ᠤᠯᠠᠮᠵᠢᠯᠠᠯᠳᠤ ᠨᠠᠭᠠᠳᠤᠮ ᠲᠤᠭᠯᠠᠭᠠᠮ — ᠲᠠᠮᠤ ᠶᠢᠨ ᠤᠨᠢᠰᠤ ᠨᠡᠭᠡᠭᠡᠬᠦ
ᠨᠡᠶᠢᠲᠡᠯᠡᠭᠰᠡᠨ ᠴᠠᠭ᠄
2020/12/10
 ᠲᠠᠮᠤ ᠶᠢᠨ ᠤᠨᠢᠰᠤ ᠨᠡᠭᠡᠭᠡᠬᠦ ᠲᠤᠭᠯᠠᠭᠠᠮ ᠢ ᠲᠤᠮᠤᠴᠤᠤᠯ ᠪᠠ ᠬᠡᠦᠬᠡᠳ ᠪᠦᠷ ᠨᠠᠭᠠᠳᠴᠤ ᠪᠤᠯᠤᠨ᠎ᠠ᠃ ᠬᠡᠦᠬᠡᠳ ᠎ ᠤᠨ ᠤᠶᠤᠨ ᠤᠬᠠᠭᠠᠨ ᠤᠢ ᠪᠢᠯᠢᠭ ᠢ ᠨᠡᠭᠡᠭᠡᠭᠳᠡᠬᠦᠯᠬᠦ ᠪᠠ ᠨᠠᠰᠤᠳᠠᠶᠢᠴᠤᠳ ᠤᠨ ᠭᠠᠷ ᠤᠨ ᠬᠤᠶᠠᠩ ᠬᠤᠯᠤᠤ ᠶᠢ ᠲᠠᠷᠬᠠᠭᠠᠬᠤ ᠳᠤ ᠲᠤᠰᠠᠳᠠᠢ᠃ ᠲᠠᠮᠤ ᠶᠢᠨ ᠤᠨᠢᠰᠤ ᠭᠡᠳᠡᠭ ᠨᠢ ᠡᠬᠡᠬᠡ ᠠᠳᠠᠯᠢ ᠵᠢᠵᠢᠭ ᠶᠢᠰᠦᠨ ᠭᠠᠷᠠᠬ᠎ᠠ ᠳᠤ ᠭᠠᠷᠠᠬ᠎ᠠ ᠪᠦᠷᠢ ᠲᠡᠩ ᠰᠠᠴᠠᠭᠤ ᠡᠰᠢ ᠭᠤᠬᠠᠳᠠᠭᠠᠳ᠂ ᠡᠨᠡ  ᠡᠰᠢ ᠪᠠᠨ ᠭᠠᠷᠠᠬ᠎ᠠ ᠨᠤᠭᠤᠳ ᠲᠤ ᠨᠢᠬᠡ ᠨᠢᠬᠡ ᠪᠠᠷ ᠤᠭᠰᠠᠷᠠᠨ ᠤᠭᠯᠠᠵᠤ᠂ ᠲᠤᠤᠷ᠎ᠠ ᠲᠠᠯ᠎ᠠ ᠶᠢ ᠨᠢ ᠬᠠᠪᠳᠠᠭᠠᠢ ᠨᠠᠷᠢᠨ ᠬᠠᠪᠳᠠᠰᠤᠨ ᠳᠤ ᠪᠠᠬᠢᠯᠡᠭᠰᠡᠨ ᠬᠡᠯᠬᠢᠶ᠎ᠡ ᠭᠠᠷᠠᠬ᠎ᠠ ᠎ ᠨᠤᠭᠤᠳ ᠢᠶᠠᠷ ᠪᠦᠳᠦᠨ᠎ᠡ᠃ ᠪᠠᠰᠠ ᠭᠠᠷᠠᠬ᠎ᠠ ᠳᠤ ᠰᠢᠷᠭᠤᠵᠤ ᠪᠠᠭᠳᠠᠬᠤ ᠨᠢᠬᠡᠨ ᠪᠢᠳᠡᠬᠦᠦ ᠠᠷᠠᠯ  ᠎ ᠲᠠᠢ  ᠃ ᠲᠠᠮᠤ ᠎ ᠶᠢᠨ ᠤᠨᠢᠰᠤ ᠶᠢ ᠭᠠᠤᠯᠢ᠂ ᠵᠡᠰ᠂ ᠲᠡᠮᠦᠷ ᠤᠳᠠᠰᠤ ᠪᠠᠷ ᠪᠦᠷ ᠦᠢᠯᠡᠳᠴᠦ ᠪᠤᠯᠤᠨ᠎ᠠ᠃ ᠡᠨᠡ  ᠶᠢᠰᠦᠨ ᠭᠠᠷᠠᠬ᠎ᠠ ᠶᠢ ᠡᠬᠢᠨ ᠠᠴᠠ ᠨᠢ ᠡᠬᠢᠯᠡᠵᠦ ᠡᠬᠡᠯᠵᠢ ᠪᠠᠷ ᠠᠷᠠᠯ  ᠎ ᠳᠤ ᠤᠭᠯᠠᠨ ᠭᠠᠷᠭᠠᠵᠤ ᠪᠠᠶᠢᠵᠤ᠂ ᠪᠦᠬᠦᠨ ᠢ ᠴᠤᠤᠵᠢᠯᠠᠵᠤ ᠲᠠᠯᠪᠢᠭᠠᠳ᠂ ᠲᠡᠬᠢᠨ ᠲᠡᠬᠦᠨ ᠢᠶᠠᠨ ᠨᠢᠬᠡ ᠨᠢᠬᠡ ᠪᠠᠷ  ᠲᠠᠶᠢᠯᠵᠤ ᠭᠠᠷᠭᠠᠨ᠎ᠠ᠃ ᠪᠦᠬᠦᠨ ᠢ ᠴᠤᠤᠵᠢᠯᠠᠭᠠᠳ ᠲᠠᠶᠢᠯᠵᠤ ᠭᠠᠷᠭᠠᠬᠤ ᠳᠤ 681 ᠤᠳᠠᠭ᠎ᠠ ᠲᠠᠬᠢᠨ ᠲᠠᠪᠳᠠᠨ ᠤᠭᠯᠠᠵᠤ ᠭᠠᠷᠭᠠᠭᠰᠠᠭᠠᠷ ᠪᠠᠶᠢᠵᠤ ᠰᠠᠶ᠋ᠢ ᠪᠦᠳᠦᠳᠡᠭ᠃ ᠲᠠᠮᠤ ᠶᠢᠨ ᠤᠨᠢᠰᠤ ᠶᠢ ᠡᠬᠢᠯᠡᠵᠦ ᠴᠤᠤᠵᠢᠯᠠᠪᠠᠯ ᠡᠷᠭᠡᠪᠰᠢ ᠲᠠᠶᠢᠯᠵᠤ ᠲᠠᠯᠪᠢᠬᠤ ᠭᠡᠷᠡᠭᠳᠡᠢ᠂ ᠦᠬᠡᠢ ᠪᠤᠯ ᠲᠠᠮᠤ ᠳᠤ ᠤᠨᠠᠪᠠᠯ ᠭᠠᠷᠴᠤ ᠲᠡᠶᠢᠯᠬᠦ ᠦᠬᠡᠢ ᠪᠤᠯᠤᠨ᠎ᠠ ᠭᠡᠳᠡᠭ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号