| | ᠰᠢᠨ᠎ᠡ ᠲᠢᠲᠢᠮᠯᠢᠭ ᠸᠢᠷᠦ᠋ᠰ ᠢ ᠭᠡᠷ ᠲᠡᠭᠡᠨ ᠪᠠᠶᠢᠵᠤ ᠪᠠᠶᠢᠭᠠᠳ ᠥᠪᠡᠷ ᠢᠶᠠᠨ ᠰᠢᠯᠭᠠᠨ ᠪᠠᠶᠢᠴᠠᠭᠠᠵᠤ | ᠳᠡᠶᠢᠯᠦᠨ᠎ᠡ ᠤᠤ︖ | ᠦᠨᠡᠨ ᠪᠠᠶᠢᠳᠠᠯ᠄ ᠰᠢᠨ᠎ᠡ ᠲᠢᠲᠢᠮᠯᠢᠭ ᠸᠢᠷᠦ᠋ᠰ ᠢ ᠰᠢᠯᠭᠠᠨ ᠪᠠᠶᠢᠴᠠᠭᠠᠬᠤ ᠭᠡᠷ ᠪᠦᠯᠢ ᠶᠢᠨ | ᠲᠤᠷᠰᠢᠯᠲᠠ ᠶᠢᠨ ᠬᠠᠶᠢᠷᠴᠠᠭ ᠬᠡᠵᠦ ᠪᠠᠶᠢᠬᠤ ᠥᠬᠡᠶ ᠪᠠᠶᠢᠬᠰᠠᠭᠠᠷ | ᠡᠭᠦᠨ ᠤ ᠲᠤᠬᠠᠢ ᠪᠡᠭᠡᠵᠢᠩ ᠬᠤᠲᠠ ᠶᠢᠨ ᠡᠮ ᠲᠠᠩ ᠤᠨ ᠬᠢᠨᠠᠯᠲᠠ ᠬᠠᠮᠢᠶᠠᠷᠤᠯᠲᠠ ᠶᠢᠨ | ᠲᠣᠪᠴᠢᠶ᠎ᠠ ᠢᠯᠡᠷᠬᠡᠶᠢᠯᠡᠬᠦ ᠳᠡᠭᠡᠨ᠂ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠢ ᠰᠢᠯᠭᠠᠨ ᠪᠠᠶᠢᠴᠠᠭᠠᠬᠤ | ᠲᠤᠷᠰᠢᠯᠳᠠ ᠶᠢᠨ ᠬᠠᠶᠢᠷᠴᠠᠭ ᠲᠤ ᠭᠡᠷ ᠪᠦᠯᠢ ᠶᠢᠨ ᠲᠤᠷᠰᠢᠯᠲᠠ ᠶᠢᠨ ᠬᠠᠶᠢᠷᠴᠠᠭ ᠬᠡᠵᠦ ᠲᠦᠷ ᠪᠠᠶᠢᠬᠤ ᠥᠬᠡᠶ | ᠪᠠᠶᠢᠬᠰᠠᠭᠠᠷ ᠬᠡᠪᠡ᠃ | ᠪᠡᠭᠡᠵᠢᠩ ᠬᠤᠲᠠ ᠶᠢᠨ ᠡᠮ ᠲᠠᠩ ᠤᠨ ᠬᠢᠨᠠᠯᠲᠠ ᠬᠠᠮᠢᠶᠠᠷᠤᠯᠲᠠ ᠶᠢᠨ ᠲᠣᠪᠴᠢᠶ᠎ᠠ ᠠᠴᠠ ᠬᠤᠲᠠ ᠶᠢᠨ ᠠᠷᠠᠳ ᠲᠤ ᠂ | ᠡᠲᠡᠭᠡᠷ ᠵᠥᠪᠰᠢᠶᠡᠷᠡᠬᠦᠯᠦᠨ ᠳᠠᠩᠰᠠᠯᠠᠭᠤᠯᠤᠭᠰᠠᠨ ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠢ ᠰᠢᠯᠭᠠᠨ | ᠪᠠᠶᠢᠴᠠᠭᠠᠬᠤ ᠲᠤᠷᠰᠢᠯᠲᠠ ᠶᠢᠨ ᠬᠠᠶᠢᠷᠴᠠᠭ ᠢ ᠴᠥᠮ PCR ᠲᠤᠷᠰᠢᠯᠲᠠ ᠶᠢᠨ ᠲᠠᠰᠤᠭ ᠵᠢᠴᠢ ᠲᠤᠰᠬᠠᠶ | ᠲᠥᠬᠦᠭᠡᠷᠦᠮᠵᠢ ᠪᠥᠬᠦᠶ ᠡᠮᠴᠢᠯᠡᠭᠡᠨ ᠤ ᠪᠠᠶᠢᠭᠤᠯᠤᠮᠵᠢ ᠰᠠᠶ᠋ᠢ ᠬᠡᠷᠡᠭᠯᠡᠵᠦ ᠰᠢᠯᠭᠠᠨ ᠪᠠᠶᠢᠴᠠᠭᠠᠯᠳᠠ ᠬᠢᠵᠦ ᠪᠠᠶᠢᠳᠠᠭ ᠂ | ᠡᠩ ᠤᠨ ᠬᠤᠲᠠ ᠶᠢᠨ ᠠᠷᠠᠳ ᠬᠡᠷ ᠲᠡᠭᠡᠨ ᠥᠪᠡᠷ ᠢᠶᠠᠨ ᠬᠡᠷᠡᠭᠯᠡᠵᠦ ᠪᠣᠯᠬᠤ ᠥᠬᠡᠶ᠃ ᠣᠳᠣᠬᠠᠨ ᠳᠤ ᠂ | ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠠᠭᠤᠰᠬᠢᠨ ᠦᠷᠪᠢᠰᠦᠯ ᠤᠨ ᠬᠢᠵᠢᠭ ᠤᠨ ᠪᠠᠶᠢᠳᠠᠯ ᠮᠦᠨᠬᠦ | ᠵᠠᠩᠭᠢᠯᠠᠭ᠎ᠠ ᠶᠢᠨ ᠰᠡᠷᠭᠡᠶᠢᠯᠡᠯᠳᠡ ᠶᠢᠨ ᠬᠤᠭᠤᠴᠠᠭᠠᠨ ᠳᠤ ᠣᠷᠣᠰᠢᠬᠰᠠᠭᠠᠷ ᠪᠠᠶᠢᠨ᠎ᠠ᠂ ᠬᠤᠲᠠ ᠶᠢᠨ ᠠᠷᠠᠳ ᠤᠳ | ︽ᠸᠢᠴᠠᠲ ᠢᠶᠠᠷ ᠶᠠᠭᠤᠮ᠎ᠠ ᠬᠤᠳᠠᠯᠳᠤᠵᠤ ᠪᠠᠶᠢᠭ᠎ᠠ ᠬᠤᠳᠠᠯᠳᠤᠭᠠᠴᠢᠨ︾ ᠤ ᠬᠤᠳᠠᠯ ᠬᠠᠭᠤᠷᠮᠠᠭ ᠤᠬᠠᠭᠤᠯᠭ᠎ᠠ ᠶᠢ | ᠠᠮᠠᠷᠬᠠᠨ ᠢᠲᠡᠭᠡᠵᠦ ᠪᠣᠯᠬᠤ ᠥᠬᠡᠶ᠂ ᠬᠠᠮᠢᠶ᠎ᠠ ᠪᠥᠬᠦᠶ ᠡᠪᠡᠳᠴᠢᠨ ᠤ ᠢᠯᠡᠷᠡᠯ ᠭᠠᠷᠪᠠᠯ ᠴᠠᠭ ᠲᠤᠬᠠᠶ ᠳᠤᠨᠢ | ᠡᠮᠨᠡᠭᠦᠯᠬᠦ ᠬᠡᠷᠡᠭᠲᠡᠶ ᠬᠡᠵᠦ ᠰᠠᠨᠠᠭᠤᠯᠪᠠ᠃ | ᠴᠡᠩᠭᠡᠭ ᠤᠰᠤᠨ ᠤ ᠵᠢᠭᠠᠰᠤ ᠰᠢᠨ᠎ᠡ ᠲᠢᠲᠢᠮᠯᠢᠭ ᠠᠭᠤᠰᠬᠢᠨ ᠦᠷᠪᠢᠰᠦᠯ ᠢ ᠬᠠᠯᠳᠠᠪᠤᠷᠢᠯᠠᠭᠤᠯᠵᠤ ᠮᠡᠳᠡᠨ᠎ᠡ | ᠤᠤ︖ | ᠦᠨᠡᠨ ᠪᠠᠶᠢᠳᠠᠯ᠄ ᠬᠥᠬᠦᠲᠡᠨ ᠠᠮᠢᠳᠠᠨ ᠤ ᠸᠢᠷᠦ᠋ᠰ ᠤᠰᠤᠨ ᠤ ᠠᠮᠢᠲᠠᠨ ᠤ ᠪᠡᠶ᠎ᠡ ᠳᠣᠲᠣᠷ᠎ᠠ ᠦᠷᠡᠵᠢᠬᠦ | ᠪᠣᠯᠤᠯᠴᠠᠭ᠎ᠠ ᠦᠭᠡᠢ | ︽ᠰᠢᠨ᠎ᠡ ᠬᠡᠯᠪᠡᠷᠢ ᠶᠢᠨ ᠲᠢᠲᠢᠮᠯᠢᠭ ᠸᠢᠷᠦ᠋ᠰ ᠤᠨ ᠭᠤᠤᠯ ᠬᠠᠯᠳᠠᠪᠤᠷᠢᠯᠠᠬᠤ ᠵᠠᠮ ᠪᠤᠯ ᠮᠥᠨ ᠯᠡ | ᠠᠮᠢᠰᠬᠤᠯ ᠤᠨ ᠵᠠᠮ ᠤᠨ ᠰᠢᠯᠦᠰᠦ ᠴᠡᠷ ᠢᠶᠠᠷ ᠳᠡᠮᠵᠢᠨ ᠬᠠᠯᠳᠠᠪᠤᠷᠢᠯᠠᠬᠤ ᠪᠠ ᠬᠦᠷᠦᠯᠴᠡᠬᠦ ᠪᠠᠷ ᠲᠡᠮᠵᠢᠨ | ᠬᠠᠯᠳᠠᠪᠤᠷᠢᠯᠠᠵᠤ ᠪᠤᠢ ᠂ ᠵᠢᠭᠠᠰᠤᠨ ᠤ ᠲᠥᠷᠥᠯ ᠳᠤ ᠬᠠᠯᠳᠠᠪᠤᠷᠢᠯᠠᠭᠳᠠᠬᠤ ᠲᠤᠬᠠᠢ ᠶᠠᠮᠠᠷ ᠴᠤ ᠭᠡᠷᠡᠴᠢ ᠪᠠᠷᠢᠮᠲᠠ | ᠪᠠᠶᠢᠬᠤ ᠥᠬᠡᠶ ᠪᠠᠶᠢᠬᠰᠠᠭᠠᠷ ᠬᠡᠳᠡᠭ ᠢ ᠣᠳᠣᠬᠠᠨ ᠤ ᠰᠤᠳᠤᠯᠭᠠᠨ ᠭᠡᠷᠡᠴᠢᠯᠡᠭᠰᠡᠨ ᠶᠤᠮ᠃ ᠡᠨᠡᠬᠦ ᠰᠢᠨ᠎ᠡ | ᠬᠡᠯᠪᠡᠷᠢ ᠶᠢᠨ ᠲᠢᠲᠢᠮᠯᠢᠭ ᠸᠢᠷᠦ᠋ᠰ ᠢᠶᠠᠷ ᠠᠪᠴᠤ ᠬᠡᠯᠡᠪᠡᠯ᠂ ᠵᠢᠭᠠᠰᠤ ᠪᠣᠯᠤᠨ ᠤᠰᠤ ᠨᠢ ᠪᠤᠰᠤᠳ ᠪᠣᠳᠠᠰ ᠤᠨ | ᠭᠠᠳᠠᠷᠭᠤ ᠲᠠᠢ ᠠᠳᠠᠯᠢ᠂ ᠵᠥᠪᠬᠡᠨ ︿ᠲᠦᠷ ᠣᠷᠣᠰᠢᠵᠤ﹀ ᠮᠡᠳᠡᠬᠦ ᠭᠠᠵᠠᠷ ᠲᠡᠳᠦᠶ ᠶᠤᠮ︾ ᠬᠡᠵᠦ ᠾᠦᠢ ᠵᠧᠤ | ᠬᠤᠲᠠ ᠶᠢᠨ ᠵᠢᠭᠠᠰᠤᠨ ᠠᠵᠤ ᠠᠬᠤᠶ ᠶᠢ ᠰᠤᠳᠤᠯᠤᠨ ᠳᠡᠯᠭᠡᠷᠡᠭᠦᠯᠬᠦ ᠲᠥᠪ ᠤᠨ ᠢᠨᠵᠧᠨᠧᠷ ᠯᠢ ᠴᠢᠩ ᠶᠦᠩ | ᠬᠡᠯᠡᠵᠡᠢ᠃ | |