨ ᠦᠶ᠎ᠡ ᠳᠤ  ᠲᠤᠭᠤᠷᠢᠨ ᠲᠤᠭᠯᠠᠬᠤ ᠬᠦᠷᠢᠶ᠎ᠡ ᠬᠡᠪᠴᠢᠶ᠎ᠡ  ᠎ ᠨᠢ ᠦᠷᠭᠡᠵᠢᠨ᠂  ᠱᠠᠨ ᠰᠢ᠂ ᠦᠪᠦᠷ ᠮᠤᠩᠭᠤᠯ᠂ ᠾᠧᠪᠸᠢ ᠶᠢᠨ ᠶᠡᠬᠡᠩᠬᠢ ᠭᠠᠵᠠᠷ ᠤᠷᠤᠨ ᠵᠢᠴᠢ ᠪᠡᠭᠡᠵᠢᠩ ᠲᠢᠶᠠᠨᠵᠢᠨ ᠢᠶᠠᠷ ᠴᠤ ᠲᠤᠭᠤᠷᠢᠨ  ᠲᠤᠭᠯᠠᠳᠠᠭ ᠪᠤᠯᠪᠠ᠃  ᠲᠠᠪᠢᠭᠠᠳ ᠵᠢᠯ ᠤᠨ ᠤᠷᠠᠯᠢᠭ ᠤᠨ ᠵᠠᠮᠨᠠᠯ ᠳᠤ᠂ ᠨᠢᠶᠧ ᠲᠢᠶᠠᠨ ᠷᠦᠩ ᠱᠠᠨ ᠰᠢ ᠵᠦᠴᠦᠭᠡ ᠶᠢ ᠰᠢᠷᠭᠠᠭᠤ ᠬᠠᠳᠠᠭᠤᠵᠢᠯᠳᠠᠢ ᠰᠤᠷᠴᠤ ᠰᠤᠳᠤᠯᠤᠨ᠂  ᠤᠯᠠᠮᠵᠢᠯᠠᠨ ᠵᠠᠯᠭᠠᠮᠵᠢᠯᠠᠬᠤ ᠶᠢᠨ ᠲᠠᠭᠠᠤ ᠦᠬᠡᠷᠡᠴᠢᠯᠡᠨ ᠬᠦᠭᠵᠢᠬᠦᠯᠵᠦ᠂   ᠲᠠᠶᠢᠹᠤᠰᠧ ᠤᠨ ᠦᠪᠡᠷᠮᠢᠴᠡ ᠤᠨᠴᠠᠯᠢᠭ ᠲᠠᠢ ᠱᠠᠨ ᠰᠢ ᠵᠦᠴᠦᠭᠡ ᠶᠢᠨ ᠴᠡᠴᠡᠭᠯᠡᠯ ᠬᠦᠭᠵᠢᠯᠳᠡ ᠳᠤ ᠬᠤᠪᠢ ᠨᠡᠮᠡᠷᠢ ᠪᠠᠨ ᠡᠷᠬᠦᠭᠰᠡᠨ ᠪᠠᠶᠢᠨ᠎ᠠ᠃         2013 ᠤᠨ ᠳᠤ ᠲᠠᠶᠢᠹᠤᠰᠧ ᠬᠤᠰᠢᠭᠤ  ᠱᠠᠨ ᠰᠢ ᠵᠦᠴᠦᠭᠡ  ᠎ ᠶᠢ  ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠢᠶᠠᠷ ᠪᠦᠷᠢᠳᠭᠡᠬᠦᠯᠵᠦ᠂ 2014 ᠤᠨ ᠳᠤ  ᠨᠢᠶᠧ ᠲᠢᠶᠠᠨ ᠷᠦᠩ  ᠤᠷᠤᠨ ᠤ ᠲᠡᠰ ᠎ ᠤᠨ ᠦᠪᠯᠡᠨ ᠤᠯᠠᠮᠵᠢᠯᠠᠭᠴᠢ ᠪᠤᠯᠤᠭᠰᠠᠨ ᠪᠠᠶᠢᠨ᠎ᠠ᠃  ᠡᠬᠦᠨ ᠠᠴᠠ ᠭᠠᠳᠠᠨ᠎ᠠ᠂  ᠠᠶᠢᠮᠠᠭ ᠤᠨ ᠲᠡᠰ ᠤᠨ ᠦᠪᠯᠡᠨ ᠤᠯᠠᠮᠵᠢᠯᠠᠭᠴᠢ ᠳᠤ ᠡᠤ ᠸᠧᠨ ᠳ᠋ᠧ᠂  ᠮᠧᠩ ᠬᠦᠢ ᠰᠢ  ᠂ ᠸᠠᠩ ᠳ᠋ᠢᠶᠠᠨ ᠪᠢᠨ ᠵᠡᠷᠭᠡ ᠬᠦᠮᠦᠰ ᠪᠤᠢ᠃    
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号