ᠭᠠᠵᠠᠷ ᠤᠰᠤᠨ — ᠬᠦᠨᠪᠤᠯᠠᠭ ᠤᠨ ᠲᠠᠯ᠎ᠠ ᠨᠤᠳᠤᠭ
ᠨᠡᠶᠢᠲᠡᠯᠡᠭᠰᠡᠨ ᠴᠠᠭ᠄
2020/3/26
   ᠲᠤᠮᠳᠠᠳᠤ ᠤᠯᠤᠰ ᠤᠨ ᠤᠮᠠᠷᠠᠳᠤ ᠤᠷᠤᠨ ᠳᠠᠬᠢ ᠲᠠᠶᠠᠩ ᠳᠤ ᠠᠯᠳᠠᠷᠰᠢᠭᠰᠠᠨ ᠠᠭᠤᠳᠠᠮ ᠲᠠᠯ᠎ᠠ ᠰᠢᠯᠢ ᠶᠢᠨ ᠭᠤᠤᠯ ᠤᠨ ᠦᠷᠦᠴᠡᠨ ᠳᠤ  ᠬᠠᠳᠤᠯᠠᠩ ᠪᠡᠯᠴᠢᠭᠡᠷ ᠨᠢ  ᠨᠤᠭᠤᠭᠠᠷᠠᠵᠤ᠂  ᠲᠠᠪᠤᠨ ᠬᠤᠰᠢᠭᠤ ᠮᠠᠯ ᠨᠢ ᠲᠠᠯ᠎ᠠ ᠲᠦᠬᠦᠷᠡᠩ ᠪᠡᠯᠴᠢᠭᠰᠡᠨ᠂ ᠭᠠᠯᠠᠭᠤ ᠰᠢᠪᠠᠭᠤᠳ  ᠤᠨ ᠭᠠᠩᠭᠠᠨᠠᠭ᠎ᠠ ᠲᠠᠢ᠂ ᠬᠢᠷᠰᠠ ᠲᠠᠤᠯᠠᠢ  ᠶᠢᠨ ᠴᠠᠮᠨᠠᠭ᠎ᠠ ᠲᠠᠢ᠂ ᠭᠠᠩᠭᠠᠩ ᠲᠠᠩᠰᠤᠭ ᠪᠠᠶᠢᠭᠠᠯᠢ  ᠪᠠᠨ ᠤᠩᠭᠤᠨ ᠬᠡᠪ  ᠢᠶᠠᠷ ᠨᠢ ᠬᠠᠳᠠᠭᠠᠯᠠᠭᠰᠠᠨ ᠨᠢᠭᠡᠨ ᠭᠡᠰᠡᠭ  ᠪᠢᠨᠳᠤᠷᠢᠶ᠎ᠠ ᠡᠷᠳᠡᠨᠢ  ᠰᠢᠭ ᠠᠷᠰᠢ  ᠶᠢᠨ ᠤᠷᠤᠨ ᠪᠠᠶᠢᠭ᠎ᠠ ᠶᠤᠮ  ᠃  ᠦᠪᠦᠷ ᠮᠤᠩᠭᠤᠯ  ᠤᠨ ᠲᠠᠶᠢᠪᠤᠰᠧ ᠬᠤᠰᠢᠭᠤᠨ ᠳᠤ ᠬᠠᠷᠢᠶ᠎ᠠ  ᠲᠠᠢ᠂ ᠰᠢᠯᠢ  ᠶᠢᠨ ᠭᠤᠤᠯ  ᠤᠨ ᠡᠮᠦᠨ᠎ᠡ ᠬᠠᠭᠠᠯᠭ᠎ᠠ ᠪᠤᠯᠵᠤ ᠨᠤᠳᠤᠭᠯᠠᠭᠰᠠᠨ᠂ ᠴᠠᠬᠠᠷ ᠤᠨ ᠵᠡᠬᠦᠨ ᠲᠦᠷᠪᠡᠨ ᠬᠤᠰᠢᠭᠤᠳ ᠤᠨ ᠰᠢᠯᠢᠳᠡᠭ ᠮᠠᠯᠴᠢᠳ ᠤᠨ ᠦᠷᠡᠰ ᠢᠶᠠᠷ ᠪᠦᠷᠢᠯᠳᠦᠭᠰᠡᠨ ᠦᠵᠡᠰᠬᠦᠯᠡᠩ ᠪᠠᠶᠠᠯᠢᠭ  ᠡᠨᠡ ᠨᠣᠳᠤᠭ ᠪᠣᠯ ᠲᠠᠷᠣᠢ ᠨᠡᠶᠢᠰᠯᠡᠯ ᠪᠡᠭᠡᠵᠢᠩ  ᠠᠴᠠ ᠬᠠᠮᠤᠭ  ᠤᠶᠢᠷ᠎ᠠ  ᠨᠤᠳᠤᠭᠯᠠᠭᠰᠠᠨ ᠨᠤᠮᠢᠨ ᠨᠤᠭᠤᠭᠠᠨ ᠸᠠᠩᠳᠤ ᠤᠯᠤᠰ᠂ ︽ᠲᠠᠪᠠᠭᠠᠨ  ᠭᠠᠳᠠᠨᠠᠬᠢ   ᠪᠠᠶᠢᠭᠠᠯᠢᠯᠢᠭ ᠲᠠᠯ᠎ᠠ ᠨᠤᠳᠤᠭ︾  ᠂ ︽ᠤᠷᠢᠳᠤ  ᠶᠢᠨ ᠬᠠᠭᠠᠳ  ᠤᠨ ᠠᠳᠤᠭᠤᠨ ᠵᠤᠰᠠᠭᠠᠯ᠂ ᠤᠳᠤᠬᠢ ᠨᠡᠶᠢᠰᠯᠡᠯ  ᠤᠨ ᠠᠷᠤ ᠴᠡᠴᠡᠷᠯᠢᠭ︾ ᠬᠡᠮᠡᠨ  ᠠᠯᠳᠠᠨ ᠲᠡᠯᠡᠬᠡᠢ ᠳᠤ ᠠᠯᠳᠠᠷ ᠢᠶᠠᠨ ᠲᠠᠭᠤᠳᠠᠭᠤᠯᠤᠭᠰᠠᠨ ᠬᠦᠨᠪᠤᠯᠠᠭ ᠤᠨ ᠲᠠᠯ᠎ᠠ ᠨᠤᠳᠤᠭ ᠪᠤᠯᠤᠨ᠎ᠠ᠃  850 ᠬᠠᠪᠳᠠᠭᠠᠢ ᠲᠦᠷᠪᠡᠯᠵᠢᠨ ᠺᠢᠯᠤᠮᠧᠲᠷ ᠲᠠᠯᠠᠪᠠᠢ ᠲᠠᠢ ᠡᠨ᠋ᠨ ᠰᠠᠶᠢᠬᠠᠨ ᠨᠤᠳᠤᠭ ᠲᠡᠪᠢᠰᠭᠡᠷ ᠲᠡᠭᠡᠷ᠎ᠡ ᠠᠷᠢᠭᠤᠨ ᠬᠦᠳᠡᠯᠮᠦᠷᠢ ᠪᠠᠷ  ᠢᠶᠠᠨ ᠠᠵᠤ ᠲᠦᠷᠦᠨ ᠦᠢᠯᠡᠰ ᠪᠤᠰᠬᠠᠭᠰᠠᠨ ᠬᠦᠨᠪᠤᠯᠠᠭ  ᠤᠨ ᠮᠤᠩᠭᠤᠯᠴᠤᠳ᠂ ᠦᠶᠡᠯᠡᠨ ᠤᠯᠠᠷᠢᠬᠤ ᠲᠡᠦᠭᠡ ᠶᠢᠨ ᠤᠷᠤᠰᠬᠠᠯ ᠲᠤᠮᠳᠠ ᠭᠡᠷᠡᠯ ᠰᠠᠴᠤᠷᠠᠩᠭᠤᠢ ᠪᠤᠯᠪᠠᠰᠤᠨ  ᠤ ᠲᠡᠦᠬᠡ ᠬᠢᠭᠡᠳ ᠬᠢᠯᠠᠯᠵᠠᠮ᠎ᠠ ᠰᠠᠶᠢᠬᠠᠨ ᠦᠨᠳᠦᠰᠦᠳᠡᠨ  ᠤ ᠰᠤᠶᠤᠯ  ᠢ ᠪᠦᠳᠦᠭᠡᠭᠰᠡᠨ ᠶᠤᠮ᠃ ᠮᠦᠨ ᠡᠨᠡᠬᠦ  ᠦᠨᠢᠷ ᠪᠠᠶᠠᠨ ᠦᠵᠡᠰᠬᠦᠯᠡᠩᠳᠦ ᠨᠤᠳᠤᠭ  ᠢ ᠮᠠᠨᠵᠤ ᠶᠢᠨ ᠬᠠᠭᠠᠳ ᠦᠪᠡᠷᠦᠨ ᠡᠷᠭᠡ ᠦᠬᠡᠢ ᠱᠠᠭᠰᠢᠨ ᠪᠠᠭ᠋ᠠᠷᠬᠠᠬᠤ  ᠳᠠᠭᠠᠨ 260 ᠭᠠᠷᠤᠢ ᠵᠢᠯ ᠤᠯᠵᠠᠷᠬᠠᠨ ᠨᠤᠳᠤᠭᠯᠠᠵᠤ᠂ ᠠᠳᠤᠭᠤᠨ ᠰᠦᠷᠦᠭ  ᠢᠶᠠᠨ ᠪᠡᠯᠴᠢᠭᠡᠭᠰᠡᠨ ᠪᠠᠶᠢᠳᠠᠭ᠃      ᠬᠦᠨᠪᠤᠯᠠᠭ ᠤᠨ ᠠᠳᠬᠤ ᠰᠢᠷᠤᠢ᠂ ᠠᠯᠬᠤᠮ ᠵᠠᠢ ᠪᠦᠷᠢ ᠳᠤ ᠡᠯᠪᠡᠭ ᠪᠠᠶᠠᠯᠢᠭ ᠲᠡᠦᠬᠡ ᠰᠤᠶᠤᠯ ᠤᠨ  ᠤᠯᠠ ᠮᠦᠷ ᠵᠦᠩᠳᠡᠭᠡᠨ ᠬᠠᠷᠠᠭᠳᠠᠨ᠎ᠠ  ᠃  ᠡᠩᠭᠡ ᠠᠮᠤᠭᠤᠯᠠᠩ  ᠤᠨ ᠭᠠᠷ  ᠤᠨ ᠪᠢᠴᠢᠭᠡᠰᠦ ᠲᠠᠢ᠂ ᠪᠤᠷᠬᠠᠨ ᠱᠠᠰᠢᠨ  ᠤ ᠠᠷᠢᠭᠤᠨ ᠤᠷᠳᠤ  —  ᠮᠠᠯᠠᠭᠠᠢ ᠶᠢᠨ ᠰᠦᠮ᠎ᠡ ᠠᠳᠡ ᠪᠠᠶᠢᠨ᠎ᠠ᠂ ᠠᠶᠠᠨ ᠲᠠᠶᠢᠨ  ᠤ ᠮᠦᠷ᠂ ᠠᠷᠤᠤᠬᠠᠨ ᠪᠠᠭᠠᠳᠤᠷ  ᠤᠨ ᠨᠡᠷ᠎ᠡ ᠶᠢ  ᠲᠠᠮᠠᠭᠠᠯᠠᠭᠰᠠᠨ ᠠᠯᠳᠠᠨ ᠤᠯᠤᠰ  ᠤᠨ ᠬᠢᠯᠢ ᠶᠢᠨ ᠬᠡᠷᠡᠮ  ᠤᠨ ᠪᠠᠭᠤᠷᠢ ᠠᠳᠡ ᠪᠠᠶᠢᠨ᠎ᠠ  ᠃ ᠲᠠᠯ᠎ᠠ  ᠬᠦᠳᠡᠭᠡ ᠠᠴᠠ ᠲᠠᠶᠠᠩ  ᠢ ᠡᠷᠭᠡᠰᠢᠶᠡᠭᠰᠡᠨ ᠲᠡᠭᠷᠢᠯᠢᠭ ᠬᠦᠪᠡᠭᠦᠨ ᠪᠤᠭᠳᠠ ᠴᠢᠩᠬᠢᠰ  ᠤᠨ ᠤᠮᠤᠭᠯᠠᠩ ᠰᠡᠬᠦᠳᠡᠷ  ᠪᠡᠷᠭᠡ ᠶᠢᠨ ᠦᠨᠳᠦᠷ ᠠᠭᠤᠯᠠᠨ ᠳᠤᠨᠢ  ᠰᠡᠶᠢᠯᠦᠭᠳᠡᠵᠦ᠂  ᠪᠠᠶᠠᠨ ᠴᠠᠭᠠᠨ ᠨᠠᠭᠤᠷ ᠲᠤᠨᠢ ᠲᠤᠰᠬᠠᠭᠳᠠᠨ᠎ᠠ᠃ ᠮᠦᠨ ᠡᠶᠢᠮᠦ  ᠳᠡᠭᠡᠨ ᠪᠦᠮᠪᠦᠷᠴᠡᠭ ᠢ ᠲᠤᠭᠤᠷᠢᠭᠰᠠᠨ ᠢᠲ᠋ᠠᠯᠢ ᠶᠢᠨ ᠨᠡᠷᠡᠳᠦ ᠵᠢᠭᠤᠯᠴᠢᠨ ᠮᠠᠷᠺᠤ ᠫᠤᠯᠤ ᠡᠨᠡᠬᠦᠷ ᠦᠩᠭᠡᠷᠡᠬᠦ   ᠳᠡᠭᠡᠨ ︽ᠦᠩᠬᠡ ᠶᠢᠨ ᠴᠡᠴᠡᠭᠡᠰ ᠪᠤᠯᠢᠶᠠᠯᠳᠤᠨ ᠲᠡᠯᠭᠡᠷᠡᠵᠦ᠂ ᠦᠨᠢᠷ ᠰᠦᠷᠦᠭ ᠨᠢ ᠦᠬᠡᠬᠦᠯᠡᠵᠦ ᠪᠡᠯᠴᠢᠭᠡᠷᠯᠡᠭᠰᠡᠨ︾ ᠲᠠᠩᠰᠤᠭ ᠦᠵᠡᠮᠵᠢ ᠲᠤᠨᠢ ᠰᠤᠭᠳᠤᠭᠤᠷᠠᠨ ᠲᠠᠳᠠᠭᠳᠠᠵᠤ᠂ ᠡᠨ᠋ᠨ ᠨᠤᠳᠤᠭ  ᠤᠨ ᠨᠡᠷ᠎ᠡ᠂ ᠡᠨ᠋ᠨ ᠪᠠᠶᠢᠭᠠᠯᠢ ᠶᠢᠨ ᠦᠵᠡᠮᠵᠢ ᠪᠦᠬᠦᠨ  ᠢ ᠰᠤᠳᠤᠨ ᠪᠦᠳᠦᠭᠡᠯ ︽ ᠵᠢᠭᠤᠯᠴᠢᠯᠠᠯ ᠤᠨ ᠲᠡᠮᠳᠡᠭᠯᠡᠯ︾  ᠳᠡᠭᠡᠨ  ᠬᠠᠭᠤᠳᠠᠰᠤᠯᠠᠭᠰᠠᠨ ᠪᠠᠶᠢᠳᠠᠭ᠃    ᠦᠨᠦᠳᠦᠷ  ᠤᠨ ᠬᠦᠨᠪᠤᠯᠠᠭ ᠨᠤᠳᠤᠭ ᠦᠬᠡᠷᠡᠴᠢᠯᠡᠯᠳᠡ ᠨᠡᠭᠡᠭᠡᠯᠳᠡ ᠳᠤ ᠦᠭᠡᠳᠡᠯᠡᠨ ᠲᠡᠭᠵᠢᠷᠡᠵᠦ᠂ ᠦᠨᠢᠷ ᠪᠠᠶᠠᠵᠢᠯ ᠤᠨ ᠦᠷᠭᠡᠨ ᠬᠠᠷᠭᠤᠢ ᠶᠢ ᠡᠯᠬᠦᠨ᠂ ᠦᠩᠬᠡ ᠬᠢᠯᠪᠠᠭᠠᠳᠤ ᠦᠨᠳᠦᠰᠦᠳᠡᠨ ᠤ ᠰᠤᠶᠤᠯ ᠤᠨ ᠢᠶᠠᠨ ᠭᠠᠯ ᠭᠤᠯᠤᠮᠳᠠ ᠶᠢ  ᠪᠠᠳᠠᠷᠠᠭᠠᠵᠤ᠂ ᠠᠮᠢᠵᠢᠷᠠᠯ  ᠤᠨ ᠬᠦᠴᠦᠨ ᠢᠶᠠᠷ ᠪᠢᠯᠬᠠᠨ᠂ ᠬᠤᠪᠢ ᠶᠢᠨ ᠭᠠᠳᠠᠨ᠎ᠠ ᠦᠵᠡᠰᠬᠦᠯᠡᠩ ᠬᠠᠷᠠᠭᠳᠠᠨ᠎ᠠ᠃ ᠮᠠᠯᠴᠢᠨ ᠠᠶᠢᠯ  ᠤᠨ ᠵᠤᠭᠠᠴᠠᠯ  ᠰᠦᠨᠢ ᠶᠢᠨ ᠤᠳᠤ ᠰᠢᠭ ᠲᠦᠬᠡᠵᠦ  ᠂  80 ᠳ᠋ᠦᠩᠰᠢᠭᠤᠷ  ᠤᠨ ᠪᠡᠯᠨ ᠤᠷᠤᠭᠤᠯᠤᠯᠳᠠ ᠲᠠᠢ  ᠦᠵᠡᠮᠵᠢ ᠶᠢᠨ ᠤᠷᠤᠨ ᠠᠳᠡ ᠨᠤᠳᠤᠭᠰᠢᠨ᠂  ᠵᠤᠭᠠᠴᠠᠯ ᠢᠶᠠᠷ ᠭᠤᠤᠯᠳᠠᠭᠰᠠᠨ ᠤᠨᠴᠠᠯᠢᠭᠳᠤ ᠦᠢᠯᠡᠰ ᠡᠳᠦᠷ ᠢᠷᠡᠬᠦᠶ᠎ᠡ ᠦᠷᠨᠢᠬᠦᠨ ᠬᠦᠭᠵᠢᠭᠡᠳ᠂   ᠬᠦᠨᠪᠤᠯᠠᠭ  ᠤᠨ ᠲᠠᠯ᠎ᠠ ᠨᠤᠳᠤᠭ ᠨᠢ ᠰᠢᠯᠢ ᠨᠤᠳᠤᠭ  ᠲᠠᠭᠠᠨ ᠬᠡᠭᠡ ᠲᠠᠳᠠᠭᠰᠠᠨ ᠦᠵᠡᠮᠵᠢ ᠶᠢᠨ ᠱᠤᠭᠤᠮ ᠪᠤᠯᠤᠨ ᠤᠨᠴᠠᠯᠢᠭᠳᠠᠵᠤ᠂ ᠬᠦᠭᠡ ᠤᠭᠳᠠᠷᠭᠤᠢ᠂ ᠨᠤᠮᠢᠨ ᠪᠡᠯᠴᠢᠭᠡᠷ᠂ ᠢᠰᠡᠭᠡᠢ ᠬᠡᠷ᠂ ᠠᠷᠭᠤᠮᠠᠭ ᠬᠦᠯᠦᠭ᠂ ᠲᠦᠳᠡᠭ ᠭᠠᠯ᠂ ᠤᠷᠳᠤ ᠶᠢᠨ ᠲᠠᠭᠤᠤ᠂ ᠠᠰᠤᠷᠤ ᠬᠦᠭᠵᠢᠮ᠂᠂᠂᠂ ᠠᠯᠢ ᠪᠠᠶᠢᠳᠠᠭ ᠰᠢᠯᠢᠳᠡᠭ ᠤᠯᠠᠮᠵᠢᠯᠠᠯ᠂  ᠰᠤᠩᠭᠤᠳᠠᠭ ᠢᠷᠭᠡᠨᠰᠢᠯ   ᠢᠶᠠᠷ ᠢᠶᠠᠨ ᠢᠷᠡᠭᠰᠡᠨ ᠪᠦᠬᠦᠨ  ᠢ ᠵᠤᠴᠢᠯᠠᠵᠤ  ᠪᠠᠶᠠᠰᠬᠠᠨᠠᠮ᠃     ᠦᠩᠬᠡ ᠦᠵᠡᠮᠵᠢ᠂  ᠠᠭᠤᠷ ᠠᠮᠢᠰᠬᠤᠯ᠂  ᠦᠪ ᠰᠤᠶᠤᠯ ᠢᠶᠠᠷ ᠢᠶᠠᠨ ᠲᠠᠶᠠᠩ ᠲᠡᠯᠡᠬᠡᠢ ᠶᠢᠨ ᠬᠠᠷᠠᠭᠠᠨ ᠳᠤ ᠬᠦᠷᠦᠭᠰᠡᠨ ᠴᠡᠩᠭᠡᠯ  ᠤᠨ ᠤᠷᠤᠨ ᠪᠤᠯᠵᠤ᠂ 2003 ᠤᠨ ᠳᠤ ᠲᠦᠪ ᠲᠧᠯᠸᠢᠰ ᠤᠨ ᠲᠤᠰᠬᠠᠢ ᠲᠡᠯᠭᠡᠴᠡ ᠳᠤ ᠵᠢᠦ ᠵᠠᠢ ᠭᠸᠦ᠂ ᠱᠧᠩ ᠨᠦᠩ ᠵᠢᠶᠠ ᠮᠡᠳᠦ ᠨᠡᠷ᠎ᠡ ᠴᠤᠤᠳᠤ ᠦᠵᠡᠮᠵᠢ ᠵᠤᠭᠠᠴᠠᠯ ᠤᠨ ᠤᠷᠤᠨ ᠲᠠᠢ ᠵᠡᠷᠭᠡᠪᠡᠷ ︽ᠲᠤᠮᠳᠠᠳᠤ ᠶᠢᠨ ᠠᠷᠪᠠᠨ ᠰᠠᠶᠢᠬᠠᠨ  ᠵᠤᠭᠠᠴᠠᠨ ᠨᠠᠭᠠᠳᠬᠤ ᠭᠠᠵᠠᠷ︾ ᠤᠨ ᠨᠢᠭᠡ ᠳᠤ ᠵᠢᠬᠰᠠᠭᠠᠭᠳᠠᠭᠰᠠᠨ ᠤ ᠲᠠᠷᠠᠭ᠎ᠠ ᠂ ᠬᠦᠨᠪᠤᠯᠠᠭ ᠤᠨ ᠲᠠᠯ᠎ᠠ ᠨᠢ ᠠᠭᠤᠳᠠᠮ ᠦᠷᠦᠴᠡ ᠪᠠᠨ ᠤᠯᠠᠮ ᠬᠠᠨᠠᠶᠢᠯᠭᠠᠨ᠂ ᠠᠶᠤᠰᠢ ᠬᠠᠳᠠᠭ  ᠢᠶᠠᠨ ᠠᠯᠳᠠᠯᠠᠨ ᠲᠡᠯᠬᠡᠵᠦ᠂  ᠠᠷᠪᠠᠨ ᠵᠦᠭ ᠤᠨ ᠬᠡᠶᠢᠴᠢᠨ ᠵᠤᠴᠢᠨ ᠢᠶᠠᠨ ᠮᠤᠩᠭᠤᠯ ᠶᠤᠰᠤ ᠪᠠᠷ ᠤᠭᠳᠤᠨᠠᠮ ᠪᠢᠯᠡ᠃ ᠲᠠᠯ᠎ᠠ ᠨᠤᠳᠤᠭ  ᠤᠨ ᠠᠳᠤᠭᠤᠨ ᠰᠤᠶᠤᠯ  ᠢ ᠬᠦᠨ ᠠᠭᠤᠳᠠᠯᠠᠵᠤ᠂ ᠬᠦᠨᠪᠤᠯᠠᠭ ᠨᠤᠳᠤᠭ  ᠢᠶᠠᠨ ᠲᠤᠮᠳᠠᠳᠤ ᠤᠯᠤᠰ  ᠤᠨ  ᠤᠮᠠᠷᠠᠳᠤ ᠤᠷᠤᠨ ᠤ ᠬᠠᠮᠤᠭ  ᠠᠴᠠ ᠲᠦᠯᠦᠭᠡᠯᠡᠬᠦ ᠴᠢᠨᠠᠷ ᠪᠦᠬᠦᠢ ᠠᠳᠤᠭᠤᠨ ᠰᠤᠶᠤᠯ᠂ ᠠᠳᠤᠭᠤᠨ ᠦᠢᠯᠡᠰ ᠤᠨ ᠰᠠᠭᠤᠷᠢᠨ ᠭᠠᠵᠠᠷ ᠪᠠ ᠵᠤᠭᠠᠴᠠᠯ ᠤᠨ ᠦᠵᠡᠮᠵᠢᠳᠦ ᠤᠷᠤᠨ ᠪᠤᠯᠭᠠᠵᠤ ᠪᠦᠳᠦᠭᠡᠨ ᠪᠠᠶᠢᠭᠤᠯᠬᠤ ᠶᠢᠨ ᠲᠦᠯᠦᠭᠡ ᠬᠦᠴᠦᠯᠡᠨ ᠴᠢᠷᠮᠠᠶᠢᠭᠰᠠᠨ  ᠬᠦᠨᠪᠤᠯᠠᠭᠴᠤᠤᠯ  ᠤᠨ ᠬᠠᠯᠠᠭᠤᠨ  ᠬᠦᠳᠡᠯᠮᠦᠷᠢ ᠨᠢ ᠠᠷᠢᠭᠤᠨ ᠰᠦ ᠪᠠᠷ  ᠮᠢᠯᠢᠶᠠᠭᠳᠠᠵᠤ ᠂ ︽ᠠᠳᠤᠭᠤᠨ ᠦᠢᠯᠡᠰ  ᠤᠨ ᠬᠦᠭᠵᠢᠬᠦᠯᠦᠯᠳᠡ ᠶᠢᠨ ᠰᠠᠭᠤᠷᠢᠨ︾ ᠪᠠᠶᠢᠭᠤᠯᠬᠤ ᠬᠦᠰᠡᠯ ᠨᠢ 2005 ᠤᠨ ᠪᠤᠯᠤᠭᠠᠳ ᠤᠷᠤᠭᠰᠢᠳᠠᠢ  ᠪᠡᠶᠡᠯᠡᠭᠰᠡᠨ ᠪᠦᠭᠡᠳ ︽ᠲᠤᠮᠳᠠᠳᠤ ᠤᠯᠤᠰ  ᠤᠨ ᠬᠠᠭᠠᠨ  ᠤ ᠠᠳᠤᠭᠤᠨ ᠰᠤᠶᠤᠯ  ᠤᠨ ᠨᠠᠶᠢᠷ ᠵᠢᠴᠢ ᠪᠦᠬᠦ ᠤᠯᠤᠰ  ᠤᠨ ᠮᠤᠷᠢᠨ ᠮᠡᠷᠭᠡᠵᠢᠯ  ᠤᠨ ᠰᠦᠯᠵᠢᠨ ᠲᠤᠭᠤᠷᠢᠬᠤ ᠮᠠᠩᠯᠠᠢ ᠰᠢᠯᠭᠠᠷᠠᠭᠤᠯᠬᠤ ᠲᠡᠮᠡᠴᠡᠭᠡᠨ︾ ᠴᠤ 2006 ᠤᠨ   ᠠᠴᠠ ᠡᠬᠢᠯᠡᠭᠡᠳ  ᠲᠦᠷᠪᠡᠨ ᠬᠤᠭᠤᠴᠠᠭ᠎ᠠ  ᠠᠮᠵᠢᠯᠳᠠᠳᠠᠢ ᠶᠠᠪᠤᠭᠳᠠᠵᠤ᠂  ᠦᠷᠦᠭᠡᠯ ᠠᠴᠠ ᠦᠰᠦᠳ ᠮᠤᠷᠢᠨ ᠮᠡᠷᠭᠡᠵᠢᠯ  ᠤᠨ  ᠰᠤᠶᠤᠯ ᠪᠤᠶᠤ ᠲᠠᠮᠢᠷ  ᠢᠶᠠᠷ  ᠢᠶᠠᠨ ᠬᠤᠯᠨ ᠤᠶᠢᠷ᠎ᠠ ᠶᠢᠨ ᠠᠳᠤᠭᠤᠨ ᠬᠤᠷᠤᠬᠠᠶᠢᠳᠠᠳ᠂  ᠲᠤᠳᠤᠭᠠᠳᠤ ᠭᠠᠳᠠᠭᠠᠳᠤ ᠶᠢᠨ ᠵᠤᠴᠢᠳ  ᠵᠤᠭᠠᠴᠠᠭᠴᠢᠳ ᠤᠨ ᠨᠢᠳᠦ ᠶᠢ ᠬᠤᠵᠢᠷᠯᠠᠵᠤ᠂ ᠠᠰᠤᠷᠤ ᠰᠠᠶᠢᠨ ᠠᠵᠤ ᠠᠬᠤᠢ ᠬᠢᠭᠡᠳ ᠨᠡᠶᠢᠭᠡᠮ  ᠤᠨ ᠦᠷ᠎ᠡ ᠠᠰᠢᠭ  ᠢ  ᠬᠦᠷᠳᠡᠵᠦ ᠪᠠᠶᠢᠭ᠎ᠠ᠃       ᠮᠠᠯᠴᠢᠨ ᠡᠷᠦᠬᠡ ᠶᠢᠨ ᠵᠤᠭᠠᠴᠠᠯ  ᠂ ᠬᠠᠭᠠᠨ ᠤ ᠠᠳᠤᠭᠤᠨ ᠵᠤᠰᠠᠭᠠᠯ᠂  ᠬᠠᠩᠬᠢᠨ ᠭᠤᠮᠪᠤᠵᠠᠪ ᠤᠨ ᠲᠤᠷᠠᠰᠬᠠᠯ ᠤᠨ ᠤᠷᠳᠤᠨ᠂ ᠮᠠᠯᠠᠭᠠᠢ ᠶᠢᠨ ᠰᠦᠮ᠎ᠡ᠂ ᠠᠯᠳᠠᠨ ᠤᠯᠤᠰ ᠤᠨ ᠭᠡᠷᠡᠮ ᠵᠡᠷᠭᠡ ᠰᠤᠶᠤᠯ ᠵᠤᠭᠠᠴᠠᠯ ᠤᠨ ᠰᠤᠳᠤᠨ  ᠴᠡᠭ ᠤᠳ ᠨᠢ  ᠲᠤᠰ ᠰᠤᠮᠤᠨ ᠤ ᠲᠠᠯ᠎ᠠ ᠨᠤᠳᠤᠭ ᠤᠨ ᠵᠤᠭᠠᠴᠠᠯ ᠤᠨ ᠦᠢᠯᠡᠰ ᠲᠤ  ᠤᠯᠠᠨ ᠠᠴᠠ ᠢᠯᠭᠠᠭᠳᠠᠮ᠎ᠠ ᠲᠠᠪᠠᠭᠤᠯᠢᠭ ᠨᠦᠬᠦᠴᠡᠯ ᠢ ᠪᠦᠷᠢᠳᠦᠬᠦᠯᠦᠨ  ᠦᠭᠴᠦ᠂  ᠡᠳᠡᠭᠡᠷ ᠮᠤᠩᠭᠤᠯ ᠨᠠᠮᠪᠠ ᠲᠠᠢ ᠵᠤᠭᠠᠴᠠᠯ  ᠤᠨ ᠤᠷᠤᠨ ᠴᠡᠭ  ᠤᠳ  ᠢᠶᠠᠷ ᠲᠠᠮᠵᠢᠨ᠂  ᠮᠤᠩᠭᠤᠯ ᠰᠤᠶᠤᠯ  ᠤᠨ ᠬᠦᠨ ᠠᠭᠤᠯᠤᠭᠳᠠᠬᠤᠨ  ᠢ ᠬᠦᠮᠦᠰ  ᠲᠤ ᠲᠠᠨᠢᠭᠤᠯᠵᠤ᠂  ᠮᠤᠩᠭᠤᠯ ᠵᠤᠷᠢᠭ ᠰᠠᠨᠠᠭᠠᠨ  ᠤ ᠮᠤᠬᠤᠰᠢ ᠦᠬᠡᠢ ᠷᠢᠳᠢ ᠰᠢᠳᠢ ᠶᠢ ᠲᠠᠶᠠᠩ  ᠳᠤ  ᠭᠠᠶᠢᠬᠠᠭᠤᠯᠤᠭᠰᠠᠨ ᠶᠤᠮ᠃  ᠤᠳᠤ ᠪᠦᠬᠦ ᠰᠤᠮᠤᠨ   ᠳᠤ ᠵᠤᠭᠠᠴᠠᠯ ᠤᠨ  ᠲᠤᠮᠤ ᠦᠵᠡᠮᠵᠢᠳᠦ ᠤᠷᠤᠨ 6 ᠪᠠᠶᠢᠭᠤᠯᠤᠭᠳᠠᠨ  ᠂  50 ᠡᠷᠦᠬᠡ ︽ᠮᠠᠯᠴᠢᠨ ᠠᠶᠢᠯ ᠤᠨ ᠵᠤᠭᠠᠴᠠᠯ︾  ᠡᠷᠬᠢᠯᠡᠵᠦ᠂  ︽ᠬᠤᠭᠤᠯᠠ  ᠤᠮᠳᠠ᠂ ᠬᠤᠨᠤᠭ ᠰᠠᠭᠤᠴᠠ᠂ ᠠᠶᠠᠯᠠᠯ ᠵᠢᠭᠤᠯᠴᠢᠯᠠᠯ᠂  ᠠᠷᠠᠯᠵᠢᠶ᠎ᠠ ᠬᠤᠳᠠᠯᠳᠤᠭ᠎ᠠ᠂ ᠨᠠᠭᠠᠳᠤᠮ ᠲᠤᠭᠯᠠᠭᠠᠮ︾ ᠵᠡᠷᠭᠡ ᠤᠯᠠᠨ ᠴᠢᠳᠠᠪᠬᠢ ᠪᠦᠷᠢᠳᠦᠭᠰᠡᠨ ᠵᠤᠭᠠᠴᠠᠯ ᠤᠨ ᠠᠵᠤ ᠦᠢᠯᠡᠰ ᠤᠨ ᠰᠢᠰᠲ᠋ᠧᠮ  ᠪᠤᠢ ᠪᠤᠯᠤᠭᠠᠳ᠂ ᠠᠵᠢᠯ  ᠤᠯᠭᠤᠯᠳᠠ ᠶᠢ ᠠᠬᠢᠭᠤᠯᠵᠤ᠂ ᠠᠰᠢᠭ ᠤᠷᠤᠯᠭ᠎ᠠ ᠶᠢ  ᠨᠡᠮᠡᠭᠳᠡᠬᠦᠯᠵᠦ ᠢᠷᠡᠯ᠎ᠡ᠃  ᠵᠤᠭᠠᠴᠠᠯ ᠤᠨ ᠦᠢᠯᠡᠰ ᠨᠢ  800 ᠭᠠᠷᠤᠢ  ᠮᠠᠯᠴᠢᠨ ᠳᠤ ᠤᠯᠠᠷᠢᠯ ᠤᠨ ᠴᠢᠨᠠᠷᠳᠠᠢ ᠠᠵᠢᠯ ᠤᠯᠭᠤᠨ᠂ ᠵᠤᠭᠠᠴᠠᠯ ᠤᠨ ᠤᠷᠤᠯᠭ᠎ᠠ ᠵᠢᠯ ᠳᠤ 320 ᠲᠦᠮᠡᠨ ᠲᠦᠬᠦᠷᠢᠭ   ᠢ ᠲᠠᠪᠠᠵᠤ᠂ ᠮᠠᠯᠴᠢᠳ ᠤᠨ ᠤᠷᠤᠯᠭ᠎ᠠ ᠶᠢ ᠬᠦᠮᠦᠨ ᠲᠤᠮᠳᠠᠴᠢ ᠪᠠᠷ 1000 ᠢᠯᠡᠬᠦᠦ ᠲᠦᠬᠦᠷᠢᠭ  ᠨᠡᠮᠡᠭᠳᠡᠬᠦᠯᠵᠦ ᠪᠤᠢ᠃  ᠵᠤᠭᠠᠴᠠᠯ ᠤᠨ ᠦᠢᠯᠡᠰ ᠢ ᠶᠡᠬᠡᠪᠡᠷ ᠬᠦᠭᠵᠢᠬᠦᠯᠵᠦ ᠠᠰᠢᠭ ᠤᠷᠤᠯᠭ᠎ᠠ ᠪᠠᠨ ᠨᠡᠮᠡᠭᠳᠡᠬᠦᠯᠬᠦ ᠳᠤ ᠴᠢᠭᠯᠡᠭᠳᠡᠭᠰᠡᠨ ᠤᠯᠤᠰ ᠤᠷᠤᠨ ᠠᠶᠢᠮᠠᠭ ᠬᠤᠰᠢᠭᠤᠨ ᠤ ᠵᠦᠪ ᠪᠤᠳᠤᠯᠭ᠎ᠠ ᠶᠤᠰᠤᠭᠠᠷ ︽ᠪᠡᠭᠡᠵᠢᠩ ᠠᠴᠠ ᠬᠠᠮᠤᠭ ᠤᠶᠢᠷᠠᠬᠠᠨ ᠲᠠᠯ᠎ᠠ ᠨᠤᠳᠤᠭ︾ ᠬᠡᠮᠡᠭᠳᠡᠭᠰᠡᠨ᠂ ᠬᠤᠷᠸ᠎ᠠ ᠳᠤ ᠬᠤᠪᠤᠷᠬᠠᠨ ᠠᠯᠳᠠᠨ ᠲᠢᠳᠢᠮ ᠲᠠᠢ ᠬᠦᠨᠪᠤᠯᠠᠭ ᠨᠤᠳᠤᠭ ᠮᠢᠨᠢ ᠵᠤᠭᠠᠴᠠᠯ ᠢᠶᠠᠷ ᠨᠤᠳᠤᠭ ᠢᠶᠠᠨ ᠮᠠᠨᠳᠤᠭᠤᠯᠵᠤ᠂ ᠵᠤᠭᠠᠴᠠᠯ ᠢᠶᠠᠷ ᠠᠷᠠᠳ ᠢᠶᠠᠨ ᠪᠠᠶᠠᠵᠢᠭᠤᠯᠬᠤ ᠲᠠᠷᠳᠠᠩ ᠬᠠᠷᠭᠤᠢ ᠳᠤ ᠵᠢᠯᠤᠭᠤ ᠰᠤᠩᠭᠠᠨ ᠲᠤᠪᠳᠤᠯᠤᠨᠠᠮ᠃    
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号