ᠳ᠋ᠠᠯᠢᠶᠤᠤ ᠬᠡᠳᠡᠭ ᠨᠢ ᠵᠢᠵᠢᠭ ᠲᠦᠷᠪᠡᠯᠵᠢᠨ ᠬᠤᠯᠤᠰᠤ᠂ ᠮᠤᠳᠤ ᠪᠤᠶᠤ ᠶᠠᠰᠤᠨ ᠲᠡᠭᠡᠷ᠎ᠡ ᠨᠦᠬᠡᠨ ᠤᠷᠤᠮ | ᠭᠠᠷᠭᠠᠵᠤ ᠬᠢᠭᠰᠡᠨ 64 ᠫᠠᠢ ᠪᠤᠯᠤᠨ᠎ᠠ᠃ ᠲᠠᠪᠢᠳᠤ ᠶᠢᠨ ᠬᠤᠨᠵᠢᠶ᠎ᠠ ᠨᠠᠭᠠᠳᠬᠤ᠂ ᠬᠤᠷᠢᠨ ᠲᠦᠷᠪᠡ ᠶᠢᠨ | ᠬᠤᠨᠵᠢᠶ᠎ᠠ ᠨᠠᠭᠠᠳᠬᠤ᠂ ︽ᠭᠡᠷ ᠪᠠᠷᠢᠬᠤ︾᠂ ᠨᠦᠬᠡ ᠲᠠᠭᠠᠷᠠᠭᠤᠯᠬᠤ ᠮᠡᠳᠦ ᠪᠠᠷ ᠤᠯᠠᠨ ᠲᠤᠭᠳᠠᠭᠠᠯ ᠵᠢᠷᠤᠮ | ᠲᠠᠢ᠂ ᠤᠯᠠᠨ ᠱᠦᠬᠦᠯᠳᠡ ᠲᠠᠢ ᠨᠠᠭᠠᠳᠴᠤ ᠪᠤᠯᠤᠨ᠎ᠠ᠃ ᠫᠠᠢ ᠨᠤᠭᠤᠳ ᠨᠢ ᠫᠠᠷᠴᠢᠨ ᠠᠷᠪᠠ᠂ ᠯᠠᠮᠠ ᠶᠢᠰᠦ᠂ | ᠴᠢᠪᠠᠭᠠᠨᠴᠠ ᠨᠠᠢᠮᠠ᠂ ᠬᠦᠷᠵᠡ ᠲᠤᠯᠤᠭ᠎ᠠ᠂ ᠴᠡᠴᠡᠭ ᠵᠢᠷᠭᠤᠭ᠎ᠠ᠂ ᠬᠠᠷ᠎ᠠ ᠲᠠᠪᠤ᠂ ᠤᠶᠢᠮᠤᠰᠤ ︵ ᠲᠦᠷᠪᠡᠨ ᠨᠦᠬᠡ | ᠲᠠᠢ︶᠂ ᠰᠤᠬᠤᠷ ︵ ᠬᠤᠶᠠᠷ ᠨᠦᠬᠡ ᠲᠠᠢ︶ ᠬᠡᠮᠡᠬᠦ ᠮᠤᠩᠭᠤᠯ ᠨᠡᠷᠡᠶᠢᠳᠦᠯ ᠲᠠᠢ ᠪᠠᠶᠢᠳᠠᠭ᠃ ᠬᠠᠮᠤᠭ ᠶᠡᠭᠡ ᠫᠠᠢ | ᠨᠢ 12 ᠨᠦᠬᠡ ᠲᠠᠢ᠂ ᠲᠡᠬᠦᠨ ᠢ ︽ ᠳ᠋ᠠᠯᠢᠶᠤᠤ︾ ᠬᠡᠵᠦ᠂ 11 ᠨᠦᠬᠡ ᠲᠠᠢ ᠫᠠᠢ ᠶᠢ ᠨᠢ ︽ᠦᠯᠢᠶᠤᠤ︾ | ᠭᠡᠳᠡᠭ᠃ ᠡᠬᠦᠪᠡᠷ ᠰᠡᠳᠦᠪᠯᠡᠭᠡᠳ ᠬᠦᠮᠦᠰ ᠪᠠᠰᠠ ︽ ᠳ᠋ᠠᠯᠢᠶᠤᠤ ᠦᠯᠢᠶᠤᠤ ᠰᠢᠷᠡᠭᠡᠨ ᠤ ᠬᠤᠸᠠᠷ᠂ ᠳ᠋ᠠᠮᠪᠠ ᠶᠢᠨ | ᠬᠡᠦᠬᠡᠨ ᠬᠤᠳᠠᠨ ᠤ ᠬᠤᠸᠠᠷ︾ ᠭᠡᠮᠡᠬᠦ ᠨᠠᠭᠠᠳᠤᠮ ᠤᠨ ᠦᠬᠡ ᠵᠤᠬᠢᠶᠠᠭᠰᠠᠨ ᠪᠠᠶᠢᠳᠠᠭ᠃ | ︽ᠭᠡᠷ ᠪᠠᠷᠢᠬᠤ︾ ᠳᠤ ᠨᠠᠭᠠᠳᠬᠤ ᠬᠦᠮᠦᠨ ᠤ ᠪᠠᠨ ᠲᠤᠭ᠎ᠠ ᠶᠢ ᠦᠵᠡᠵᠦ ᠪᠠᠶᠢᠭᠠᠳ 64 ᠫᠠᠢ ᠪᠠᠨ ᠠᠳᠠᠯᠢ | ᠬᠡᠮᠵᠢᠶ᠎ᠡ ᠲᠠᠢ ᠤᠪᠤᠭᠠᠯᠠᠵᠤ ᠲᠤᠭᠤᠷᠢᠭᠯᠠᠨ ᠲᠠᠯᠪᠢᠨ᠎ᠠ᠃ ᠵᠢᠱᠢᠶᠡᠯᠡᠪᠡᠯ ᠲᠦᠷᠪᠡᠨ ᠬᠦᠮᠦᠨ ᠨᠠᠭᠠᠳᠪᠠᠯ ᠂ ᠬᠦᠮᠦᠨ | ᠪᠦᠷᠢ ᠳᠤ ᠲᠡᠭᠰᠢ ᠨᠤᠭᠳᠠᠭᠤᠯᠬᠤ ᠭᠡᠵᠦ ᠲᠦᠷᠪᠡ ᠲᠦᠷᠪᠡ ᠪᠠᠷ 16 ᠤᠪᠤᠭ᠎ᠠ ᠪᠤᠰᠬᠠᠨ᠎ᠠ ᠃ ᠲᠠᠪᠤᠨ ᠬᠦᠮᠦᠨ | ᠨᠠᠭᠠᠳᠬᠤ ᠳᠤ 64 ᠫᠠᠢ ᠨᠢ ᠲᠡᠭᠰᠢ ᠨᠤᠭᠳᠠᠬᠤ ᠦᠬᠡᠢ ᠪᠤᠯᠬᠤᠷ ᠲᠦᠷᠪᠡᠨ ︽ᠤᠶᠢᠮᠤᠰᠤ︾ ᠪᠤᠶᠤ ᠲᠦᠷᠪᠡᠨ ︽ | ᠰᠠᠨᠳᠠᠯᠢ︾ ᠶᠢᠨ ᠠᠯᠢ ᠨᠢᠬᠡ ᠵᠦᠢᠯ ᠢ ᠭᠠᠷᠭᠠᠵᠤ ᠬᠠᠶᠠᠭᠠᠳ ᠂ 60 ᠫᠠᠢ ᠪᠠᠨ ᠲᠠᠪᠤᠨ ᠬᠦᠮᠦᠨ ᠳᠤ ᠲᠡᠭᠰᠢ | ᠨᠤᠭᠳᠠᠭᠤᠯᠵᠤ᠂ ᠲᠠᠪᠤ ᠲᠠᠪᠤ ᠪᠠᠷ 12 ᠤᠪᠤᠭ᠎ᠠ ᠤᠪᠤᠭᠠᠯᠠᠨ᠎ᠠ᠃ ︽ᠳ᠋ᠠᠯᠢᠶᠤᠤ︾ ᠪᠤᠯ ᠠᠷᠪᠠᠨ ᠬᠤᠶᠠᠷ | ᠨᠦᠬᠡ ᠲᠠᠢ ᠬᠠᠮᠤᠭ ᠶᠡᠭᠡ ᠫᠠᠢ᠂ ︽ᠰᠤᠬᠤᠷ︾ ᠪᠤᠯ ᠬᠤᠶᠠᠷᠬᠠᠨ ᠨᠦᠬᠡ ᠲᠠᠢ ᠬᠠᠮᠤᠭ ᠪᠠᠭ᠎ᠠ ᠫᠠᠢ᠃ | ᠨᠠᠭᠠᠳᠬᠤ ᠠᠷᠭ᠎ᠠ ᠨᠢ ᠬᠠᠮᠤᠭ ᠴᠦᠬᠡᠨ ᠳᠡᠭᠡᠨ ᠨᠢᠬᠡ ᠫᠠᠢ᠂ ᠬᠠᠮᠤᠭ ᠶᠡᠭᠡ ᠳᠡᠭᠡᠨ ᠲᠦᠷᠪᠡᠨ ᠫᠠᠢ ᠭᠠᠷᠴᠤ | ᠪᠤᠯᠤᠨ᠎ᠠ᠂ ᠲᠡᠭᠡᠬᠦ ᠳᠡᠭᠡᠨ ᠬᠤᠶᠠᠷ ᠪᠤᠶᠤ ᠬᠤᠶᠠᠷ ᠠᠴᠠ ᠲᠡᠭᠡᠭᠰᠢ ᠫᠠᠢ ᠭᠠᠷᠬᠤ ᠳᠤ ᠵᠠᠪᠠᠯ ᠢᠵᠢᠯ ᠫᠠᠢ ᠭᠠᠷᠬᠤ | ᠭᠡᠷᠡᠭᠳᠡᠢ᠃ ᠵᠢᠱᠢᠶᠡᠯᠡᠪᠡᠯ᠂ ᠬᠤᠤᠰ ︽ᠤᠶᠢᠮᠤᠰᠤ︾᠂ ᠭᠤᠷᠪᠠᠨ ︽ᠰᠤᠬᠤᠷ︾᠂ ᠲᠦᠷᠪᠡᠨ ︽ | ᠬᠦᠷᠵᠡ ᠲᠤᠯᠤᠭ᠎ᠠ︾᠂᠂᠂᠂᠂᠂ ᠬᠡᠬᠦ ᠮᠡᠳᠦ᠃ ᠲᠡᠭᠡᠭᠡᠳ ᠶᠡᠭᠡ ᠫᠠᠢ ᠨᠢ ᠪᠠᠭ᠎ᠠ ᠫᠠᠢ ᠪᠠᠨ ᠲᠠᠷᠤᠵᠤ ︽ᠭᠡᠷ | ᠪᠠᠷᠢᠨ᠎ᠠ︾᠃ ᠲᠡᠭᠡᠷᠡᠬᠢ ᠬᠦᠮᠦᠨ ᠨᠢ ᠬᠤᠶᠠᠷ᠂ ᠭᠤᠷᠪᠠ᠂ ᠲᠦᠷᠪᠡ ᠪᠠᠷ ᠢᠵᠢᠯ ᠫᠠᠢ ᠭᠠᠷᠬᠤ ᠦᠶᠡᠰ᠂ | ᠲᠠᠷᠠᠭᠠᠴᠢ ᠶᠢᠨ ᠬᠦᠮᠦᠰ ᠲᠤ ᠲᠡᠬᠦᠨ ᠢ ᠲᠠᠷᠤᠬᠤ ᠢᠵᠢᠯ ᠫᠠᠢ ᠪᠠᠶᠢᠪᠠᠯ ᠲᠠᠷᠤᠭᠠᠳ ︽ᠭᠡᠷ ᠪᠠᠷᠢᠨ᠎ᠠ︾ ᠂ | ᠲᠠᠷᠤᠬᠤ ᠢᠵᠢᠯ ᠫᠠᠢ ᠪᠠᠶᠢᠬᠤ ᠦᠬᠡᠢ ᠪᠤᠯ ᠬᠠᠮᠤᠭ ᠮᠠᠭᠤ ᠫᠠᠢ ᠠᠴᠠ ᠪᠠᠨ ᠦᠭᠴᠦ ᠲᠠᠷᠤᠭᠤᠯᠤᠨ᠎ᠠ᠃ ᠡᠶᠢᠮᠦ | ᠠᠴᠠ ᠲᠤᠰ ᠲᠤᠭᠯᠠᠭᠠᠮ ᠢ ᠨᠠᠭᠠᠳᠬᠤ ᠳᠤ ᠪᠠᠭ᠎ᠠ ᠪᠤᠰᠤ ᠠᠷᠭ᠎ᠠ ᠤᠬᠠᠭᠠᠨ ᠭᠡᠷᠡᠭᠰᠡᠨ᠎ᠡ᠃ ᠵᠠᠷᠢᠮ ᠦᠶᠡᠰ ᠫᠠᠢ | ᠰᠠᠶᠢᠳᠠᠢ᠂ ︽ᠭᠡᠷ ᠪᠠᠷᠢᠬᠤ︾ ᠪᠠᠳᠤᠯᠠᠭ᠎ᠠ ᠲᠠᠢ ᠬᠦᠮᠦᠰ ᠨᠢ ᠫᠠᠢ ᠮᠠᠭᠤᠳᠠᠢ ᠬᠦᠮᠦᠨ ᠢᠶᠠᠨ ᠬᠠᠪᠴᠢᠨ | ᠰᠢᠬᠠᠮᠳᠠᠭᠤᠯᠵᠤ᠂ ᠲᠠᠷᠤᠬᠤ ᠴᠠᠭ ᠲᠤᠨᠢ ᠲᠠᠷᠤᠵᠤ᠂ ᠲᠠᠷᠤᠭᠤᠯᠬᠤ ᠴᠠᠭ ᠲᠠᠭᠠᠨ ᠲᠠᠷᠤᠭᠤᠯᠤᠨ ᠪᠠᠶᠢᠵᠤ᠂ ᠨᠦᠬᠦᠬᠡ | ᠬᠦᠮᠦᠨ ᠢᠶᠠᠨ ︽ᠬᠡᠷ ᠪᠠᠷᠢᠬᠤ︾ ᠵᠠᠪᠰᠢᠶᠠᠨ ᠦᠬᠡᠢ ᠪᠤᠯᠭᠠᠨ ︽ᠬᠦᠳᠡᠭᠡ ᠬᠤᠨᠤᠭᠤᠯᠳᠠᠭ︾᠃ ︽ᠬᠦᠳᠡᠭᠡ | ᠬᠤᠨᠤᠭᠰᠠᠨ︾ ᠬᠦᠮᠦᠨ ᠳᠤ ᠴᠠᠭᠠᠰᠤᠨ ᠮᠠᠯᠠᠭᠠᠢ ᠡᠮᠦᠰᠭᠡᠵᠦ᠂ ᠰᠠᠭᠤᠯᠠᠭ᠎ᠠ ᠰᠠᠪᠠ ᠵᠡᠬᠦᠯᠬᠡᠬᠦ ᠪᠤᠶᠤ ᠤᠯᠠᠨ ᠳᠤ | ᠠᠮᠤᠷ ᠡᠷᠢᠬᠦᠯᠵᠦ ᠵᠤᠪᠠᠭᠠᠨ᠎ᠠ᠃ ᠤᠯᠠᠨ ᠬᠦᠮᠦᠨ ᠨᠠᠭᠠᠳᠪᠠᠯ ︽ᠬᠦᠳᠡᠭᠡ ᠬᠤᠨᠤᠬᠤ︾ ᠨᠢ ᠴᠤ ᠤᠯᠠᠨ ᠪᠤᠯᠵᠤ᠂ | ᠤᠯᠠᠮ ᠶᠡᠭᠡ ᠠᠳᠠᠭ᠎ᠠ ᠲᠠᠢ ᠪᠠᠶᠢᠳᠠᠭ᠃ | ︽ᠨᠦᠬᠡ ᠲᠠᠭᠠᠷᠠᠭᠤᠯᠬᠤ︾ ᠨᠢ ︽ᠭᠡᠷ ᠪᠠᠷᠢᠬᠤ︾ ᠶᠢ ᠪᠤᠳᠤᠪᠠᠯ ᠨᠠᠭᠠᠳᠬᠤ ᠳᠤ ᠨᠡᠩ ᠠᠮᠠᠷᠬᠠᠨ᠂ ᠵᠢᠭᠠᠯ | ᠬᠡᠦᠭᠡᠳ ᠴᠤ ᠨᠠᠭᠠᠳᠴᠤ ᠴᠢᠳᠠᠨ᠎ᠠ᠃ ᠲᠤᠬᠠᠶᠢᠯᠠᠪᠠᠯ᠂ 64 ᠫᠠᠢ ᠪᠠᠨ ᠠᠳᠠᠯᠢ ᠲᠡᠭᠰᠢ ᠬᠤᠪᠢᠶᠠᠵᠤ ᠠᠪᠤᠭᠠᠳ᠂ | ᠲᠡᠭᠡᠷ᠎ᠡ ᠬᠦᠮᠦᠨ ᠨᠢ ᠨᠢᠬᠡ ᠫᠠᠢ ᠭᠠᠷᠪᠠᠯ ᠲᠠᠷᠠᠭᠠᠴᠢ ᠶᠢᠨ ᠬᠦᠮᠦᠨ ᠨᠢ ᠭᠠᠷᠤᠭᠰᠠᠨ ᠫᠠᠢ ᠶᠢᠨ ᠠᠯᠢ ᠨᠢᠬᠡ | ᠦᠵᠦᠬᠦᠷ ᠤᠨ ᠬᠢᠨᠢ ᠨᠦᠬᠡᠨ ᠤ ᠲᠤᠭ᠎ᠠ ᠳᠤ ᠲᠠᠭᠠᠷᠠᠭᠤᠯᠤᠨ ᠦᠪᠡᠷ ᠤᠨ ᠫᠠᠢ ᠪᠠᠨ ᠵᠠᠯᠭᠠᠵᠤ ᠲᠠᠯᠪᠢᠨ᠎ᠠ᠃ | ᠵᠢᠱᠢᠶᠡᠯᠡᠪᠡᠯ᠂ ︽ᠬᠦᠷᠵᠡ ᠲᠤᠯᠤᠭ᠎ᠠ︾ ᠪᠠᠷ ᠠᠪᠴᠤ ᠬᠡᠯᠡᠬᠦ ᠳᠤ ᠵᠢᠷᠭᠤᠭᠠᠨ ᠨᠦᠬᠡ ᠲᠠᠢ ᠨᠢ ᠲᠠᠭᠠᠷᠠᠭᠤᠯᠵᠤ | ᠵᠠᠯᠭᠠᠭᠰᠠᠨ ᠴᠤ ᠪᠤᠯᠤᠨ᠎ᠠ᠂ ᠨᠢᠬᠡ ᠨᠦᠬᠡ ᠲᠠᠢ ᠨᠢ ᠲᠠᠭᠠᠷᠠᠭᠤᠯᠵᠤ ᠵᠠᠯᠭᠠᠭᠰᠠᠨ ᠴᠤ ᠪᠤᠯᠳᠠᠭ᠃ ᠡᠨᠡ ᠮᠡᠳᠦ ᠪᠠᠷ | ᠡᠬᠡᠯᠵᠢᠯᠡᠨ ᠲᠠᠭᠠᠷᠠᠭᠤᠯᠵᠤ ᠵᠠᠯᠭᠠᠭᠠᠳ᠂ ᠬᠡᠨ ᠤᠷᠢᠳᠠᠪᠠᠷ ᠭᠠᠷ ᠲᠠᠬᠢ ᠫᠠᠢ ᠪᠠᠨ ᠵᠠᠯᠭᠠᠵᠤ ᠪᠠᠷᠠᠪᠠᠯ ᠱᠦᠬᠦᠭᠰᠡᠨ | ᠢᠶᠠᠷ ᠪᠤᠳᠤᠨ᠎ᠠ᠃ |