ᠲᠠᠶᠢᠹᠤᠰᠧ ᠬᠤᠰᠢᠭᠤᠨ ᠤ ᠬᠤᠭᠤᠯᠠ ᠤᠮᠳᠠ ᠶᠢᠨ ᠦᠢᠯᠡᠴᠢᠯᠡᠬᠡᠨ ᠤ ᠦᠢᠯᠡᠰ ᠡᠮᠬᠢ ᠲᠢᠭᠯᠡᠮ ᠲᠠᠢ  ᠪᠠᠷ ᠡᠵᠡᠩᠨᠡᠯᠳᠡ ᠪᠠᠨ ᠰᠡᠷᠬᠦᠬᠡᠵᠦ ᠪᠠᠶᠢᠨ᠎ᠠ
ᠨᠡᠶᠢᠲᠡᠯᠡᠭᠰᠡᠨ ᠴᠠᠭ᠄
2020-03-12
     ᠲᠠᠶᠢᠹᠤᠰᠧ ᠬᠤᠰᠢᠭᠤᠨ ᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ ᠨᠡᠶᠢᠳᠡᠯᠡᠭᠰᠡᠨ ︽ᠬᠤᠯᠪᠤᠭᠳᠠᠯ ᠪᠦᠬᠦᠢ ᠠᠵᠢᠯ ᠲᠦᠷᠦᠯ ᠤᠨ ᠡᠵᠡᠩᠨᠡᠯᠳᠡ ᠶᠢ ᠠᠯᠬᠤᠮ ᠠᠯᠬᠤᠮ ᠢᠶᠠᠷ  ᠡᠮᠬᠢ ᠲᠢᠭᠯᠡᠮ ᠲᠠᠢ ᠰᠡᠷᠬᠦᠬᠡᠬᠦ ᠪᠠ  ᠡᠵᠡᠮᠳᠡᠨ ᠬᠠᠮᠢᠶᠠᠷᠬᠤ ᠠᠷᠭ᠎ᠠ ᠠᠪᠴᠢᠯ ᠢ ᠰᠢᠯᠢᠳᠡᠭᠵᠢᠬᠦᠯᠬᠦ ᠲᠤᠬᠠᠢ ᠮᠡᠳᠡᠭᠳᠡᠯ︾  ︵2020〕77 ᠨᠤᠮᠧᠷᠳᠤ︶ ᠪᠤᠯᠤᠨ  ᠲᠠᠶᠢᠹᠤᠰᠧ ᠬᠤᠰᠢᠭᠤᠨ ᠤ ᠰᠢᠨ᠎ᠡ ᠳᠢᠳᠢᠮᠯᠢᠭ ᠠᠭᠤᠰᠬᠢᠨ ᠦᠷᠪᠢᠰᠦᠯ ᠢ ᠰᠡᠷᠭᠡᠶᠢᠯᠡᠨ ᠡᠵᠡᠮᠳᠡᠬᠦ ᠵᠢᠯᠤᠭᠤᠳᠬᠤ ᠭᠠᠵᠠᠷ ᠤᠨ  ᠠᠯᠪᠠᠨ ᠵᠠᠷᠯᠠᠯ  ︵16 ᠨᠤᠮᠧᠷᠳᠦ︶  ᠵᠡᠷᠭᠡ ᠪᠢᠴᠢᠭ ᠮᠠᠲ᠋ᠧᠷᠢᠶᠠᠯ ᠤᠨ ᠵᠤᠷᠢᠭ ᠰᠠᠨᠠᠭ᠎ᠠ ᠶᠢ ᠦᠨᠳᠦᠰᠦᠯᠡᠵᠦ᠂  ᠲᠠᠶᠢᠹᠤᠰᠧ ᠬᠤᠰᠢᠭᠤᠨ ᠤ ᠬᠤᠭᠤᠯᠠ  ᠤᠮᠳᠠ ᠶᠢᠨ ᠦᠢᠯᠡᠴᠢᠯᠡᠬᠡᠨ ᠤ ᠦᠢᠯᠡᠰ ᠨᠢ  ᠠᠯᠬᠤᠮ ᠠᠯᠬᠤᠮ ᠢᠶᠠᠷ ᠡᠵᠡᠩᠨᠡᠯᠳᠡ ᠪᠠᠨ ᠰᠡᠷᠬᠦᠬᠡᠵᠦ᠂   ᠭᠡᠰᠡᠭ ᠨᠢᠬᠡᠴᠡ ᠨᠢ ᠵᠠᠬᠢᠶᠠᠯᠠᠭ᠎ᠠ ᠶᠢᠨ ᠬᠤᠭᠤᠯᠠ ᠬᠦᠷᠭᠡᠵᠦ ᠡᠬᠢᠯᠡᠭᠰᠡᠨ ᠪᠠᠶᠢᠨ᠎ᠠ᠃  ᠵᠢᠱᠢᠶᠡᠯᠡᠪᠡᠯ᠂  ᠬᠤᠩ ᠶᠤᠸᠠᠨ ᠪᠤᠭᠤᠷᠰᠤᠭ ᠤᠨ ᠲᠡᠯᠬᠡᠬᠦᠷ ᠲᠤ ᠬᠦᠷᠬᠦ ᠳᠤ᠂ ᠡᠩ ᠤᠨ ᠴᠠᠭ ᠠᠴᠠ ᠠᠳᠠᠯᠢ ᠦᠬᠡᠢ ᠦᠵᠡᠭᠳᠡᠯ ᠬᠡᠪᠡᠯ᠂ ᠡᠬᠦᠳᠡᠨ  ᠳᠡᠭᠡᠨ ᠰᠢᠷᠡᠭᠡ ᠲᠠᠯᠪᠢᠭᠠᠳ ᠠᠮᠠᠪᠴᠢ ᠵᠡᠬᠦᠭᠰᠡᠨ ᠬᠦᠮᠦᠰ  ᠪᠦᠷ ᠡᠬᠦᠳᠡᠨ ᠤ ᠭᠠᠳᠠᠨ᠎ᠠ  ᠵᠤᠬᠢᠬᠤ ᠵᠠᠶᠢᠳᠠᠢ ᠮᠦᠷᠯᠡᠨ ᠵᠤᠭᠰᠤᠵᠤ  ᠂ ᠭᠠᠷ ᠤᠳᠠᠰᠤ ᠪᠠᠷ ᠢᠶᠠᠨ ᠮᠦᠩᠬᠦ ᠶᠢ ᠨᠢ ᠲᠦᠯᠦᠨ᠎ᠡ᠃  ᠲᠡᠯᠬᠡᠬᠦᠷ ᠤᠨ ᠡᠵᠡᠨ  ᠪᠠ ᠠᠵᠢᠯᠴᠢᠳ ᠴᠤ ᠱᠠᠭᠠᠷᠳᠠᠯᠭ᠎ᠠ ᠶᠤᠰᠤᠭᠠᠷ ᠠᠮᠠᠪᠴᠢ ᠵᠡᠬᠦᠵᠦ᠂  ᠠᠵᠢᠯ   ᠳᠠᠭᠠᠨ ᠭᠠᠷᠤᠮᠠᠭᠴᠠ ᠪᠡᠶ᠎ᠡ ᠶᠢᠨ ᠲᠤᠯᠠᠭᠠᠨ ᠢᠶᠠᠨ ᠬᠡᠮᠵᠢᠨ᠂   ᠠᠬᠢᠨ ᠲᠠᠬᠢᠨ ᠠᠷᠢᠭᠤᠳᠬᠠᠯ  ᠬᠢᠵᠦ᠂ ᠨᠢᠬᠡᠳ ᠨᠢᠬᠡᠳ ᠢᠶᠠᠷ  ᠲᠡᠮᠳᠡᠭᠯᠡᠨ ᠲᠠᠩᠰᠠᠯᠠᠨ᠎ᠠ᠃  ᠳ᠋ᠧ ᠺᠧ ᠱᠢ  ᠲᠦᠷᠭᠡᠨ ᠬᠤᠭᠤᠯᠠᠨ   ᠤ ᠭᠠᠵᠠᠷ  ᠴᠤ ᠡᠬᠦᠳᠡᠨ ᠳᠡᠭᠡᠨ  ᠤᠳᠠᠰᠤ  ᠲᠠᠳᠠᠨ ᠰᠢᠷᠡᠭᠡ ᠲᠠᠯᠪᠢᠵᠤ᠂ ︽ᠠᠶᠤᠯᠬᠦᠢ ᠬᠠᠯᠬᠠᠪᠴᠢ︾   ᠲᠤᠬᠢᠷᠠᠭᠤᠯᠤᠭᠠᠳ᠂  ᠠᠵᠢᠯᠴᠢᠳ  ᠵᠠᠯᠭ᠎ᠠ ᠠᠵᠢᠯ ᠤᠨ ᠬᠤᠪᠴᠠᠰᠤ ᠡᠮᠦᠰᠦᠨ ᠠᠮᠠᠪᠴᠢ ᠵᠡᠬᠦᠵᠦ᠂ ︽ᠠᠶᠤᠯᠬᠦᠢ ᠬᠠᠯᠬᠠᠪᠴᠢ︾   ᠶᠢᠨ ᠴᠠᠭᠠᠨ᠎ᠠ ᠠᠴᠠ  ᠭᠡᠷᠡᠭᠯᠡᠭᠴᠢᠳ ᠲᠤ ᠦᠢᠯᠡᠴᠢᠯᠡᠨ᠂  ᠺᠤᠳ᠋ ᠰᠢᠷᠪᠢᠬᠦ ᠠᠷᠭ᠎ᠠ ᠪᠠᠷ ᠲᠤᠭᠠᠴᠠᠭ᠎ᠠ ᠬᠢᠯᠬᠡᠵᠦ᠂ ︽ᠦᠯᠦ ᠬᠦᠷᠦᠯᠴᠡᠬᠦ︾  ᠵᠠᠬᠢᠶᠠᠯᠠᠭ᠎ᠠ ᠶᠢᠨ ᠠᠷᠭ᠎ᠠ ᠪᠠᠷ ᠠᠵᠢᠯᠯᠠᠨ᠎ᠠ᠃ ᠡᠵᠡᠩᠨᠡᠯᠳᠡ ᠡᠬᠢᠯᠡᠬᠦ ᠠᠴᠠ ᠡᠮᠦᠨ᠎ᠡ᠂   ᠡᠳᠡᠨᠡᠶᠢᠬᠢᠨ ᠪᠠᠰᠠ ᠬᠢᠵᠢᠭ ᠰᠡᠷᠭᠡᠶᠢᠯᠡᠬᠦ ᠲᠤᠰᠬᠠᠢ ᠪᠤᠯᠪᠠᠰᠤᠷᠠᠯ ᠬᠢᠵᠦ᠂  ᠠᠵᠢᠯᠴᠢᠳ ᠲᠠᠭᠠᠨ ᠬᠢᠵᠢᠭ ᠰᠡᠷᠭᠡᠶᠢᠯᠡᠬᠦ  ᠠᠷᠭ᠎ᠠ ᠮᠡᠳᠡᠯᠬᠡ ᠶᠢ ᠡᠵᠡᠮᠰᠢᠬᠦᠯᠦᠭᠰᠡᠨ ᠭᠡᠨ᠎ᠡ᠃
 
ᠢᠷᠡᠯᠲᠡ᠄ ︽ᠲᠠᠶᠢᠹᠤᠰᠧ ᠬᠤᠰᠢᠭᠤᠨ ᠤ ᠤᠬᠠᠭᠤᠯᠭ᠎ᠠ︾ ᠸᠢᠴᠠᠲ ᠲᠠᠪᠴᠠᠩ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号