ᠭᠠᠵᠠᠷ ᠤᠰᠤᠨ —  ᠪᠠᠷᠰ ᠠᠭᠤᠯᠠ
ᠨᠡᠶᠢᠲᠡᠯᠡᠭᠰᠡᠨ ᠴᠠᠭ᠄
2020/3/26
  ᠲᠠᠶᠢᠹᠤᠰᠧ ᠬᠤᠰᠢᠭᠤᠨ ᠤ ᠲᠦᠪ  ᠪᠤᠤᠴᠠᠩ ᠪᠠᠯᠭᠠᠰᠤᠨ ᠠᠴᠠ ᠪᠠᠷᠠᠭᠤᠨ ᠬᠤᠶᠢᠰᠢ  ᠨᠠᠢᠮᠠᠨ ᠭᠠᠵᠠᠷ ᠤᠨ ᠵᠠᠶᠢᠳᠠᠢ ᠬᠦᠨᠳᠡᠯᠢᠳᠦᠨ ᠰᠡᠬᠦᠶᠢᠭᠰᠡᠨ ᠨᠢᠬᠡᠨ ᠠᠭᠤᠯᠠ ᠶᠢ  ᠪᠠᠷᠰ ᠠᠭᠤᠯᠠ  ᠬᠡᠵᠦ᠂  ᠲᠡᠬᠦᠨ ᠢ ᠲᠠᠶᠢᠹᠤᠰᠧ ᠵᠡᠬᠦᠨ ᠭᠠᠷ ᠰᠦᠷᠦᠭ ᠤᠨ ᠵᠡᠬᠦᠨ ᠵᠦᠭ ᠢ ᠰᠠᠬᠢᠭᠰᠠᠨ ᠬᠦᠴᠦᠳᠦ ᠪᠠᠷᠰ ᠨᠢ  ᠭᠡᠳᠡᠭ᠃ ᠠᠯᠤᠰ ᠠᠴᠠ ᠬᠠᠷᠠᠬᠤᠯ᠎ᠠ  ᠦᠨᠡᠭᠡᠷ ᠨᠢᠬᠡᠨ ᠤᠢ ᠲᠠᠶᠢᠭ᠎ᠠ ᠶᠢᠨ ᠲᠤᠮᠳᠠ ᠪᠡᠶ᠎ᠡ ᠪᠠᠨ ᠬᠤᠷᠢᠶᠠᠵᠤ ᠭᠡᠪᠳᠡᠭᠡᠳ᠂  ᠤᠬᠤᠰᠬᠢᠨ ᠪᠤᠰᠤᠮᠠᠷ ᠪᠠᠶᠢᠭ᠎ᠠ ᠲᠤᠮᠤ ᠪᠠᠷᠰ ᠮᠡᠳᠦ  ᠬᠠᠷᠠᠭᠳᠠᠨ᠎ᠠ᠃ ᠠᠭᠤᠯᠠ   ᠶᠢᠨ ᠤᠷᠤᠢ ᠳᠤ ᠨᠠᠢᠮᠠᠨ ᠲᠤᠯᠤᠭᠠᠢ ᠲᠠᠢ᠂ ᠨᠠᠢᠮᠠᠨ ᠲᠤᠯᠤᠭᠠᠢ  ᠳᠤᠨᠢ ᠡᠷᠳᠡᠨᠢ ᠶᠢᠨ ᠨᠠᠢᠮᠠᠨ  ᠬᠦᠯᠦᠭ ᠲᠡᠯ ᠢᠶᠠᠨ ᠪᠤᠰᠬᠠᠨ ᠠᠰᠯᠠᠨ ᠪᠤᠰᠴᠤ ᠠᠯᠤᠰ ᠢ ᠪᠠᠷᠠᠯᠠᠵᠤ ᠪᠠᠶᠢᠭ᠎ᠠ ᠮᠡᠳᠦ᠃ ᠤᠯᠠᠮᠵᠢᠯᠠᠯ ᠶᠠᠷᠢᠶᠠᠨ ᠳᠤ ᠪᠠᠰᠠ ᠨᠠᠢᠮᠠᠨ ᠰᠠᠷ᠎ᠠ ᠶᠢᠨ  ᠲᠤᠮᠳᠠᠴᠢ ᠪᠠᠷ ᠡᠷᠳᠡᠨᠢ ᠶᠢᠨ ᠨᠠᠢᠮᠠᠨ  ᠬᠦᠯᠦᠭ  ᠠᠭᠤᠯᠠᠨ  ᠠᠴᠠ ᠪᠠᠭᠤᠵᠤ᠂ ᠠᠭᠤᠯᠠ ᠶᠢᠨ ᠠᠷᠤ   ᠳᠤ ᠤᠨᠳᠤᠷᠴᠤ ᠪᠠᠶᠢᠭ᠎ᠠ ᠡᠷᠳᠡᠨᠢ ᠶᠢᠨ ᠪᠤᠯᠠᠭ ᠤᠨ ᠤᠰᠤ ᠶᠢ ᠤᠤᠭᠤᠳᠠᠭ ᠬᠡᠨ᠎ᠡ᠃     ᠪᠠᠷᠰ ᠠᠭᠤᠯᠠᠨ ᠳᠤ ᠪᠠᠰᠠ ᠨᠢᠬᠡ ᠭᠡᠰᠡᠭ  ᠰᠦᠷᠯᠢᠭ ᠭᠠᠶᠢᠬᠠᠮᠰᠢᠭᠳᠤ ᠠᠰᠬ᠎ᠠ ᠬᠠᠳᠠ ᠪᠤᠢ᠃  ᠬᠠᠳᠠ   ᠨᠢ ᠶᠠᠭ ᠴᠢᠯᠠᠭᠤᠨ ᠪᠠᠭᠠᠨ᠎ᠠ ᠤᠳ ᠢ ᠨᠡᠶᠢᠯᠡᠬᠦᠯᠵᠦ ᠨᠠᠭᠠᠭᠰᠠᠨ ᠰᠢᠭ᠋ ᠪᠤᠯᠬᠤᠷ ᠨᠤᠳᠤᠭ ᠤᠨ ᠬᠦᠮᠦᠰ ︽ᠴᠢᠯᠠᠭᠤᠨ ᠪᠠᠭᠠᠨᠠᠳᠤ ᠠᠭᠤᠯᠠ︾  ︵石条山) ᠬᠡᠵᠦ  ᠨᠡᠷᠡᠯᠡᠳᠡᠭ᠃ ᠲᠤᠰ ᠬᠠᠳᠠ ᠪᠤᠯ  ᠭᠠᠯᠳᠤ ᠠᠭᠤᠯᠠ ᠶᠢᠨ ᠲᠡᠯᠪᠡᠷᠡᠯᠳᠡ ᠠᠴᠠ ᠡᠬᠦᠰᠦᠭᠰᠡᠨ ᠭᠡᠳᠡᠭ ᠨᠢ ᠭᠠᠷᠴᠠᠭ᠎ᠠ ᠦᠬᠡᠢ᠃  ᠬᠠᠳᠠ ᠶᠢ ᠲᠤᠭᠤᠷᠢᠭᠠᠳ ᠢᠷᠤᠭᠠᠷ ᠲᠤᠨᠢ ᠪᠠᠰᠠ ᠶᠡᠭᠡ ᠪᠠᠭ᠎ᠠ ᠨᠢ ᠠᠳᠠᠯᠢ ᠪᠤᠰᠤ ᠡᠯᠳᠡᠪ  ᠶᠠᠩᠵᠤ ᠶᠢᠨ ᠲᠤᠮᠤ ᠴᠢᠯᠠᠭᠤ ᠨᠤᠭᠤᠳ ᠪᠠᠶᠢᠳᠠᠭ᠃ ᠡᠷᠳᠡᠨ ᠳᠡᠭᠡᠨ  ᠬᠠᠳᠠᠨ ᠲᠡᠭᠡᠷ᠎ᠡ ᠶᠤᠯᠤ ᠰᠢᠪᠠᠭᠤ ᠡᠬᠦᠷᠯᠡᠵᠦ ᠪᠠᠶᠢᠭᠰᠠᠨ ᠢᠶᠠᠷ ᠶᠤᠯᠤ ᠬᠠᠳᠠ ᠭᠡᠳᠡᠭ ᠪᠠᠶᠢᠵᠠᠢ᠃  ᠰᠡᠬᠦᠯᠡᠷ ᠨᠢ ᠨᠤᠳᠤᠭ ᠤᠨ ᠮᠤᠩᠭᠤᠯᠴᠤᠳ ᠪᠠᠰᠠ ᠬᠠᠳᠠᠨ ᠤ ᠭᠡᠯᠪᠡᠷᠢ ᠲᠦᠷᠰᠦ ᠳᠤ ᠲᠤᠬᠢᠷᠠᠭᠤᠯᠤᠨ ︽ᠬᠠᠨ᠎ᠠ ᠬᠠᠳᠠ︾ ᠬᠡᠵᠦ ᠰᠠᠶᠢᠬᠠᠨ ᠨᠡᠷ᠎ᠡ ᠦᠭᠴᠡᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号