ᠠᠮᠠᠪᠴᠢ ᠵᠡᠬᠦᠬᠦ ᠳᠡᠭᠡᠨ ᠡᠭᠦᠨ ᠢ ᠬᠢᠴᠢᠶᠡᠬᠡᠷᠡᠢ
ᠨᠡᠶᠢᠲᠡᠯᠡᠭᠰᠡᠨ ᠴᠠᠭ᠄
2020/3/23
      ᠬᠦᠮᠦᠰ ᠤᠶᠢᠷ᠎ᠠ ᠶᠢᠨ ᠬᠤᠭᠤᠴᠠᠭᠠᠨ ᠳᠤ ᠭᠠᠳᠠᠭᠰᠢ ᠲᠤᠳᠤᠭᠰᠢ ᠭᠠᠷᠴᠦ  ᠶᠠᠪᠤᠵᠤ  ᠰᠠᠭᠤᠬᠤ   ᠳᠠᠭᠠᠨ  ᠡᠰᠡᠬᠦᠯ᠎ᠡ ᠠᠯᠪᠡᠨ ᠳᠤ ᠬᠦᠷᠴᠦ ᠠᠵᠢᠯᠯᠠᠬᠤ  ᠳᠠᠭᠠᠨ ᠪᠦᠷ ᠠᠮᠠᠪᠴᠢ ᠵᠡᠬᠦᠵᠦ ᠪᠠᠶᠢᠨ᠎ᠠ᠂ ᠤᠷᠳᠤ ᠬᠤᠭᠤᠴᠠᠭ᠎ᠠ ᠠᠮᠠᠪᠴᠢ ᠵᠡᠬᠦᠬᠦ ᠨᠢ ᠨᠢᠭᠤᠷ ᠴᠢᠷᠠᠢ ᠶᠢᠨ ᠠᠷᠠᠰᠤ ᠶᠢ ᠬᠡᠮᠳᠦᠭᠡᠳᠡᠭ᠃ ᠲᠡᠭᠡᠪᠡᠯ ᠪᠢᠳᠡ ᠠᠮᠠᠪᠴᠢ   ᠵᠡᠬᠦᠭᠰᠡᠨ   ᠠᠴᠠ  ᠪᠤᠯᠤᠭᠰᠠᠨ  ᠠᠷᠠᠰᠤᠨ ᠤ  ᠬᠡᠮᠳᠤᠯ  ᠢ ᠶᠠᠭᠠᠬᠢᠵᠤ ᠰᠡᠷᠬᠡᠶᠢᠯᠡᠬᠦ ᠪᠤᠢ︖        ᠲᠦᠷᠦ ᠶᠢᠨ ᠶᠠᠪᠤᠳᠡᠯ ᠤᠨ ᠬᠤᠷᠢᠶᠠᠨ ᠤ ᠰᠢᠨ᠎ᠡ ᠺᠤᠷᠤᠨᠠ ᠸᠢᠷᠦ᠋ᠰ ᠬᠠᠯᠳᠠᠪᠤᠷᠢᠯᠠᠭᠰᠠᠨ ᠠᠭᠤᠰᠬᠢᠨ ᠤ ᠦᠷᠪᠢᠰᠦᠯ ᠤᠨ ᠬᠢᠵᠢᠭ ᠢ ᠬᠤᠯᠪᠤᠭᠠᠯᠠᠨ ᠰᠡᠷᠬᠡᠶᠢᠯᠡᠵᠦ ᠲᠠᠷᠤᠬᠤ ᠲᠤᠭᠳᠠᠴᠠ ᠶᠢᠨ ᠬᠢᠨ 2 ᠳ᠋ᠤᠭᠠᠷ ᠰᠠᠷ᠎ᠠ ᠶᠢᠨ 25 ᠤ ᠦᠳᠡ ᠶᠢᠨ  ᠬᠤᠶᠢᠨ᠎ᠡ ᠰᠤᠨᠢᠨ ᠮᠡᠳᠡᠭᠡ ᠨᠡᠶᠢᠳᠡᠯᠡᠬᠦ ᠬᠤᠷᠠᠯ ᠬᠢᠵᠡᠢ᠂ ᠬᠤᠷᠠᠯ ᠲᠡᠭᠡᠷ᠎ᠡ ᠪᠡᠭᠡᠵᠢᠩ ᠬᠤᠳᠠ  ᠶᠢᠨ ᠰᠢᠶᠧ ᠡᠾᠧ ᠡᠮᠨᠡᠯᠬᠡ ᠶᠢᠨ ᠬᠤᠷᠢᠶᠠᠨ ᠤ ᠠᠷᠠᠰᠤᠨ ᠤ ᠰᠠᠯᠠᠭᠠᠨ ᠤ ᠡᠷᠬᠢᠯᠡᠭᠴᠢ ᠡᠮᠴᠢ᠂ ᠫᠷᠤᠹᠧᠰᠰᠤᠷ ᠯᠢᠦ ᠵᠢᠶᠧ ᠠᠮᠠᠪᠴᠢ  ᠵᠡᠬᠦᠭᠰᠡᠨ ᠠᠴᠠ  ᠪᠤᠯᠤᠭᠰᠠᠨ  ᠠᠷᠠᠰᠤᠨ ᠤ ᠬᠡᠮᠳᠤᠯ ᠢ ᠰᠡᠷᠬᠡᠶᠢᠯᠡᠬᠦ ᠲᠤᠬᠠᠢ ᠡᠶᠢᠮᠤ ᠬᠡᠳᠤᠨ ᠰᠠᠨᠠᠭᠤᠯᠭ᠎ᠠ ᠲᠤᠷᠠᠳᠤᠯ᠎ᠠ᠃             ᠤᠷᠳᠤ ᠬᠤᠭᠤᠴᠠᠭ᠎ᠠ ᠠᠮᠠᠪᠴᠢ ᠵᠡᠬᠦᠭᠰᠡᠨ ᠠᠴᠠ ᠪᠤᠯᠤᠭᠰᠠᠨ  ᠭᠡᠰᠡᠭ  ᠲᠠᠯ᠎ᠠ ᠶᠢᠨ  ᠠᠷᠠᠰᠤᠨ ᠤ  ᠲᠠᠷᠤᠯᠳᠡ   ᠶᠢᠨ ᠴᠢᠨᠡᠷᠳᠡᠢ ᠬᠡᠮᠳᠤᠯ ᠨᠢ ᠨᠢᠬᠡ ᠵᠦᠢᠯ ᠤᠨ ᠡᠮᠴᠢᠯᠡᠬᠡᠨ ᠤ ᠪᠠᠭᠠᠵᠢ ᠬᠡᠷᠡᠭᠰᠡᠯ  ᠤᠨ  ᠲᠠᠷᠤᠯᠳᠡ   ᠠᠴᠠ  ᠪᠤᠯᠤᠭᠰᠠᠨ  ᠬᠡᠮᠳᠤᠯ ᠳᠤ ᠪᠠᠭᠳᠠᠨ᠎ᠠ᠂ ᠭᠤᠤᠯᠳᠠᠭᠤ ᠬᠠᠮᠠᠷ ᠤᠨ ᠬᠡᠰᠡᠭ᠂ ᠬᠠᠴᠠᠷ᠂ ᠦᠨᠳᠡᠭᠡᠨ ᠬᠠᠴᠠᠷ ᠪᠤᠶᠤ ᠴᠢᠬᠢᠨ ᠤ ᠠᠷᠤ ᠲᠠᠯ᠎ᠠ ᠵᠡᠷᠭᠡ  ᠭᠠᠵᠠᠷ‌ᠤᠷᠳᠤ ᠬᠤᠭᠤᠴᠠᠭ᠎ᠠ ᠲᠠᠷᠤᠭᠳᠠᠭᠠᠳ ᠪᠠᠶᠢᠳᠠᠭ ᠭᠡᠰᠡᠭ  ᠲᠤ ᠢᠯᠡᠷᠡᠳᠡᠭ᠃ ᠡᠶᠢᠮᠤ ᠠᠰᠠᠭᠤᠳᠡᠯ  ᠢ ᠤᠷᠢᠳᠴᠢᠯᠡᠨ  ᠰᠡᠷᠬᠡᠶᠢᠯᠡᠬᠦ   ᠬᠡᠪᠡᠯ ᠲᠠ ᠴᠢᠳᠠᠬᠤ ᠶᠢᠨ ᠲᠤᠳᠤᠷ᠎ᠠ ᠶᠡᠭᠡ ᠪᠠᠭ᠎ᠠ ᠨᠢ ᠨᠡᠯᠢᠶᠡᠳ ᠲᠤᠬᠢᠷᠠᠮᠵᠢᠳᠡᠢ ᠠᠮᠠᠪᠴᠢ ᠪᠤᠶᠤ ᠤᠭᠤᠰᠤᠷ ᠲᠠᠢ ᠠᠮᠠᠪᠴᠢ ᠰᠤᠩᠭᠤᠵᠤ ᠪᠤᠯᠤᠨ᠎ᠡ᠂ ᠡᠶᠢᠮᠦᠷᠬᠦ ᠠᠮᠠᠪᠴᠢ ᠵᠢᠨ‌ᠨᠢᠭᠤᠷ  ᠴᠢᠷᠠᠢ ᠶᠢᠨ  ᠠᠷᠠᠰᠤᠨ ᠳᠤ  ᠦᠵᠡᠬᠦᠯᠬᠦ  ᠲᠠᠷᠤᠯᠳᠡ   ᠨᠢ  ᠬᠠᠷᠢᠴᠠᠩᠭᠤᠢ  ᠪᠠᠭ᠎ᠠ ᠪᠠᠶᠢᠳᠠᠭ᠃             ᠲᠠᠨ ᠤ ᠨᠢᠭᠤᠷ ᠴᠢᠷᠠᠢ ᠶᠢᠨ ᠠᠷᠠᠰᠤᠨ ᠳᠤ ᠬᠡᠷᠪᠡ ᠠᠮᠠᠷᠬᠠᠨ ᠬᠠᠷᠰᠢᠯ ᠡᠬᠦᠰᠳᠡᠭ ᠪᠤᠯ ᠠᠮᠠᠪᠴᠢ  ᠵᠡᠬᠦᠬᠦ ᠠᠴᠠ   ᠪᠠᠨ ᠡᠮᠦᠨ᠎ᠡ  ᠬᠠᠮᠢᠶᠠᠳᠡᠢ  ᠲᠠᠶᠢᠯᠪᠤᠷᠢᠯᠠᠬᠤ  ᠪᠢᠴᠢᠭ ᠢ  ᠨᠠᠷᠢᠨ  ᠤᠩᠰᠢᠵᠤ᠂  ᠠᠮᠠᠪᠴᠢ    ᠶᠢᠨ  ᠪᠦᠷᠢᠯᠳᠦᠬᠦᠨ ᠢ  ᠤᠶᠢᠯᠠᠭᠠᠬᠤ ᠶᠤᠰᠤᠳᠡᠢ᠃ ᠬᠡᠤᠬᠡᠳ ᠲᠤ ᠵᠡᠬᠦᠯᠬᠡᠬᠦ ᠠᠮᠠᠪᠴᠢ  ᠶᠢ ᠭᠡᠷ ᠤᠨ ᠠᠬᠠᠮᠠᠳ ᠦᠪᠡᠷᠰᠡᠳ ᠢᠶᠠᠨ ᠰᠤᠩᠭᠤᠨ  ᠦᠭᠬᠦᠪᠡᠯ  ᠵᠤᠬᠢᠨ᠎ᠡ᠂ ᠠᠮᠠᠪᠴᠢ  ᠶᠢᠨ ᠶᠡᠭᠡ ᠪᠠᠭ᠎ᠠ ᠪᠤᠯᠤᠨ ᠬᠡᠯᠪᠡᠷᠢ ᠮᠠᠶ᠋ᠢᠭ ᠨᠢ ᠪᠦᠷ ᠬᠡᠤᠬᠡᠳ  ᠤᠨ ᠬᠠᠴᠠᠷ ᠲᠤ ᠲᠤᠬᠢᠷᠠᠭᠰᠠᠨ ᠪᠠᠶᠢᠬᠤ ᠶᠤᠰᠤᠳᠡᠢ᠃ ᠲᠠᠬᠢᠪᠡᠯ᠂ ᠠᠮᠠᠪᠴᠢ ᠵᠡᠬᠦᠭᠡᠳ ᠬᠤᠶᠠᠷ ᠠᠴᠠ ᠭᠤᠷᠪᠠᠨ ᠴᠠᠭ   ᠪᠤᠯᠤᠭᠰᠠᠨ ᠤ  ᠲᠠᠷᠠᠭ᠎ᠠ᠂  ᠵᠡᠬᠦᠭᠰᠡᠨ  ᠠᠮᠠᠪᠴᠢ ᠶᠢᠨ   ᠢᠶᠠᠨ ᠪᠠᠶᠢᠷᠢ ᠶᠢ ᠰᠤᠯᠢᠵᠤ᠂ ᠠᠷᠠᠰᠤᠨ ᠳᠤ ᠦᠵᠡᠬᠦᠯᠬᠦ ᠲᠠᠷᠤᠯᠳᠡ ᠶᠢ ᠨᠢ ᠬᠦᠩᠬᠡᠯᠡᠬᠦ  ᠭᠡᠷᠡᠭᠳᠡᠢ᠃  ᠠᠮᠠᠪᠴᠢ ᠶᠢ  ᠲᠠᠬᠢᠨ  ᠲᠠᠪᠳᠡᠨ ᠭᠡᠷᠡᠭᠯᠡᠬᠦ ᠪᠤᠶᠤ ᠵᠠᠯᠭᠠᠪᠡᠷ 