ᠬᠤᠨᠢᠨ ᠤ ᠨᠤᠤᠰᠤ ᠪᠠᠷ ᠢᠰᠡᠭᠡᠢ ᠬᠢᠵᠦ ᠭᠡᠷᠡᠭᠯᠡᠳᠡᠭ᠃ ᠢᠰᠡᠭᠡᠢ ᠬᠢᠬᠦ ᠠᠵᠢᠯ ᠨᠢ ᠭᠤᠤᠯᠳᠠᠭᠤ ᠵᠤᠨ ᠤᠨ | ᠰᠡᠬᠦᠯᠴᠢ᠂ ᠨᠠᠮᠤᠷ ᠤᠨ ᠡᠬᠢ ᠪᠠᠷ ᠶᠠᠪᠤᠭᠳᠠᠳᠠᠭ ᠪᠠᠶᠢᠵᠠᠢ᠃ ᠢᠰᠡᠭᠡᠢ ᠬᠢᠬᠦ ᠡᠳᠦᠷ ᠢᠶᠠᠨ ᠡᠷᠳᠡ ᠠᠴᠠ ᠲᠤᠭᠳᠠᠵᠤ᠂ | ᠠᠶᠢᠯ ᠰᠠᠭᠠᠬᠠᠯᠳᠠ ᠳᠠᠭᠠᠨ ᠴᠢᠮᠡᠭᠡ ᠦᠭᠬᠦᠨ᠎ᠡ᠃ ᠢᠰᠡᠭᠡᠢ ᠬᠢᠬᠦ ᠳᠤ ᠲᠡᠭᠰᠢ ᠰᠠᠶᠢᠬᠠᠨ᠂ ᠵᠦᠯᠭᠡᠷᠬᠡᠦ ᠭᠠᠵᠠᠷ ᠢ | ᠰᠤᠩᠭᠤᠳᠠᠭ᠃ ᠭᠡᠷᠪᠡ ︽ᠡᠬᠡ ᠢᠰᠡᠭᠡᠢ︾ ᠪᠠᠶᠢᠬᠤ ᠦᠬᠡᠢ ᠪᠤᠯ ᠠᠶᠢᠯ ᠠᠴᠠ ᠵᠠᠯᠠᠵᠤ ᠠᠪᠴᠢᠷᠠᠨ᠎ᠠ᠃ ᠲᠡᠭᠡᠭᠡᠳ | ᠡᠬᠡ ᠢᠰᠡᠭᠡᠢ ᠲᠡᠭᠡᠷ᠎ᠡ ᠪᠠᠨ ᠤᠩᠭᠠᠰᠤ ᠪᠠᠨ ᠵᠤᠯᠤᠨᠠ᠃ ᠠᠩᠬᠠᠨ ᠤ ᠨᠤᠤᠰᠤ ᠶᠢ ᠵᠠᠪᠠᠯ ᠠᠶᠢᠯ ᠳᠠᠭᠠᠨ ᠬᠦᠨᠳᠦᠳᠡᠢ | ᠨᠠᠰᠤᠳᠠᠢ ᠡᠮᠡᠭᠳᠡᠢ ᠬᠦᠮᠦᠨ ᠢᠶᠠᠷ ᠵᠤᠯᠤᠭᠤᠯᠳᠠᠭ᠃ ᠡᠬᠦᠨ ᠢ ︽ᠮᠦᠷ ᠭᠠᠷᠭᠠᠬᠤ︾ ᠬᠡᠨ᠎ᠡ᠃ ᠢᠩᠬᠢᠵᠦ ᠨᠤᠤᠰᠤ | ᠪᠠᠨ ᠵᠤᠯᠤᠭᠰᠠᠨ ᠤ ᠲᠠᠷᠠᠭ᠎ᠠ᠂ ᠪᠦᠯᠢᠶᠡᠨ ᠤᠰᠤ ᠪᠠᠷ ᠵᠢᠭᠳᠡ ᠰᠦᠷᠴᠢᠨ ᠱᠠᠪᠰᠢᠨ᠎ᠠ᠃ | ᠡᠬᠡ ᠢᠰᠡᠭᠡᠢ ᠳᠤ ᠵᠤᠯᠤᠭᠰᠠᠨ ᠨᠤᠤᠰᠤ ᠪᠠᠨ ᠪᠠᠭᠠᠨ᠎ᠠ ᠳᠤ ᠤᠷᠢᠶᠠᠵᠤ᠂ ᠭᠠᠳᠠᠭᠤᠷ ᠨᠢ ᠰᠢᠷᠢ ᠪᠠᠷ ᠤᠷᠢᠶᠠᠨ᠂ | ᠬᠤᠶᠠᠷ ᠲᠠᠯ᠎ᠠ ᠶᠢ ᠨᠢ ᠰᠤᠷ ᠢᠶᠠᠷ ᠦᠳᠡᠨ᠎ᠡ᠃ ᠪᠠᠭᠠᠨ᠎ᠠ ᠶᠢᠨ ᠬᠤᠶᠠᠷ ᠦᠵᠦᠬᠦᠷ ᠲᠤ ᠭᠠᠷᠠᠬ᠎ᠠ ᠲᠠᠭᠠᠷᠠᠭᠤᠯᠵᠤ᠂ | ᠢᠰᠡᠭᠡᠢ ᠲᠠᠳᠠᠬᠤ ᠲᠡᠭᠡᠰᠦ ᠶᠢ ᠪᠠᠬᠢᠯᠡᠨ᠂ ᠮᠤᠷᠢ ᠲᠠᠢ ᠬᠦᠮᠦᠨ ᠢᠶᠠᠷ ᠲᠠᠳᠠᠭᠤᠯᠤᠨᠠ᠃ ᠡᠶᠢᠨ ᠬᠦ᠋ ᠨᠠᠢᠮᠠ ᠶᠢᠰᠦᠨ | ᠭᠠᠵᠠᠷ ᠲᠠᠳᠠᠵᠤ ᠶᠠᠪᠤᠭᠠᠳ ᠴᠢᠩᠭᠠᠷᠠᠭᠰᠠᠨ ᠬᠤᠶᠢᠨ᠎ᠠ᠂ ᠡᠬᠡ ᠢᠰᠡᠭᠡᠢ ᠠᠴᠠ ᠰᠠᠯᠭᠠᠨ ᠲᠠᠷᠤᠵᠤ ᠤᠯᠠᠮ | ᠴᠢᠩᠭᠠᠷᠠᠭᠤᠯᠤᠨ᠎ᠠ᠃ ᠡᠨᠡ ᠮᠡᠳᠦ ᠪᠠᠷ ᠨᠤᠤᠰᠤ ᠵᠤᠯᠤᠵᠤ ᠲᠠᠬᠢᠨ ᠲᠠᠪᠳᠠᠨ ᠠᠵᠢᠯᠯᠠᠬᠤ ᠶᠠᠪᠤᠴᠠ ᠪᠠᠷ ᠤᠯᠠᠨ | ᠢᠰᠡᠭᠡᠢ ᠬᠢᠵᠦ ᠭᠠᠷᠭᠠᠳᠠᠭ᠃ | ᠢᠰᠡᠭᠡᠢ ᠪᠠᠷ ᠭᠡᠷ ᠤᠨ ᠪᠦᠷᠢᠶᠡᠰᠦ᠂ ᠲᠡᠪᠢᠰᠭᠡᠷ ᠰᠢᠷᠢᠳᠡᠭ᠂ ᠡᠬᠦᠳᠡᠨ ᠤ ᠤᠷᠬᠢᠭᠤᠯ᠂ ᠲᠤᠬᠤᠮ ᠲᠤᠬᠤᠰᠢ᠂ | ᠰᠡᠦᠬᠡ ᠶᠢᠨ ᠪᠦᠷᠬᠦᠬᠦᠯ ᠵᠡᠷᠭᠡ ᠡᠳ᠋ᠯᠡᠯ ᠦᠢᠯᠡᠳᠦᠨ᠎ᠡ᠃ ᠬᠠᠪᠤᠷ ᠳᠦᠯ ᠳᠤᠰᠬᠤ ᠳᠤ ᠠᠪᠴᠤ ᠶᠠᠪᠤᠳᠠᠭ ᠬᠤᠷᠠᠭᠠᠨ | ᠤ ᠤᠭᠤᠳᠠ ᠶᠢ ᠢᠰᠡᠭᠡᠢ ᠪᠠᠷ ᠬᠢᠭᠰᠡᠨ ᠪᠤᠯᠬᠤᠷ ᠬᠦᠩᠭᠡᠨ ᠮᠦᠷᠳᠡᠭᠡᠨ ᠵᠦᠭᠡᠯᠡᠨ ᠪᠠᠶᠢᠵᠤ᠂ ᠨᠢᠯᠬ᠎ᠠ ᠬᠤᠷᠠᠭ᠎ᠠ | ᠢᠰᠢᠭᠡ ᠶᠢ ᠤᠭᠤᠳᠠᠯᠠᠬᠤ ᠳᠤ ᠬᠠᠮᠤᠭ ᠤᠨ ᠵᠤᠬᠢᠮᠵᠢ ᠲᠠᠢ ᠶᠤᠮ᠃ ᠲᠠᠶᠢᠹᠤᠰᠧ ᠪᠦᠰᠡᠭᠦᠶᠢᠴᠤᠳ ᠵᠠᠬ᠎ᠠ ᠠᠴᠠ | ᠪᠠᠨ ᠤᠷᠠᠨ ᠪᠠᠶᠢᠵᠤ᠂ ᠲᠡᠪᠡᠯ ᠬᠤᠪᠴᠠᠰᠤ᠂ ᠢᠰᠡᠭᠡᠢ ᠰᠢᠷᠢᠳᠡᠭ᠂ ᠭᠤᠳᠤᠯ ᠱᠠᠬᠠᠢ ᠶᠢ ᠮᠠᠰᠢ ᠰᠠᠶᠢᠬᠠᠨ ᠤᠷᠠᠯᠠᠵᠤ | ᠤᠶᠤᠳᠠᠭ᠃ ᠭᠡᠷ ᠤᠨ ᠲᠡᠭᠡᠪᠦᠷ ᠲᠤ ᠬᠦᠯᠳᠦᠷᠭᠡ ᠲᠠᠭᠠᠷᠠᠭᠤᠯᠵᠤ ᠤᠶᠤᠬᠤ᠂ ᠡᠬᠦᠳᠡᠨ ᠤ ᠤᠷᠬᠢᠭᠤᠯ᠂ ᠲᠡᠪᠢᠰᠭᠡᠷ | ᠰᠢᠷᠢᠳᠡᠭ ᠲᠤ ᠡᠯᠳᠡᠪ ᠶᠠᠩᠵᠤ ᠶᠢᠨ ᠬᠡ ᠤᠭᠠᠯᠵᠠ ᠭᠠᠷᠭᠠᠨ᠂ ᠲᠡᠮᠡᠭᠡᠨ ᠨᠤᠤᠰᠤ ᠤᠳᠠᠰᠤ ᠪᠠᠷ ᠮᠠᠰᠢ ᠭᠤᠶᠤᠯᠠᠵᠤ | ᠰᠢᠷᠢᠵᠦ ᠪᠠᠬᠢᠯᠡᠭᠰᠡᠨ ᠪᠠᠶᠢᠳᠠᠭ᠃ ᠡᠨᠡ ᠲᠤᠬᠠᠢ ᠲᠡᠦᠬᠡ ᠰᠤᠳᠤᠷ ᠲᠤ ︽ᠮᠤᠩᠭᠤᠯᠴᠤᠳ ᠤᠨ ᠢᠰᠡᠭᠡᠢ ᠶᠢᠨ | ᠲᠤᠳᠤᠷ᠎ᠠ ᠴᠠᠬᠠᠷ ᠤᠨ ᠬᠢᠨ ᠤ ᠬᠢᠳᠡᠭ ᠢᠰᠡᠭᠡᠢ ᠬᠠᠮᠤᠭ ᠤᠨ ᠠᠯᠳᠠᠷᠳᠠᠢ ᠶᠤᠮ᠂ ᠲᠤᠳᠤᠷ᠎ᠠ ᠭᠠᠵᠠᠷ ᠤᠨ ᠤᠷᠠᠴᠤᠳ | ᠤᠨ ᠦᠢᠯᠡᠳᠦᠭᠰᠡᠨ ᠢᠰᠡᠭᠡᠢ ᠠᠴᠠ ᠰᠠᠶᠢᠬᠠᠨ ᠮᠦᠷᠳᠡᠭᠡᠨ ᠪᠦᠬᠡ ᠪᠠᠶᠢᠳᠠᠭ᠃ ᠮᠤᠩᠭᠤᠯ ᠮᠠᠯᠴᠢᠳ ᠪᠠᠭ᠋ᠠᠷᠬᠠᠳᠠᠭ ᠢᠶᠠᠷ | ᠦᠯᠦ ᠪᠠᠷᠠᠨ᠂ ᠸᠠᠩ ᠬᠦᠩ ᠢᠵᠠᠭᠤᠷᠳᠠᠨ ᠪᠤᠯᠤᠨ ᠴᠢᠩ ᠬᠦᠷᠦᠨ ᠤ ᠨᠤᠶᠠᠷᠬᠠᠭᠴᠢᠳ ᠴᠤ ᠤᠷᠳᠤ ᠬᠠᠷᠰᠢ᠂ ᠭᠡᠷ | ᠦᠷᠦᠭᠡ ᠪᠠᠨ ᠴᠢᠮᠡᠭᠯᠡᠬᠦ ᠳᠡᠭᠡᠨ ᠡᠬᠦᠨ ᠢ ᠭᠡᠷᠡᠭᠯᠡᠬᠦ ᠲᠤᠷᠠᠳᠠᠢ ᠪᠠᠶᠢᠯ᠎ᠠ︾ ᠭᠡᠵᠦ ᠲᠡᠮᠳᠡᠭᠯᠡᠵᠡᠢ᠃ |