ᠭᠠᠵᠠᠷ ᠤᠰᠤᠨ —  ᠠᠷᠰᠯᠠᠩᠳᠤ ᠬᠠᠶᠢᠷᠬᠠᠨ
ᠨᠡᠶᠢᠲᠡᠯᠡᠭᠰᠡᠨ ᠴᠠᠭ᠄
2020/3/26
   ᠤᠳᠤ   ᠶᠢᠨ ᠾᠧᠪᠸᠢ ᠮᠤᠵᠢ ᠶᠢᠨ ᠵᠠᠩᠪᠸᠢ ᠰᠢᠶᠠᠨ   ᠤ ᠬᠢᠵᠠᠭᠠᠷ ᠲᠤ ᠪᠠᠶᠢᠭ᠎ᠠ  ᠠᠷᠰᠯᠠᠩᠳᠤ ᠬᠠᠶᠢᠷᠬᠠᠨ  ᠪᠤᠯ ᠵᠡᠬᠦᠨ ᠭᠠᠷ  ᠲᠠᠶᠢᠹᠤᠰᠧ ᠶᠢᠨ ᠪᠠᠷᠠᠭᠤᠨ ᠬᠢᠵᠠᠭᠠᠷ ᠢ ᠰᠠᠬᠢᠵᠤ ᠰᠠᠭᠤᠭᠰᠠᠨ ᠠᠷᠰᠯᠠᠨ ᠬᠦᠴᠦᠳᠡᠨ ᠨᠢ ᠪᠤᠯᠤᠨ᠎ᠠ ᠃  ᠡᠷᠳᠡ ᠦᠶ᠎ᠡ ᠳᠤ ᠠᠳᠡ ᠡᠪᠡᠰᠦ ᠪᠡᠯᠴᠢᠭᠡᠷ ᠰᠠᠬᠤᠯᠢᠭ ᠤᠷᠭᠤᠵᠤ᠂  ᠠᠷᠢᠶᠠᠳᠠᠨ ᠠᠮᠢᠳᠠᠨ ᠤᠷᠤᠩᠨᠠᠭᠰᠠᠨ ᠦᠵᠡᠰᠬᠦᠯᠡᠩᠳᠦ ᠰᠠᠶᠢᠬᠠᠨ ᠭᠠᠵᠠᠷ ᠪᠠᠶᠢᠵᠠᠢ᠃  ᠠᠯᠤᠰ ᠠᠴᠠ ᠠᠵᠢᠬᠤ ᠳᠤ ᠠᠭᠤᠯᠠ   ᠶᠢᠨ ᠵᠡᠬᠦᠨ ᠲᠠᠯ᠎ᠠ ᠳᠤᠨᠢ  ᠬᠠᠳᠠ ᠴᠢᠯᠠᠭᠤ ᠪᠠᠭᠰᠢᠷᠠᠭᠠᠳ ᠠᠷᠰᠯᠠᠨ ᠤ ᠲᠤᠯᠤᠭᠠᠢ ᠮᠡᠳᠦ᠂  ᠪᠠᠷᠠᠭᠤᠨᠰᠢ ᠦᠷᠬᠦᠯᠵᠢᠯᠡᠭᠰᠡᠨ ᠠᠭᠤᠯᠠ ᠨᠢᠷᠤᠭᠤᠳ  ᠨᠢ ᠠᠷᠰᠯᠠᠨ ᠤ ᠨᠢᠷᠤᠭᠤ ᠪᠠ ᠰᠡᠬᠦᠯ ᠮᠡᠳᠦ ᠬᠠᠷᠠᠭᠳᠠᠳᠠᠭ᠃  ᠡᠨᠡ  ᠠᠭᠤᠯᠠᠨ ᠤ ᠬᠡᠶᠢᠮᠦᠷᠢ ᠰᠦᠯᠳᠡ ᠶᠢᠨ ᠰᠠᠬᠢᠭᠴᠢ ᠨᠢ ᠴᠠᠭᠠᠨ ᠠᠷᠰᠯᠠᠨ ᠪᠠᠶᠢᠯ᠎ᠠ ᠭᠡᠳᠡᠭ᠃ ᠠᠷᠰᠯᠠᠩᠳᠤ  ᠠᠭᠤᠯᠠ ᠶᠢᠨ ᠡᠩᠬᠡᠷ ᠲᠤ ᠦᠨᠡᠬᠡᠷ ᠨᠠᠢᠮᠠᠨ ᠲᠤᠬᠤᠢ ᠬᠢᠷᠢᠳᠡᠢ ᠦᠨᠳᠦᠷ ᠨᠢᠬᠡ ᠴᠤᠩᠨᠤᠶᠢᠭᠰᠠᠨ ᠴᠢᠯᠠᠭᠤᠨ ᠠᠷᠰᠯᠠᠨ ᠪᠠᠶᠢᠵᠠᠢ᠃  ᠡᠨᠡᠬᠦ ᠠᠷᠰᠯᠠᠨ ᠢ ᠲᠠᠶᠢᠹᠤᠰᠧ  ᠤᠨ ᠨᠤᠳᠤᠭ ᠠᠴᠠ ᠰᠢᠯᠵᠢᠬᠦᠯᠦᠨ ᠠᠪᠠᠴᠢᠵᠤ ᠲᠠᠯᠪᠢᠭᠰᠠᠨ ᠪᠠᠶᠢᠨ᠎ᠠ᠃ ᠨᠤᠳᠤᠭ ᠤᠨ ᠠᠬᠠᠮᠠᠳ ᠤᠨ ᠶᠠᠷᠢᠬᠤ ᠪᠠᠷ ᠡᠨᠡᠬᠦ ᠠᠷᠰᠯᠠᠨ ᠤᠤᠯ   ᠳᠠᠭᠠᠨ ᠬᠤᠶᠢᠰᠢ ᠬᠠᠷᠠᠭᠰᠠᠨ ᠪᠠᠶᠢᠳᠠᠭ ᠭᠡᠨ᠎ᠡ᠃  ᠤᠯᠠᠮᠵᠢᠯᠠᠯ ᠶᠠᠷᠢᠶᠠᠨ ᠳᠤ  ︽ᠤᠷᠢᠳᠤ ᠴᠠᠭ ᠲᠤ ᠡᠮᠦᠨ᠎ᠡ ᠭᠠᠵᠠᠷ ᠤᠨ ᠨᠢᠬᠡ  ᠶᠢᠯᠸᠢᠴᠢᠨ ᠲᠡᠷᠡ ᠠᠷᠰᠯᠠᠨ ᠢ ᠲᠡᠮᠦᠷ ᠬᠢᠨᠵᠢ ᠪᠠᠷ ᠤᠭᠤᠰᠤᠷᠯᠠᠨ᠂  ᠲᠠᠰᠢᠭᠤᠷᠳᠠᠵᠤ ᠲᠠᠭᠤᠭᠰᠠᠭᠠᠷ ᠶᠠᠪᠤᠵᠠᠢ᠃  ᠶᠠᠭ ᠼᠦᠩ ᠯᠢ   ᠶᠢᠨ ᠨᠠᠭᠠᠨ᠎ᠠ  ᠬᠦᠷᠬᠦ ᠳᠤ ᠲᠠᠶᠢᠹᠤᠰᠧ  ᠵᠡᠬᠦᠨ ᠭᠠᠷ ᠰᠦᠷᠦᠭ ᠤᠨ ᠰᠢᠯᠤᠭᠤᠨ ᠬᠦᠭᠡ ᠬᠤᠰᠢᠭᠤᠨ ᠤ  ᠬᠤᠶᠠᠷ  ᠬᠦᠮᠦᠨ ᠤᠯᠵᠤ ᠦᠵᠡᠬᠡᠳ  ᠦᠵᠡᠬᠡᠳ ᠲᠤᠪᠳᠤᠯᠭᠠᠨ ᠬᠦᠷᠴᠦ ︽ᠬᠠᠮᠢᠭ᠎ᠠ ᠠᠴᠠ ᠢᠷᠡᠭᠰᠡᠨ ᠶᠠᠮᠠᠷ  ᠠᠶᠤᠮᠰᠢᠭ ᠦᠬᠡᠢ ᠬᠦᠮᠦᠨ  ᠮᠠᠨ ᠤ ᠨᠤᠳᠤᠭ ᠤᠨ ᠠᠷᠰᠯᠠᠨ ᠢ ᠲᠠᠭᠤᠵᠤ ᠶᠠᠪᠤᠮᠤᠢ᠂  ᠵᠤᠭᠰᠤ︾ ᠬᠡᠮᠡᠨ  ᠵᠠᠩᠳᠤᠷᠤᠭᠰᠠᠨ ᠳᠤ ᠴᠢᠯᠠᠭᠤᠨ ᠠᠷᠰᠯᠠᠨ ᠴᠤ ᠡᠵᠡᠨ ᠤ ᠪᠠᠨ ᠲᠠᠭᠤ ᠪᠠᠷ  ᠪᠤᠴᠠᠨ ᠡᠷᠬᠢᠵᠦ ᠵᠤᠭᠰᠤᠭᠠᠳ  ᠂ ᠲᠠᠬᠢᠵᠤ ᠤᠷᠤᠨ ᠠᠴᠠ ᠪᠠᠨ ᠬᠦᠳᠡᠯᠬᠦ ᠪᠠᠨ  ᠪᠤᠯᠢᠭᠰᠠᠨ︾ ᠭᠡᠳᠡᠭ᠃  ᠢᠩᠬᠢᠭᠡᠳ ᠡᠨᠡ  ᠠᠷᠰᠯᠠᠨ ᠠᠭᠤᠯᠠᠨ ᠤ ᠡᠩᠬᠡᠷ ᠠᠴᠠ ᠲᠠᠯ᠎ᠠ ᠲᠡᠭᠡᠷ᠎ᠡ ᠤᠴᠢᠭᠰᠠᠨ ᠶᠤᠮ  ᠭᠡᠳᠡᠭ ᠲᠤᠮᠤᠭ ᠶᠠᠷᠢᠶ᠎ᠠ ᠦᠶ᠎ᠡ ᠤᠯᠠᠷᠢᠨ ᠤᠯᠠᠮᠵᠢᠯᠠᠭᠳᠠᠭᠰᠠᠭᠠᠷ ᠢᠷᠡᠭᠰᠡᠨ ᠪᠦᠬᠡᠳ ᠨᠤᠳᠤᠭ ᠤᠰᠤ᠂ ᠤᠪᠤᠭ᠎ᠠ ᠪᠤᠩᠬᠤᠨ᠂ ᠨᠠᠪᠳᠠᠭ ᠰᠠᠪᠳᠠᠭ ᠴᠤ ᠨᠤᠳᠤᠭ ᠤᠨ ᠡᠵᠡᠨ ᠤ   ᠪᠠᠨ ᠦᠬᠡ ᠶᠢ ᠰᠤᠨᠤᠰᠳᠠᠭ ᠬᠡᠵᠦ ᠬᠡᠯᠡᠳᠡᠭ  ᠃ ᠼᠦᠩ ᠯᠢ  ᠤᠷᠴᠢᠮ ᠤᠨ ᠲᠠᠷᠢᠶᠠᠴᠢᠳ ᠪᠠᠰᠠ ︽ᠡᠷᠳᠡ ᠴᠠᠭ ᠲᠤ ᠼᠠᠢ ᠵᠢᠶᠠ ᠶᠢᠩᠽᠢ ᠶᠢᠨ ᠵᠡᠬᠦᠨ ᠠᠭᠤᠯᠠᠨ ᠳᠤ ᠪᠠᠶᠢᠭᠰᠠᠨ ᠴᠢᠯᠠᠭᠤᠨ ᠠᠷᠰᠯᠠᠨ ᠨᠢ ᠲᠠᠯᠠᠢ ᠯᠠᠮᠠ ᠶᠢᠨ ᠲᠤᠭᠤᠷᠢᠨ ᠶᠠᠪᠤᠵᠤ ᠪᠠᠶᠢᠬᠤ ᠳᠤ ᠲᠠᠭᠠᠭᠠᠳ ᠤᠷᠤᠭᠰᠢ  ᠶᠠᠪᠤᠵᠠᠢ᠂ ᠱᠢ ᠽᠢ  ᠭᠸᠦ ︵ᠤᠳᠤ ᠠᠷᠰᠯᠠᠨ ᠪᠠᠶᠢᠭ᠎ᠠ ᠭᠠᠵᠠᠷ︶  ᠬᠦᠷᠬᠦ ᠳᠤ ᠲᠠᠯᠠᠢ ᠯᠠᠮᠠ  ᠠᠭᠤᠯᠠ  ᠤᠰᠤᠨ ᠤ ᠦᠩᠬᠡ ᠦᠵᠡᠮᠵᠢ᠂ ᠭᠠᠵᠠᠷ ᠤᠷᠤᠨ ᠤ ᠪᠠᠶᠠᠯᠢᠭ ᠢ ᠬᠠᠷᠠᠭᠠᠳ ᠠᠭᠤᠯᠠ ᠤᠰᠤ ᠬᠦᠭᠡᠷᠡᠨ ᠨᠤᠭᠤᠭᠠᠷᠠᠭᠰᠠᠨ ᠰᠠᠶᠢᠬᠠᠨ ᠭᠠᠵᠠᠷ ᠬᠡᠵᠦ ᠮᠠᠭᠳᠠᠵᠠᠢ᠂ ᠴᠢᠨᠠᠭᠰᠢ ᠼᠦᠩ ᠯᠢ  ᠬᠦᠷᠬᠦ ᠳᠤ ᠭᠠᠵᠠᠷ ᠨᠢ ᠤᠯᠠᠭᠠᠨ ᠢᠶᠠᠷ ᠡᠷᠬᠢᠵᠦ᠂ ᠦᠶᠡᠷ ᠤᠰᠤ ᠪᠠᠭᠤᠵᠤ ᠪᠠᠶᠢᠭᠰᠠᠨ ᠲᠤᠯᠠ ᠲᠡᠷᠡ ᠬᠤᠪᠠᠭ᠋ᠠᠢ ᠠᠭᠤᠯᠠ  ᠬᠤᠭᠤᠰᠤᠨ ᠭᠠᠵᠠᠷ ᠪᠠᠶᠢᠨ᠎ᠠ ᠬᠡᠵᠦ  ᠬᠡᠯᠡᠭᠰᠡᠨ ᠳᠤ ᠠᠷᠰᠯᠠᠨ ᠲᠠᠷᠤᠢ ᠪᠤᠴᠠᠵᠤ ᠢᠷᠡᠭᠡᠳ ᠤᠷᠤᠨ ᠳᠠᠭᠠᠨ  ᠵᠤᠭᠰᠤᠯ᠎ᠠ︾ ᠭᠡᠳᠡᠭ᠃  ᠡᠳᠡᠭᠡᠷ ᠨᠢ ᠬᠡᠳᠦᠶᠢᠪᠡᠷ ᠲᠤᠮᠤᠭ ᠶᠠᠷᠢᠶ᠎ᠠ ᠪᠤᠯᠪᠠᠴᠤ᠂ ᠦᠬᠡᠷ᠎ᠡ ᠭᠠᠵᠠᠷ ᠤᠨ ᠬᠦᠮᠦᠰ ᠶᠠᠮᠠᠷ ᠨᠢᠬᠡ ᠠᠷᠭ᠎ᠠ ᠪᠠᠷ ᠡᠨᠡᠬᠦ ᠴᠢᠯᠠᠭᠤᠨ ᠠᠷᠰᠯᠠᠨ ᠢ ᠲᠠᠶᠢᠹᠤᠰᠧ ᠨᠤᠳᠤᠭ ᠠᠴᠠ  ᠨᠡᠬᠦᠯᠬᠡᠵᠦ ᠰᠢᠯᠵᠢᠬᠦᠯᠦᠭᠰᠡᠨ ᠨᠢ ᠲᠠᠰᠢᠶ᠎ᠠ ᠦᠬᠡᠢ ᠦᠨᠡᠨ ᠤᠴᠢᠷ ᠶᠤᠮ ᠬᠡᠵᠦ ᠨᠠᠰᠤᠳᠠᠶᠢᠴᠤᠳ ᠬᠠᠭᠤᠴᠢᠯᠠᠳᠠᠭ᠃  ︽ᠰᠤᠶᠤᠯ ᠤᠨ ᠬᠤᠪᠢᠰᠬᠠᠯ︾ ᠤᠨ ᠲᠤᠮᠳᠠ  ᠡᠨᠡ ᠬᠦ᠋ ᠴᠢᠯᠠᠭᠤᠨ ᠠᠷᠰᠯᠠᠨ ᠢ ᠪᠠᠯᠪᠠᠴᠢᠵᠤ ᠬᠠᠶᠠᠭᠰᠠᠨ ᠪᠠᠶᠢᠨ᠎ᠠ᠃ 1985 ᠤᠨ ᠳᠤ ᠼᠦᠩ ᠯᠸᠢ ᠰᠢᠶᠠᠨ ᠠᠴᠠ ᠰᠢᠨ᠎ᠡ ᠴᠢᠯᠠᠭᠤᠨ ᠠᠷᠰᠯᠠᠨ ᠱᠤᠭᠤᠵᠤ᠂ ᠤᠤᠯ ᠤᠷᠤᠨ ᠳᠤᠨᠢ ᠲᠠᠯᠪᠢᠭᠰᠠᠨ ᠪᠤᠯᠪᠠᠴᠤ ᠤᠤᠯ ᠤᠨ ᠢᠶᠠᠨ ᠬᠢᠷᠢ ᠰᠦᠷᠯᠢᠭ ᠲᠤᠮᠤ ᠪᠢᠰᠢ ᠪᠤᠯᠵᠠᠢ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号