6 ᠴᠠᠭ ᠢᠯᠡᠬᠦᠦ ᠵᠡᠬᠦᠭᠰᠡᠨ ᠪᠠᠶᠢᠪᠡᠯ᠂ ᠰᠢᠨ᠎ᠡ ᠶᠢ ᠰᠤᠯᠢᠵᠤ ᠵᠡᠬᠦᠪᠡᠯ ᠲᠠᠭᠠᠷᠠᠨ᠎ᠠ᠃            ᠬᠡᠷᠪᠡ ᠠᠷᠠᠰᠤᠨ ᠤ ᠬᠡᠮᠳᠤᠯ ᠭᠠᠷᠤᠭᠰᠠᠨ ᠪᠠᠶᠢᠪᠡᠯ᠂  ᠤᠯᠠᠨ ᠢᠶᠠᠷ ᠢᠶᠠᠨ  ᠢᠩᠬᠢᠵᠦ  ᠬᠢᠬᠡᠷᠡᠢ᠃  ᠲᠠᠷᠤᠢ  ᠠᠮᠠᠪᠴᠢ ᠵᠡᠭᠦᠭᠡᠳ ᠰᠠᠭᠤᠭᠰᠠᠨ ᠤᠷᠤᠮ ᠨᠢ ᠨᠡᠯᠢᠶᠡᠳ ᠬᠦᠨ ᠪᠤᠶᠤ ᠭᠡᠰᠡᠭ ᠲᠠᠯ᠎ᠠ ᠶᠢᠨ  ᠠᠷᠠᠰᠤᠨ    ᠤ  ᠲᠤᠤᠷ᠎ᠠ  ᠴᠢᠰᠤ  ᠬᠤᠷᠠᠭᠰᠠᠨ ᠪᠠᠶᠢᠪᠡᠯ ᠠᠷᠠᠰᠤᠨ  ᠤ ᠴᠢᠰᠤᠨ ᠤ ᠡᠷᠭᠢᠯᠳᠠ ᠶᠢ ᠰᠠᠶᠢᠵᠢᠷᠠᠭᠤᠯᠵᠤ ᠲᠡᠶᠢᠯᠳᠡᠭ ᠲᠦᠷᠬᠢᠬᠦ  ᠡᠮ  ᠭᠡᠷᠡᠭᠯᠡᠵᠦ  ᠪᠤᠯᠤᠨ᠎ᠡ᠃  ᠭᠡᠷᠪᠡ ᠠᠷᠠᠰᠤᠨ ᠤ ᠰᠢᠷᠠᠭᠳᠤᠯ ᠨᠡᠯᠢᠶᠡᠳ ᠬᠦᠨᠳᠤ ᠨᠤᠴᠢᠳᠡᠢ ᠪᠤᠯᠵᠤ᠂ ᠤᠯᠠᠶᠢᠵᠤ ᠬᠠᠪᠤᠳᠬᠤ ᠪᠤᠶᠤ ᠢᠳᠡᠬᠡᠯᠡᠭᠰᠡᠨ ᠪᠠᠶᠢᠪᠡᠯ᠂  ᠨᠢᠶᠠᠨ ᠲᠠᠷᠤᠭᠴᠢ ᠲᠤᠰᠤ ᠲᠦᠷᠬᠢᠵᠦ ᠪᠤᠯᠤᠨ᠎ᠡ᠂ ᠰᠢᠷᠬ᠎ᠠ ᠰᠤᠷᠪᠢ ᠶᠢ ᠡᠳᠡᠬᠡᠬᠦ ᠳᠤ ᠲᠤᠰᠠᠳᠡᠢ ᠨᠠᠭᠠᠯᠳᠠ ᠶᠢ  ᠴᠦ  ᠨᠠᠭᠠᠵᠤ  ᠪᠤᠯᠤᠨ᠎ᠠ᠂ ᠢᠩᠬᠢᠵᠦ ᠬᠢᠬᠦ ᠨᠢ ᠰᠢᠷᠬ᠎ᠠ  ᠳᠤ ᠰᠠᠳᠤᠯᠳᠡ ᠦᠭᠬᠦ ᠠᠴᠠ ᠪᠤᠯᠭᠤᠮᠵᠢᠯᠠᠵᠤ ᠴᠢᠳᠡᠨ᠎ᠡ᠃         ᠴᠢᠬᠢᠭᠳᠦᠭᠰᠡᠨ ᠠᠴᠠ ᠪᠤᠯᠵᠤ ᠵᠠᠷᠢᠮ ᠦᠶ᠎ᠡ ᠳᠤ ᠠᠷᠠᠰᠤ ᠵᠦᠬᠡᠯᠡᠷᠡᠬᠦ᠂ ᠠᠷᠠᠰᠤᠨ ᠳᠤ  ᠠᠳᠤᠷᠢᠭ᠎ᠠ  ᠰᠠᠭᠤᠬᠤ  ᠵᠡᠷᠭᠡ ᠪᠠᠶᠢᠳᠡᠯ ᠭᠠᠷᠳᠠᠭ᠂ ᠡᠶᠢᠮᠤ ᠪᠠᠶᠢᠳᠡᠯ ᠳᠤ ᠠᠮᠠᠪᠴᠢ ᠵᠡᠬᠦᠬᠦ ᠠᠴᠠ ᠪᠠᠨ ᠡᠮᠦᠨ᠎ᠡ᠂ ᠢᠰᠦᠯᠳᠦᠭᠰᠡᠨ ᠴᠠᠶᠢᠷ ᠪᠤᠶᠤ  ᠸᠠᠽᠧᠯᠢᠨ   ᠲᠠᠢ ᠠᠷᠠᠰᠤ ᠵᠦᠬᠡᠯᠡᠷᠡᠬᠦᠯᠬᠦ ᠲᠤᠰᠤ  ᠶᠢ ᠭᠡᠷᠡᠭᠯᠡᠵᠦ ᠪᠤᠯᠤᠨ᠎ᠡ᠂ ᠢᠩᠬᠢᠵᠦ ᠬᠢᠪᠡᠯ ᠬᠦᠯᠦᠰᠦ᠂ ᠱᠦᠷᠬᠦᠬᠦ ᠠᠴᠠ ᠪᠤᠯᠵᠤ  ᠠᠷᠠᠰᠤᠨ ᠳᠤ ᠦᠵᠡᠬᠦᠯᠬᠦ ᠰᠡᠳᠤᠯᠳᠡ ᠶᠢ ᠪᠠᠭᠠᠰᠬᠠᠵᠤ ᠲᠡᠶᠢᠯᠦᠨ᠎ᠡ᠃ ᠠᠮᠠᠪᠴᠢ ᠪᠠᠨ ᠠᠪᠤᠭᠰᠠᠨ ᠲᠠᠷᠠᠭ᠎ᠠ᠂  ᠠᠷᠠᠰᠤ   ᠪᠠᠨ  ᠠᠷᠢᠭᠤᠳᠬᠠᠵᠤ᠂ ᠠᠷᠠᠰᠤ ᠵᠦᠬᠡᠯᠡᠷᠡᠬᠦᠯᠬᠦ ᠡᠳ᠋ ᠢ ᠵᠤᠬᠢᠰᠳᠡᠢ ᠭᠡᠷᠡᠭᠯᠡᠵᠦ᠂ ᠠᠷᠠᠰᠤᠨ ᠤ ᠭᠡᠮᠳᠤᠯ ᠢᠶᠠᠨ ᠰᠠᠶᠢᠵᠢᠷᠠᠭᠤᠯᠬᠤ ᠶᠤᠰᠤᠳᠡᠢ᠃            ᠬᠡᠷᠪᠡ ᠠᠷᠠᠰᠤᠨ ᠤ ᠬᠡᠮᠳᠤᠯ ᠬᠡᠴᠡᠬᠦᠳᠡᠬᠦ ᠪᠤᠶᠤ ᠬᠦᠨᠳᠤ ᠨᠤᠴᠢᠳᠡᠢ ᠬᠠᠷᠰᠢᠯ ᠭᠠᠷᠤᠭᠰᠠᠨ ᠪᠠᠶᠢᠪᠡᠯ ᠵᠠᠪᠡᠯ ᠡᠮᠨᠡᠯᠬᠡ ᠶᠢᠨ ᠬᠤᠷᠢᠶᠠᠨ ᠳᠤ ᠬᠦᠷᠴᠦ᠂ ᠠᠷᠠᠰᠤᠨ ᠤ ᠰᠠᠯᠠᠭᠠᠨ ᠤ ᠡᠮᠴᠢ ᠪᠠᠷ ᠡᠮᠨᠡᠬᠦᠯᠬᠦ ᠭᠡᠷᠡᠭᠳᠡᠢ᠃  
 
ᠢᠷᠡᠯᠲᠡ᠄ ᠲᠤᠮᠳᠠᠳᠤ ᠤᠯᠤᠰ ᠤᠨ ᠮᠤᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号