︽ᠮᠤᠩᠭᠤᠯ ᠬᠦᠮᠦᠨ ᠪᠡᠯᠬᠡ ᠪᠠᠷ︾ ᠬᠡᠵᠦ ᠨᠡᠶᠢᠳᠡ ᠮᠤᠩᠭᠤᠯᠴᠤᠳ ᠪᠡᠯᠬᠡ ᠲᠡᠮᠪᠡᠷᠢᠯ ᠲᠠᠢ ᠦᠬᠡ ᠶᠠᠷᠢᠶ᠎ᠠ᠂ | ᠦᠢᠯᠡ ᠠᠵᠢᠯᠯᠠᠭ᠎ᠠ ᠶᠢ ᠶᠡᠭᠡᠳᠡ ᠡᠷᠬᠢᠮᠯᠡᠳᠡᠭ ᠤᠨ ᠠᠳᠠᠯᠢ ᠲᠠᠶᠢᠹᠤᠰᠧ ᠮᠤᠩᠭᠤᠯᠴᠤᠳ ᠴᠤ ᠢᠷᠦᠭᠡᠯ ᠪᠡᠯᠭᠡᠳᠡᠯ ᠢ | ᠶᠠᠭᠤᠨ ᠠᠴᠠ ᠡᠷᠬᠢᠮᠯᠡᠵᠦ᠂ ᠪᠡᠯᠬᠡ ᠦᠬᠡᠢ ᠶᠠᠪᠤᠳᠠᠯ ᠤᠨ ᠴᠡᠭᠡᠷ ᠬᠤᠷᠢᠭ᠎ᠠ ᠶᠢ ᠴᠢᠩᠳᠠ ᠰᠠᠬᠢᠬᠤ ᠶᠢᠨ ᠬᠠᠮᠳᠤ | ᠴᠡᠭᠡᠷ ᠠᠯᠳᠠᠬᠤ ᠪᠤᠶᠤ ᠵᠡᠳᠭᠡᠷ ᠲᠤᠬᠢᠶᠠᠯᠳᠤᠬᠤ ᠳᠤ ᠲᠤᠮ ᠬᠢᠬᠦ ᠦᠵᠡᠭᠳᠡᠯ ᠵᠦᠩᠳᠡᠭᠡᠨ ᠬᠠᠷᠠᠭᠳᠠᠵᠤ ᠪᠠᠶᠢᠳᠠᠭ᠃ | ᠲᠠᠶᠢᠹᠤᠰᠧ ᠮᠤᠩᠭᠤᠯᠴᠤᠳ ︽ ᠠᠮᠠᠨ ᠤ ᠪᠡᠯᠭᠡ ᠬᠠᠮᠢᠭᠠᠰᠢ ᠪᠠᠨ ᠪᠤᠯ ᠠᠰᠢᠳᠠ ᠶᠢᠨ ᠪᠡᠯᠬᠡ ᠲᠡᠰᠢ ᠪᠠᠨ︾ | ᠬᠡᠮᠡᠨ ᠬᠡᠵᠢᠶᠡᠳᠡ ᠪᠡᠯᠬᠡ ᠲᠠᠢ ᠰᠠᠶᠢᠬᠠᠨ ᠦᠬᠡ ᠶᠠᠷᠢᠵᠤ ᠬᠡᠯᠡᠬᠦ ᠶᠢ ᠲᠤᠩ ᠴᠢᠬᠤᠯᠠᠴᠢᠯᠠᠨ᠎ᠠ᠃ ᠡᠳ᠋ ᠮᠦᠩᠬᠦ ᠪᠠᠷ | ᠬᠡᠳᠦᠢ ᠬᠤᠮᠰᠠ ᠪᠠᠶᠢᠭᠰᠠᠨ ᠴᠤ ︽ᠪᠠᠶᠢᠨ᠎ᠠ ᠪᠠᠶᠢᠨ᠎ᠠ᠂ ᠵᠠᠷᠤᠭᠠᠳ ᠬᠦᠷᠴᠢᠬᠡᠨ᠎ᠡ︾ ᠬᠡᠵᠦ᠂ ᠪᠡᠶ᠎ᠡ ᠨᠢ ᠬᠡᠳᠦᠢ | ᠠᠨᠠᠢ ᠪᠠᠶᠢᠭᠰᠠᠨ ᠴᠤ ︽ ᠵᠦᠬᠡᠷ ᠵᠦᠬᠡᠷ᠂ ᠰᠠᠶᠢᠨ ᠪᠠᠶᠢᠨ᠎ᠠ︾ ᠬᠡᠮᠡᠨ ᠪᠡᠯᠬᠡ ᠲᠠᠢ ᠦᠬᠡ ᠶᠠᠷᠢᠳᠠᠭ ᠶᠤᠮ᠃ ᠡᠨᠡ | ᠪᠤᠯ ᠬᠡᠵᠢᠶᠡᠳᠡ ᠪᠡᠯᠬᠡ ᠲᠠᠢ ᠦᠬᠡ ᠶᠠᠷᠢᠵᠤ ᠪᠠᠶᠢᠬᠤ ᠨᠢ ᠶᠠᠮᠠᠷ ᠴᠤ ᠵᠦᠢᠯ ᠠᠴᠠ ᠠᠬᠠᠳᠠᠬᠤ ᠡᠬᠦᠷᠢᠳᠡ ᠶᠢᠨ ᠪᠡᠯᠭᠡ | ᠲᠡᠮᠪᠡᠷᠢᠯ ᠭᠡᠰᠡᠨ ᠰᠠᠨᠠᠭ᠎ᠠ ᠪᠠᠶᠢᠬ᠎ᠠ᠃ ᠬᠡᠵᠢᠶᠡᠳᠡ ᠪᠡᠯᠬᠡ ᠲᠠᠢ ᠦᠬᠡ ᠶᠠᠷᠢᠳᠠᠭ ᠬᠦᠮᠦᠨ ᠢ ᠰᠠᠶᠢᠨ ᠠᠮᠠ ᠲᠠᠢ | ᠬᠦᠮᠦᠨ ᠬᠡᠨ᠎ᠡ᠃ ᠬᠡᠦᠭᠡᠳ ᠢ ᠲᠦᠷᠦᠬᠦ ᠠᠴᠠ ᠡᠬᠢᠯᠡᠭᠡᠳ ᠠᠮᠢ ᠪᠦᠬᠡ᠂ ᠨᠠᠰᠤ ᠤᠷᠳᠤ᠂ ᠪᠡᠶ᠎ᠡ ᠴᠢᠬᠢᠷᠠᠭ᠂ | ᠤᠬᠠᠭᠠᠨ ᠰᠡᠴᠡᠨ᠂ ᠠᠮᠢᠳᠤᠷᠠᠯ ᠪᠠᠶᠠᠨ᠂ ᠦᠬᠡᠳᠡ ᠡᠰᠡᠷᠡᠭ ᠶᠠᠪᠤᠬᠤ ᠶᠢ ᠨᠢ ᠪᠡᠯᠬᠡᠰᠢᠶᠡᠵᠦ᠂ ᠨᠠᠰᠤᠬᠤᠷᠳᠤ᠂ | ᠮᠦᠩᠭᠡᠴᠢᠯᠠᠭᠤ᠂ ᠬᠠᠳᠠᠨᠪᠠᠭᠠᠳᠤᠷ᠂ ᠭᠠᠩᠲᠡᠮᠦᠷ᠂ ᠪᠢᠯᠢᠭᠳᠦ᠂ ᠡᠷᠳᠡᠨᠢᠪᠢᠯᠢᠭ᠂ ᠪᠤᠶᠠᠨᠳᠠᠯᠠᠢ᠂ ᠡᠩᠬᠡᠪᠠᠶᠠᠷ᠂ | ᠲᠦᠮᠡᠨᠵᠢᠷᠭᠠᠯ᠂ ᠭᠡᠰᠢᠭᠪᠡᠳᠦ᠂ ᠰᠠᠷᠠᠨᠬᠡᠷᠡᠯ᠂ ᠤᠳᠤᠨᠴᠢᠮᠡᠭ᠂ ᠭᠡᠷᠡᠯᠴᠤᠭᠳᠤ᠂ ᠬᠠᠰᠴᠢᠮᠡᠭ ᠬᠡᠬᠦᠴᠢᠯᠡᠨ ᠪᠡᠯᠬᠡ | ᠲᠡᠮᠪᠡᠷᠢᠯ ᠲᠠᠢ ᠰᠠᠶᠢᠬᠠᠨ ᠨᠡᠷ᠎ᠡ ᠬᠠᠶᠢᠷᠠᠯᠠᠳᠠᠭ ᠪᠦᠬᠡᠳ ᠡᠪᠦᠭᠡ ᠡᠮᠡᠭᠡ ᠨᠢ ᠦᠨᠳᠦᠷ ᠨᠠᠰᠤᠳᠠᠢ ᠬᠦᠮᠦᠨ ᠪᠠᠶᠢᠭᠰᠠᠨ | ᠪᠤᠯ ᠨᠠᠰᠤᠨ ᠬᠤᠳᠤᠭ ᠢ ᠨᠢ ᠬᠦᠷᠳᠡᠬᠦ ᠬᠡᠵᠦ ᠲᠠᠯᠠᠨᠳᠠᠢ᠂ ᠨᠠᠶᠠᠨᠳᠠᠢ ᠬᠡᠬᠦ ᠮᠡᠳᠦ ᠪᠠᠷ ᠨᠡᠷᠡᠯᠡᠳᠡᠭ᠃ | ᠲᠠᠶᠢᠹᠤᠰᠧ ᠶᠢᠨ ᠬᠢᠨ ︽ᠢᠳᠡᠭᠡᠨ ᠤ ᠲᠡᠭᠡᠵᠢ ᠡᠯᠢᠬᠡᠨ ᠴᠠᠭᠠᠨ ᠲᠠᠷᠠᠭ᠂ ᠡᠳ᠋ ᠤᠨ ᠲᠡᠭᠡᠳᠦ ᠠᠷᠢᠭᠤᠨ | ᠴᠠᠭᠠᠨ ᠬᠠᠳᠠᠭ︾ ᠬᠡᠮᠡᠵᠦ᠂ ᠶᠠᠮᠠᠷ ᠴᠤ ᠲᠤᠮᠤ ᠤᠴᠢᠷ ᠶᠠᠪᠤᠳᠠᠯ᠂ ᠨᠠᠶᠢᠷ ᠨᠠᠭᠠᠳᠤᠮ᠂ ᠪᠠᠶᠠᠷ ᠲᠤᠷᠠᠰᠬᠠᠯ ᠳᠤ | ᠰᠦ ᠪᠠ ᠬᠠᠳᠠᠭ ᠢ ᠪᠡᠯᠭᠡᠰᠢᠶᠡᠯ ᠵᠦᠩᠨᠡᠯ ᠤᠨ ᠲᠡᠷᠢᠬᠦᠨ ᠡᠳ᠋ ᠢᠶᠠᠷ ᠦᠵᠡᠳᠡᠭ ᠃ ᠬᠠᠮᠤᠭ ᠤᠨ ᠲᠦᠷᠦᠬᠦᠨ ᠳᠤ | ᠲᠦᠯᠯᠡᠭᠰᠡᠨ ᠮᠠᠯ ᠤᠨ ᠬᠠᠮᠤᠭ ᠤᠨ ᠡᠬᠢᠨ ᠤ ᠰᠦ ᠶᠢ ᠬᠠᠨ ᠬᠤᠷᠮᠤᠰᠳᠠ ᠳᠤ ᠰᠠᠴᠤᠯᠢ ᠡᠷᠬᠦᠨ᠎ᠡ᠃ ᠬᠠᠮᠤᠭ ᠤᠨ | ᠲᠦᠷᠦᠬᠦᠨ ᠤ ᠦᠨᠢᠶ᠎ᠡ ᠲᠤᠭᠤᠯᠯᠠᠬᠤ ᠳᠤ ᠪᠤᠳᠠᠭ᠎ᠠ ᠲᠠᠢ ᠤᠭᠤᠷᠠᠭ ᠴᠢᠨᠠᠵᠤ᠂ ᠠᠶᠢᠯ ᠬᠤᠳᠠᠨ ᠤ ᠬᠡᠦᠬᠡᠳ ᠢ | ᠴᠤᠭᠯᠠᠭᠤᠯᠤᠨ ᠤᠭᠤᠷᠠᠭ ᠢᠳᠡᠬᠦᠯᠵᠦ᠂ ᠰᠦ ᠰᠠᠭᠠᠯᠢ ᠶᠢᠨ ᠡᠯᠪᠡᠭ ᠪᠤᠯᠬᠤ ᠶᠢ ᠪᠡᠯᠭᠡᠳᠡᠨ᠎ᠡ᠃ ᠵᠤᠨ ᠤ ᠡᠬᠢᠨ ᠰᠠᠷ᠎ᠠ | ᠳᠤ ᠲᠡᠭᠷᠢ ᠲᠤᠤᠭᠠᠷᠪᠠᠯ ︽ᠦᠩ ᠵᠢᠯ ᠪᠤᠯᠤᠨ᠎ᠠ︾ ᠬᠡᠮᠡᠨ ᠪᠡᠯᠭᠡᠰᠢᠶᠡᠵᠦ ᠰᠦ ᠡᠷᠬᠦᠨ ︽ᠵᠤᠳ ᠵᠤᠳ ᠴᠠᠰᠢ ᠪᠠᠨ᠂ | ᠵᠤᠨ ᠵᠤᠨᠨᠠᠰᠢ ᠪᠠᠨ︾ ᠬᠡᠵᠦ ᠰᠦᠰᠦᠭ ᠢᠶᠠᠨ ᠬᠦᠢᠴᠡᠳᠭᠡᠨ᠎ᠡ᠃ ᠰᠦ ᠶᠢ ᠠᠰᠠᠬᠠᠵᠤ ᠴᠢᠳᠬᠤᠪᠠᠯ ᠪᠤᠶᠠᠨ | ᠲᠤᠨᠳᠠᠷᠠᠨᠠ ᠬᠡᠮᠡᠨ ᠠᠰᠬᠠᠭᠰᠠᠨ ᠰᠦᠨ ᠳᠤ ᠪᠠᠷᠠᠭᠤᠨ ᠭᠠᠷ ᠤᠨ ᠲᠤᠯᠤᠪᠤᠷ ᠬᠤᠷᠤᠭᠤ ᠪᠠᠨ ᠲᠦᠷᠦᠵᠦ ᠠᠪᠤᠭᠠᠳ | ᠮᠠᠩᠨᠠᠢ ᠳᠠᠭᠠᠨ ᠬᠦᠷᠭᠡᠳᠡᠭ᠃ ᠰᠦ ᠲᠡᠭᠡᠷ᠎ᠡ ᠬᠠᠷ᠎ᠠ ᠤᠰᠤ ᠬᠢᠬᠦ ᠶᠢ ᠤᠨᠴᠠ ᠴᠡᠭᠡᠷᠯᠡᠨ᠎ᠡ᠃ ᠬᠡᠦᠬᠡᠳ ᠢᠶᠠᠨ ᠬᠤᠯᠠ | ᠶᠠᠪᠤᠬᠤ ᠳᠤ ᠰᠦ ᠠᠮᠰᠠᠭᠤᠯᠵᠤ᠂ ᠠᠷᠤ ᠠᠴᠠ ᠨᠢ ᠰᠦ ᠡᠷᠬᠦᠳᠡᠭ ᠶᠠᠪᠤᠳᠠᠯ ᠪᠤᠯ ᠵᠠᠮ ᠮᠦᠷ ᠨᠢ ᠰᠢᠯᠤᠭᠤᠨ ᠴᠠᠭᠠᠨ | ᠪᠠᠶᠢᠳᠤᠭᠠᠢ ᠬᠡᠰᠡᠨ ᠪᠡᠯᠭᠡᠳᠡᠯ ᠤᠨ ᠰᠠᠨᠠᠭ᠎ᠠ ᠪᠦᠬᠡᠳ ᠴᠠᠭᠠᠨ ᠦᠩᠬᠡ ᠶᠢ ᠪᠡᠯᠬᠡᠰᠢᠶᠡᠨ ᠡᠷᠬᠢᠮᠯᠡᠳᠡᠭ ᠤᠨ ᠢᠯᠡᠷᠡᠯ | ᠪᠤᠯᠤᠨ᠎ᠠ᠃ ᠰᠠᠶᠢᠨ ᠪᠦᠬᠦᠨ ᠢ ᠴᠠᠭᠠᠨ ᠢᠶᠠᠷ ᠪᠡᠯᠭᠡᠳᠡᠵᠦ᠂ ᠮᠠᠭᠤ ᠪᠦᠬᠦᠨ ᠢ ᠬᠠᠷ᠎ᠠ ᠪᠠᠷ ᠪᠡᠯᠭᠡᠳᠡᠳᠡᠭ᠃ ᠰᠠᠶᠢᠨ | ᠰᠠᠨᠠᠭ᠎ᠠ ᠲᠠᠢ ᠬᠦᠮᠦᠨ ᠢ ᠴᠠᠭᠠᠨ ᠰᠠᠨᠠᠭ᠎ᠠ ᠲᠠᠢ᠂ ᠰᠠᠶᠢᠨ ᠦᠢᠯᠡ ᠶᠠᠪᠤᠳᠠᠯ ᠲᠠᠢ ᠬᠦᠮᠦᠨ ᠢ ᠴᠠᠭᠠᠨ ᠮᠦᠷ ᠲᠠᠢ | ᠭᠡᠬᠦ ᠪᠦᠬᠡᠳ ᠮᠠᠭᠤ ᠰᠠᠨᠠᠭ᠎ᠠ ᠲᠠᠢ ᠬᠦᠮᠦᠨ ᠢ ᠪᠤᠯ ᠬᠠᠷ᠎ᠠ ᠰᠠᠨᠠᠭ᠎ᠠ ᠲᠠᠢ᠂ ᠮᠠᠭᠤ ᠶᠠᠪᠤᠳᠠᠯ ᠢ ᠪᠤᠯ ᠬᠠᠷ᠎ᠠ ᠢᠷᠸ᠎ᠠ | ᠲᠠᠢ ᠭᠡᠳᠡᠭ᠃ ᠬᠠᠷ᠎ᠠ ᠤᠰᠤ ᠰᠠᠮᠤᠷᠬᠤ ᠶᠢ ᠴᠡᠭᠡᠷᠯᠡᠵᠦ᠂ ᠬᠠᠷᠢᠶᠠᠯ ᠬᠢᠬᠦ ᠬᠦᠮᠦᠨ ᠬᠠᠷ᠎ᠠ ᠤᠰᠤ ᠰᠠᠮᠤᠷᠳᠠᠭ ᠭᠡᠳᠡᠭ᠃ | | ᠲᠠᠶᠢᠹᠤᠰᠧ ᠮᠤᠩᠭᠤᠯᠴᠤᠳ ᠨᠠᠰᠤᠳᠠᠢ ᠨᠢᠯᠬ᠎ᠠ ᠪᠠᠨ ᠪᠠᠶᠠᠰᠬᠠᠬᠤ ᠶᠢ ᠪᠤᠶᠠᠨ ᠤ ᠦᠢᠯᠡ ᠪᠠᠷ ᠰᠠᠨᠠᠵᠤ᠂ | ᠭᠡᠷ ᠪᠦᠯᠢ ᠵᠢᠴᠢ ᠠᠶᠢᠯ ᠬᠤᠳᠠᠨ ᠤ ᠨᠠᠰᠤᠳᠠᠳ ᠢ ᠠᠳᠠᠯᠢ ᠪᠠᠷ ᠬᠦᠨᠳᠦᠯᠡᠨ᠂ ᠦᠷᠬᠦᠯᠵᠢ ᠡᠷᠬᠢᠵᠦ ᠲᠤᠭᠤᠷᠢᠵᠤ | ᠠᠰᠠᠭᠤᠵᠤ ᠪᠤᠯᠭᠤᠭᠠᠨ᠂ ᠵᠦᠬᠡᠯᠡᠨ ᠰᠢᠮᠡᠳᠡᠢ ᠢᠳᠡᠭᠡᠨ ᠬᠢᠵᠦ ᠬᠦᠷᠭᠡᠵᠦ ᠦᠭᠳᠡᠭ᠃ ᠨᠠᠰᠤᠳᠠᠢ ᠬᠦᠮᠦᠨ ᠢ | ᠪᠠᠶᠠᠰᠬᠠᠪᠠᠯ ᠨᠠᠰᠤᠨ ᠬᠤᠳᠤᠭ ᠢ ᠨᠢ ᠬᠦᠷᠳᠡᠨ᠎ᠡ ᠬᠡᠮᠡᠨ ᠪᠡᠯᠭᠡᠰᠢᠶᠡᠨᠡ᠃ ᠨᠢᠯᠬ᠎ᠠ ᠬᠡᠦᠭᠡᠳ ᠨᠠᠰᠤᠳᠠᠢ ᠬᠦᠮᠦᠨ ᠢ | ᠬᠠᠷᠠᠭᠠᠳ ᠢᠨᠢᠶᠡᠪᠡᠯ ᠨᠠᠰᠤᠳᠠᠨ ︽ᠮᠢᠨᠦ ᠦᠬᠦᠬᠦ ᠴᠠᠭ ᠪᠤᠯᠤᠭᠠᠳᠤᠢ ᠶᠤᠮ ᠪᠠᠶᠢᠨ᠎ᠠ︾ ᠭᠡᠵᠦ ᠶᠡᠭᠡ ᠯᠠ ᠪᠠᠶᠠᠰᠳᠠᠭ | ᠃ ᠬᠡᠦᠭᠡᠳ ᠲᠤᠭᠳᠠᠬᠤ ᠦᠬᠡᠢ ᠠᠶᠢᠯ ᠨᠢ ᠠᠶᠢᠯ ᠰᠠᠭᠠᠬᠠᠯᠳᠠ ᠶᠢᠨ ᠭᠡᠦᠬᠡᠳ ᠢ ᠴᠤᠭᠯᠠᠭᠤᠯᠵᠤ ᠬᠤᠭᠤᠯᠠ | ᠪᠤᠳᠠᠭ᠎ᠠ ᠢᠳᠡᠬᠦᠯᠬᠦ ᠪᠦᠬᠡᠳ ᠮᠤᠷᠢ ᠤᠷᠤᠯᠳᠤᠭᠤᠯᠵᠤ ᠪᠦᠬᠡ ᠪᠠᠷᠢᠯᠳᠤᠭᠤᠯᠬᠤ ᠵᠡᠷᠭᠡ ᠪᠠᠷ ᠬᠡᠦᠭᠡᠳ ᠤᠨ ᠵᠠᠶᠠᠭ᠎ᠠ | ᠬᠦᠰᠡᠬᠦ ᠪᠡᠯᠭᠡᠳᠡᠯ ᠪᠤᠯᠭᠠᠳᠠᠭ ᠪᠠᠶᠢᠪᠠ᠃ ᠬᠡᠦᠭᠡᠳ ᠰᠢᠨ᠎ᠡ ᠲᠡᠪᠡᠯ ᠭᠤᠳᠤᠯ ᠲᠠᠢ ᠪᠤᠯᠪᠠᠯ᠂ ᠠᠶᠢᠯ ᠬᠤᠳᠠᠨ ᠤ | ᠬᠢᠨ ᠳᠠᠭᠠᠨ ᠤᠴᠢᠵᠤ ᠲᠡᠪᠡᠯ ᠭᠤᠳᠤᠯ ᠢᠶᠠᠨ ᠮᠢᠯᠢᠶᠠᠯᠭᠠᠨᠠ᠃ ᠲᠡᠬᠡᠬᠦ ᠳᠤ ᠨᠠᠰᠤᠳᠠᠶᠢᠴᠤᠳ ᠬᠡᠦᠬᠡᠳ ᠤᠨ ᠲᠡᠪᠡᠯ | ᠤᠨ ᠤᠮᠤᠭ ᠪᠤᠶᠤ ᠭᠤᠳᠤᠯ ᠤᠨ ᠬᠤᠩᠰᠢᠶᠠᠷ ᠲᠤ ᠰᠢᠷ᠎ᠠ ᠲᠤᠰᠤ ᠲᠦᠷᠬᠢᠵᠦ ︽ᠤᠷᠳᠤ ᠨᠠᠰᠤᠯᠠ᠂ ᠤᠳᠠᠭᠠᠨ | ᠵᠢᠷᠭ᠎ᠠ᠂ ᠤᠷᠳᠤ ᠬᠤᠷᠮᠤᠢ ᠶᠢ ᠨᠢ ᠤᠨᠠᠭ᠎ᠠ ᠲᠠᠭ᠎ᠠ ᠲᠠᠭᠠᠭ᠂ ᠬᠤᠶᠢᠳᠤ ᠬᠤᠷᠮᠤᠢ ᠶᠢ ᠨᠢ ᠬᠤᠷᠠᠭ᠎ᠠ ᠢᠰᠢᠭᠡ ᠲᠠᠭᠠᠭ | ᠂ ᠲᠤᠰᠤᠨ ᠳᠤ ᠬᠦᠷ᠂ ᠲᠤᠭᠤᠰᠤᠨ ᠳᠤ ᠪᠤᠤ ᠬᠦᠷ᠂ ᠡᠳ᠋ ᠨᠢ ᠡᠯᠪᠡᠭ ᠡᠵᠡᠨ ᠨᠢ ᠮᠦᠩᠬᠡ ᠪᠤᠯᠤᠭ᠂ ᠡᠷᠬᠢᠬᠦ ᠵᠢᠯ | ᠲᠤᠷᠭᠠᠨ ᠲᠡᠪᠡᠯ ᠡᠮᠦᠰᠦᠬᠡᠳ ᠢᠷᠡᠭᠡᠷᠡᠢ︾ ᠬᠡᠬᠦ ᠮᠡᠳᠦ ᠪᠠᠷ ᠢᠷᠦᠭᠡᠨ ᠮᠢᠯᠢᠶᠠᠭᠠᠳ᠂ ᠬᠡᠦᠬᠡᠳ ᠲᠤ ᠴᠢᠪᠠᠭ᠎ᠠ ᠪᠤᠤᠪᠤ | ᠦᠭᠴᠦ ᠶᠠᠪᠤᠭᠤᠯᠤᠨ᠎ᠠ᠃ | ᠲᠠᠶᠢᠹᠤᠰᠧᠴᠤᠳ ᠠᠵᠤ ᠠᠮᠢᠳᠤᠷᠠᠯ ᠤᠨ ᠪᠠᠶᠠᠨ ᠴᠢᠨᠡᠭᠡᠯᠢᠭ᠂ ᠠᠬᠤᠢ ᠤᠷᠴᠢᠨ ᠤ ᠠᠮᠤᠭᠤᠯᠠᠩ ᠲᠦᠪᠰᠢᠨ ᠢ | ᠵᠦᠩᠨᠡᠨ᠂ ︽ᠲᠦᠬᠦᠷᠡᠩ ᠪᠠᠶᠠᠷ ᠲᠦᠪᠰᠢᠨ ᠵᠢᠷᠭᠠᠯ︾ ᠬᠡᠮᠡᠨ ᠡᠷᠬᠢᠮᠯᠡᠵᠦ ᠶᠠᠷᠢᠳᠠᠭ᠃ ᠪᠤᠰᠤᠳ ᠲᠤ ᠴᠠᠢ | ᠠᠶᠠᠭᠠᠯᠠᠵᠤ ᠠᠷᠢᠬᠢ ᠬᠡᠮᠨᠡᠬᠦ ᠳᠡᠭᠡᠨ ᠡᠷᠭᠡᠪᠰᠢ ᠲᠦᠬᠦᠷᠡᠩ ᠬᠢᠵᠦ ᠦᠭᠬᠦ ᠪᠠ ᠴᠠᠪᠠ ᠲᠠᠢ ᠪᠤᠶᠤ ᠡᠮᠳᠡᠷᠭᠡᠢ ᠠᠶᠠᠭ᠎ᠠ | ᠬᠤᠨᠳᠠᠭ᠎ᠠ ᠭᠡᠷᠡᠭᠯᠡᠬᠦ ᠦᠬᠡᠢ᠃ ᠰᠠᠪᠠ ᠪᠦᠬᠦᠨ ᠳᠤ ᠢᠳᠡᠭᠡᠨ ᠲᠠᠢ ᠪᠠᠶᠢᠬᠤ ᠶᠢ ᠪᠡᠯᠭᠡᠳᠡᠵᠦ᠂ ᠰᠠᠪᠠ ᠶᠢᠨ ᠢᠷᠤᠭᠠᠷ | ᠢ ᠬᠤᠭᠤᠰᠤᠯᠠᠳᠠᠭ ᠦᠬᠡᠢ᠂ ᠢᠯᠠᠩᠭᠤᠶ᠎ᠠ ᠢᠳᠡᠭᠡ ᠪᠤᠳᠠᠭ᠎ᠠ ᠠᠭᠤᠯᠬᠤ ᠰᠠᠪᠠ ᠶᠢ ᠬᠦᠪᠢᠬᠦ ᠶᠢ ᠴᠡᠭᠡᠷᠯᠡᠵᠦ᠂ ᠠᠮᠠᠨ | ᠬᠦᠨᠡᠰᠦ ᠪᠠᠨ ᠬᠦᠪᠢᠴᠢᠭᠡᠨᠡ ᠭᠡᠳᠡᠭ᠃ ᠪᠤᠰᠤᠳ ᠤᠨ ᠰᠠᠪᠠ ᠰᠠᠭᠤᠯᠠᠭ᠎ᠠ ᠶᠢ ᠶᠡᠷᠦ ᠠᠴᠠ ᠬᠤᠭᠤᠰᠤᠨ ᠪᠤᠴᠠᠭᠠᠬᠤ | ᠦᠬᠡᠢ᠂ ᠶᠠᠳᠠᠬᠤ ᠳᠤ ᠠᠳᠬᠤ ᠪᠤᠳᠠᠭ᠎ᠠ ᠴᠢᠮᠬᠢ ᠴᠠᠢ ᠴᠤ ᠭᠡᠰᠡᠨ ᠬᠢᠵᠦ ᠪᠠᠶᠢᠭᠠᠳ ᠪᠤᠴᠠᠭᠠᠨ᠎ᠠ᠃ ᠠᠶᠢᠯ ᠳᠤ | ᠤᠴᠢᠬᠤ ᠪᠤᠶᠤ ᠠᠶᠠᠨ ᠵᠠᠮ ᠳᠠᠭᠠᠨ ᠲᠦᠬᠦᠷᠡᠩ ᠰᠠᠪᠠ ᠲᠠᠢ ᠤᠴᠠᠷᠠᠪᠠᠯ ᠶᠠᠪᠤᠳᠠᠯ ᠤᠴᠢᠷ ᠪᠦᠳᠦᠮᠵᠢᠳᠡᠢ ᠪᠤᠯᠤᠨ᠎ᠠ | ᠬᠡᠮᠡᠨ ᠮᠠᠰᠢ ᠶᠡᠭᠡ ᠪᠡᠯᠭᠡᠰᠢᠶᠡᠳᠡᠭ᠃ ᠲᠦᠬᠦᠷᠡᠩ ᠰᠠᠭᠤᠯᠠᠭ᠎ᠠ ᠲᠠᠢ ᠤᠰᠤ ᠲᠠᠮᠨᠠᠵᠤ ᠶᠠᠪᠤᠭ᠎ᠠ ᠬᠦᠮᠦᠨ ᠲᠠᠢ | ᠤᠴᠠᠷᠠᠬᠤ᠂ ᠲᠦᠬᠦᠷᠡᠩ ᠰᠠᠭᠤᠯᠠᠭ᠎ᠠ ᠰᠦ ᠰᠠᠭᠠᠭᠰᠠᠨ ᠬᠦᠮᠦᠨ ᠲᠠᠢ ᠤᠴᠠᠷᠠᠬᠤ᠂ ᠲᠦᠬᠦᠷᠡᠩ ᠠᠴᠢᠶ᠎ᠠ ᠲᠠᠢ | ᠤᠨᠤᠭ᠎ᠠ ᠬᠦᠰᠭᠡ ᠲᠠᠢ ᠤᠴᠠᠷᠠᠬᠤ ᠳᠤ ᠪᠦᠷ ᠪᠡᠯᠭᠡᠰᠢᠶᠡᠨ᠂ ᠭᠡᠰᠢᠭ ᠢ ᠨᠢ ᠬᠤᠷᠢᠶᠠᠨ᠎ᠠ ᠬᠡᠮᠡᠨ ᠠᠷᠤ ᠪᠠᠷ ᠨᠢ | ᠭᠠᠷᠳᠠᠭ ᠪᠠᠶᠢᠨ᠎ᠠ᠃ ᠡᠬᠦᠨ ᠤ ᠡᠰᠡᠷᠬᠦ ᠪᠠᠷ ᠬᠤᠭᠤᠰᠤᠨ ᠰᠠᠪᠠ ᠲᠠᠢ ᠬᠠᠷᠭᠤᠬᠤ ᠶᠢ ᠮᠠᠭᠤ ᠢᠷᠸ᠎ᠠ ᠭᠡᠵᠦ ᠦᠵᠡᠳᠡᠭ | ᠲᠤᠯᠠ ᠢᠷᠡᠬᠦ ᠬᠦᠮᠦᠨ ᠤ ᠡᠰᠡᠷᠬᠦ ᠬᠤᠭᠤᠰᠤᠨ ᠰᠠᠪᠠ ᠠᠪᠴᠤ ᠭᠠᠷᠳᠠᠭ ᠦᠬᠡᠢ᠃ ᠡᠬᠦᠨᠴᠢᠯᠡᠨ ᠵᠠᠮ ᠳᠤ ᠵᠡᠭᠡᠷ᠎ᠡ | ᠡᠩᠬᠡᠷ ᠵᠦᠪ ᠠᠮᠠᠳᠠᠬᠤ᠂ ᠴᠢᠨ᠋ᠸ᠎ᠠ ᠵᠠᠮ ᠬᠦᠨᠳᠡᠯᠢᠳᠴᠦ ᠦᠩᠭᠡᠷᠡᠬᠦ ᠶᠢ ᠤᠯᠵᠠ ᠤᠮᠤᠭ ᠲᠠᠢ ᠪᠤᠯᠤᠨ᠎ᠠ ᠬᠡᠵᠦ | ᠪᠡᠯᠭᠡᠰᠢᠶᠡᠬᠦ ᠪᠦᠬᠡᠳ ᠬᠦᠮᠦᠨ ᠬᠦᠳᠡᠭᠡᠯᠡᠬᠦ ᠲᠠᠢ ᠲᠠᠭᠠᠷᠠᠪᠠᠯ ᠮᠦᠨ ᠪᠡᠯᠭᠡ ᠲᠠᠢ ᠭᠡᠳᠡᠭ᠃ ᠤᠴᠢᠷ ᠨᠢ | ᠨᠦᠭᠴᠢᠭᠰᠡᠨ ᠬᠦᠮᠦᠨ ᠢ ᠪᠤᠷᠬᠠᠨ ᠲᠠᠭᠠᠳᠠᠭ ᠭᠡᠨ᠎ᠡ᠃ ᠱᠠᠭᠠᠵᠠᠭᠠᠢ ᠱᠠᠭᠰᠢᠪᠠᠯ ᠵᠤᠴᠢᠨ ᠢᠷᠡᠨ᠎ᠡ᠂ ᠰᠠᠶᠢᠨ ᠴᠢᠮᠡᠭᠡ | ᠰᠤᠨᠤᠰᠳᠠᠨ᠎ᠠ ᠬᠡᠵᠦ᠂ ᠲᠤᠭᠤᠷᠤᠤ ᠭᠠᠷ ᠭᠤᠷ ᠲᠤᠤᠭᠠᠷᠤᠨ ᠨᠢᠰᠪᠡᠯ ︽ᠬᠤᠷᠮᠤᠰᠳᠠ ᠲᠡᠭᠷᠢ ᠡ᠂ ᠬᠤᠷ᠎ᠠ ᠪᠠᠨ | ᠬᠠᠶᠢᠷᠠᠯᠠ︾ ᠬᠡᠮᠡᠨ ᠪᠤᠷᠤᠭᠠᠨ ᠬᠤᠷ᠎ᠠ ᠭᠤᠶᠤᠵᠤ᠂ ᠬᠠᠷᠢᠶᠠᠴᠠᠢ ᠭᠡᠷ ᠤᠨ ᠰᠠᠷᠠᠪᠴᠢ ᠳᠤ ᠡᠬᠦᠷᠯᠡᠪᠡᠯ ᠠᠶᠢᠯ ᠭᠡᠷ | ᠠᠮᠤᠭᠤᠯᠠᠩ ᠪᠠᠶᠢᠨ᠎ᠠ ᠬᠡᠬᠦ ᠮᠡᠳᠦ ᠪᠠᠷ ᠪᠡᠯᠭᠡᠰᠢᠶᠡᠳᠡᠭ ᠪᠦᠬᠡᠳ ᠲᠠᠭᠳᠠᠭ᠎ᠠ ᠶᠢ ᠡᠩᠭᠡ ᠲᠠᠶᠢᠪᠤᠩ ᠤᠨ ᠰᠢᠪᠠᠭᠤ | ᠬᠡᠮᠡᠨ ᠡᠬᠦᠷ ᠵᠠᠰᠠᠵᠤ ᠦᠭᠳᠡᠭ ᠪᠠᠶᠢᠨ᠎ᠠ᠃ | ᠠᠮᠠᠨ ᠭᠡᠰᠢᠭ ᠢ ᠶᠡᠬᠡᠳᠡ ᠡᠷᠬᠢᠮᠯᠡᠵᠦ᠂ ᠴᠠᠢ ᠬᠤᠭᠤᠯᠠᠨ ᠲᠡᠭᠡᠷ᠎ᠡ ᠲᠠᠭᠠᠷᠠᠯᠳᠤᠭᠰᠠᠨ ᠬᠦᠮᠦᠨ ᠢ ᠠᠵᠠ | ᠪᠤᠶᠠᠨ ᠲᠠᠢ᠂ ᠠᠮᠠᠨ ᠭᠡᠰᠢᠭ ᠲᠠᠢ ᠬᠡᠵᠦ ᠪᠡᠯᠭᠡᠰᠢᠶᠡᠨ᠂ ︽ᠪᠤᠯᠭᠤᠭᠰᠠᠨ ᠬᠤᠭᠤᠯᠠ ᠠᠴᠠ ᠪᠤᠤ ᠵᠠᠶᠢᠯᠠ︾ | ᠬᠡᠮᠡᠨ ᠡᠷᠭᠡᠪᠰᠢ ᠢᠳᠡᠬᠦᠯᠵᠦ ᠤᠤᠭᠤᠯᠭᠠᠬᠤ ᠳᠤ ᠢᠷᠡᠭᠰᠡᠨ ᠬᠦᠮᠦᠨ ᠨᠢ ᠭᠡᠳᠡᠰᠦ ᠴᠠᠳᠬᠤᠯᠠᠩ ᠪᠠᠶᠢᠭᠰᠠᠨ ᠴᠤ | ᠠᠮᠰᠠᠭᠠᠳ ᠭᠠᠷᠬᠤ ᠶᠤᠰᠤ ᠲᠠᠢ᠃ ᠢᠯᠠᠩᠭᠤᠶ᠎ᠠ ᠠᠷᠢᠬᠢ ᠨᠡᠷᠡᠵᠦ ᠪᠠᠶᠢᠬᠤ ᠲᠠᠢ ᠲᠠᠭᠠᠷᠠᠯᠳᠤᠪᠠᠯ ᠮᠤᠷᠢ ᠲᠠᠢ ᠬᠡᠮᠡᠨ | ᠪᠡᠯᠭᠡᠰᠢᠶᠡᠵᠦ ᠬᠠᠯᠠᠭᠤᠨ ᠠᠷᠢᠬᠢ ᠦᠭᠬᠦᠨ᠎ᠡ᠃ ᠠᠶᠠᠭ᠎ᠠ ᠰᠠᠪᠬ᠎ᠠ ᠬᠠᠷᠰᠢᠭᠤᠯᠬᠤ᠂ ᠲᠤᠭᠤᠭ᠎ᠠ ᠰᠢᠨᠠᠭ᠎ᠠ | ᠬᠠᠩᠬᠢᠨᠠᠭᠤᠯᠬᠤ ᠶᠢ ᠠᠮᠠᠨ ᠬᠡᠰᠢᠭ ᠢᠶᠠᠨ ᠪᠠᠷᠠᠨ᠎ᠠ ᠬᠡᠵᠦ ᠴᠡᠭᠡᠷᠯᠡᠳᠡᠭ᠃ ︽ᠠᠶᠠᠭᠠᠨ ᠤ ᠬᠠᠷᠢᠭᠤ ᠡᠳᠦᠷ ᠲᠡᠭᠡᠨ᠂ | ᠠᠭᠳᠠ ᠶᠢᠨ ᠬᠠᠷᠢᠭᠤ ᠵᠢᠯ ᠳᠡᠭᠡᠨ︾ ᠬᠡᠵᠦ᠂ ᠲᠠᠶᠢᠹᠤᠰᠧᠴᠤᠳ ᠶᠡᠷᠦ ᠠᠴᠠ ᠡᠷᠢᠯ ᠤᠨ ᠬᠦᠮᠦᠨ᠂ ᠠᠶᠠᠨ ᠤ | ᠬᠦᠮᠦᠨ ᠢ ᠴᠠᠢ ᠬᠤᠭᠤᠯᠠ ᠦᠬᠡᠢ ᠶᠠᠪᠤᠭᠤᠯᠬᠤ ᠦᠬᠡᠢ ᠮᠦᠷᠳᠡᠭᠡᠨ ᠠᠶᠠᠨ ᠵᠢᠩ ᠤᠨ ᠬᠦᠮᠦᠰ ᠤᠨ ᠵᠠᠮ ᠢ | ᠲᠤᠰᠴᠤ ᠴᠠᠢ ᠬᠦᠷᠭᠡᠳᠡᠭ ᠵᠠᠩᠰᠢᠯ ᠲᠠᠢ ᠪᠠᠶᠢᠪᠠ᠃ ᠪᠠᠳᠢᠷᠴᠢ ᠭᠤᠶᠢᠷᠠᠨᠴᠢ ᠶᠢ ᠴᠤ ᠭᠡᠰᠡᠨ ᠬᠤᠭᠤᠰᠤᠨ | ᠶᠠᠪᠤᠭᠤᠯᠬᠤ ᠦᠬᠡᠢ ᠪᠦᠬᠡᠳ ᠬᠤᠨᠤᠭ ᠭᠤᠶᠤᠭᠰᠠᠳ ᠢ ᠬᠦᠬᠡᠬᠡᠵᠦ ᠶᠠᠪᠤᠭᠤᠯᠬᠤ ᠦᠬᠡᠢ᠂ ᠬᠠᠷᠢᠨ ᠤᠷᠤ | ᠲᠡᠪᠢᠰᠭᠡᠷ ᠠᠴᠠ ᠪᠠᠨ ᠰᠤᠯᠠᠯᠠᠨ ᠦᠭᠴᠦ ᠬᠤᠨᠤᠭᠤᠯᠤᠭᠠᠳ ᠭᠠᠷᠭᠠᠨ᠎ᠠ᠃ | ᠬᠤᠳᠳᠤᠭ ᠤᠰᠤᠨ ᠲᠡᠭᠡᠷ᠎ᠡ ᠠᠶᠢᠯ ᠤᠨ ᠮᠠᠯ ᠤᠨᠤᠭ᠎ᠠ ᠲᠠᠭᠠᠷᠠᠪᠠᠯ ᠤᠰᠤᠯᠠᠵᠤ ᠶᠠᠪᠤᠭᠤᠯᠤᠨ᠎ᠠ ᠂ ᠡᠨᠡ ᠨᠢ | ᠮᠠᠯ ᠤᠨ ᠵᠠᠶᠠᠭ᠎ᠠ ᠶᠢ ᠭᠤᠮᠤᠳᠠᠭᠠᠬᠤ ᠦᠬᠡᠢ ᠭᠡᠰᠡᠨ ᠰᠠᠨᠠᠭ᠎ᠠ ᠠᠵᠢ᠃ ᠬᠤᠳᠠᠯᠳᠤᠬᠤ ᠮᠠᠯ ᠤᠨ ᠭᠡᠰᠢᠭ ᠢ | ᠦᠯᠡᠳᠡᠭᠡᠨ᠎ᠡ᠃ ᠠᠳᠤᠭᠤ ᠦᠬᠡᠷ ᠪᠤᠯ ᠰᠡᠬᠦᠯ ᠤᠨ ᠬᠢᠯᠭᠠᠰᠤ ᠠᠴᠠ ᠨᠢ᠂ ᠬᠤᠨᠢ ᠢᠮᠠᠭ᠎ᠠ ᠲᠡᠮᠡᠭᠡ ᠪᠤᠯ ᠨᠤᠤᠰᠤ | ᠠᠴᠠ ᠨᠢ ᠠᠪᠴᠤ᠂ ᠬᠤᠳᠠᠯᠳᠤᠭᠰᠠᠨ ᠮᠠᠯ ᠤᠨ ᠢᠶᠠᠨ ᠬᠤᠶᠢᠨ᠎ᠠ ᠠᠴᠠ ᠬᠤᠷᠤᠶᠢᠯᠠᠨ᠎ᠠ᠃ ᠨᠤᠬᠠᠢ ᠶᠢ ᠮᠠᠯ | ᠬᠦᠷᠦᠩᠬᠡ ᠶᠢ ᠬᠠᠮᠠᠭᠠᠯᠠᠵᠤ᠂ ᠡᠬᠦᠳᠡ ᠡᠷᠦᠬᠡ ᠶᠢ ᠰᠠᠬᠢᠭᠰᠠᠨ᠂ ᠡᠵᠡᠨ ᠳᠡᠭᠡᠨ ᠡᠭᠡᠯᠢᠳᠡᠢ ᠠᠮᠢᠳᠠᠨ ᠬᠡᠵᠦ | ᠬᠠᠶᠢᠷᠠᠯᠠᠨ᠂ ᠡᠯᠳᠡᠵᠦ ᠵᠤᠳᠤᠬᠤ ᠶᠢ ᠴᠡᠭᠡᠷᠯᠡᠳᠡᠭ᠃ ᠲᠦᠷᠪᠡᠨ ᠨᠢᠳᠦ ᠲᠠᠢ ︵ᠨᠢᠳᠦᠨ ᠤ ᠲᠡᠭᠡᠷ᠎ᠡ ᠪᠠᠨ ᠤᠯᠠᠭᠠᠨ | ᠲᠤᠯᠪᠤ ᠲᠠᠢ︶ ᠨᠤᠬᠠᠢ ᠶᠢ ᠶᠠᠭᠤ ᠪᠦᠬᠦᠨ ᠢ ᠤᠯᠵᠤ ᠦᠵᠡᠵᠦ᠂ ᠡᠯᠳᠡᠪ ᠮᠠᠭᠤ ᠶᠢ ᠵᠠᠶᠢᠯᠠᠭᠤᠯᠳᠠᠭ ᠬᠡᠵᠦ | ᠡᠷᠬᠢᠮᠯᠡᠳᠡᠭ ᠪᠦᠬᠡᠳ ᠨᠤᠬᠠᠢ ᠳᠠᠭᠠᠨ ᠪᠡᠷᠰᠡ᠂ ᠱᠤᠩᠬᠤᠷ᠂ ᠪᠠᠮᠪᠠᠷ᠂ ᠨᠢᠩᠭᠠᠷ ᠬᠡᠬᠦ ᠮᠡᠳᠦ ᠬᠦᠴᠦᠳᠡᠨ ᠤ ᠨᠡᠷ᠎ᠡ | ᠦᠭᠳᠡᠭ᠃ ᠨᠤᠬᠠᠢ ᠬᠦᠷᠪᠡᠪᠡᠯ ᠤᠯᠵᠠ ᠤᠷᠤᠨ᠎ᠠ ᠬᠡᠵᠦ᠂ ᠨᠤᠬᠠᠢ ᠬᠠᠭ᠋ᠠᠪᠠᠯ ᠡᠵᠡᠨ ᠨᠢ ᠪᠠᠶᠠᠵᠢᠨ᠎ᠠ ᠬᠡᠮᠡᠨ | ᠪᠡᠯᠭᠡᠰᠢᠶᠡᠳᠡᠭ᠃ ᠬᠡᠦᠭᠡᠳ ᠤᠨ ᠰᠦᠨ ᠰᠢᠳᠦ ᠤᠨᠠᠬᠤᠯᠠᠷ ᠭᠤᠯᠢᠷ ᠪᠤᠶᠤ ᠦᠬᠡᠬᠦᠨ ᠳᠤ ᠪᠤᠭᠤᠭᠠᠳ ᠨᠤᠬᠠᠢ | ᠳᠠᠭᠠᠨ ᠦᠭᠴᠦ᠂ ︽ᠮᠠᠭᠤ ᠰᠢᠳᠦ ᠪᠠᠨ ᠦᠭᠬᠦᠶ᠎ᠡ᠂ ᠰᠠᠶᠢᠨ ᠰᠢᠳᠦ ᠪᠠᠨ ᠠᠯᠢ ᠡ︾ ᠬᠡᠵᠦ ᠰᠢᠳᠦ ᠭᠤᠶᠤᠨ᠎ᠠ᠃ | ᠨᠤᠬᠠᠢ ᠶᠢ ᠪᠠᠰᠠ ᠮᠡᠷᠭᠡᠨ ᠠᠮᠢᠳᠠᠨ ᠬᠡᠵᠦ ᠨᠤᠬᠠᠢ ᠶᠢᠨ ᠲᠦᠯᠬᠡ ᠪᠠᠷᠢᠭᠤᠯᠵᠤ ᠲᠤᠭᠯᠠᠨ᠎ᠠ᠃ ᠡᠨᠡ ᠨᠢ ᠦᠬᠡᠷ | ᠬᠤᠨᠢᠨ ᠤ ᠰᠡᠬᠦᠯ ᠤᠨ ᠶᠠᠰᠤ ᠶᠢ ᠵᠡᠷᠭᠡᠴᠡᠬᠦᠯᠵᠦ ᠲᠠᠯᠪᠢᠭᠠᠳ᠂ ᠲᠤᠰ ᠪᠦᠷᠢ ᠶᠢ ᠠᠶᠢᠯ ᠬᠤᠳᠠᠨ ᠤ ᠬᠡᠦᠭᠡᠨᠴᠤᠳ | ᠤᠨ ᠨᠡᠷ᠎ᠡ ᠪᠠᠷ ᠨᠡᠷᠡᠯᠡᠵᠦ ᠨᠤᠬᠠᠢ ᠳᠠᠭᠠᠨ ᠦᠭᠬᠦᠨ᠎ᠡ᠂ ᠨᠤᠬᠠᠢ ᠠᠯᠢ ᠶᠢ ᠨᠢ ᠤᠷᠢᠳᠠᠪᠠᠷ ᠰᠢᠯᠢᠵᠦ ᠢᠳᠡᠪᠡᠯ ᠲᠡᠷᠡ | ᠬᠡᠦᠬᠡᠨ ᠢ ᠤᠷᠢᠳᠠᠪᠠᠷ ᠮᠤᠷᠳᠠᠨ᠎ᠠ ᠬᠡᠵᠦ ᠮᠡᠷᠭᠡᠯᠡᠳᠡᠭ᠃ ᠨᠤᠬᠠᠢ ᠠᠯᠠᠬᠤ᠂ ᠨᠤᠬᠠᠢ ᠬᠤᠳᠠᠯᠳᠤᠬᠤ ᠶᠢ ᠮᠠᠭᠤ ᠢᠷᠸ᠎ᠠ | ᠲᠠᠢ ᠬᠡᠮᠡᠨ ᠴᠡᠭᠡᠷᠯᠡᠵᠦ᠂ ᠮᠤᠩᠭᠤᠯ ᠢᠶᠠᠨ ᠮᠤᠳᠤᠨ ᠳᠤ ᠡᠯᠬᠦᠭᠰᠡᠨ ᠬᠦᠮᠦᠨ ᠬᠡᠵᠦ ᠶᠡᠬᠡᠳᠡ ᠵᠢᠭᠰᠢᠨ᠎ᠡ᠃ ᠨᠤᠬᠠᠢ | ᠦᠬᠦᠪᠡᠯ ᠠᠮᠠᠨ ᠳᠤᠨᠢ ᠰᠢᠷ᠎ᠠ ᠲᠤᠰᠤ ᠪᠤᠶᠤ ᠦᠬᠡᠬᠦ ᠮᠢᠬ᠎ᠠ ᠡᠮᠬᠦᠬᠦᠯᠵᠦ᠂ ᠭᠡᠷ ᠠᠴᠠ ᠵᠡᠬᠦᠨᠰᠢ ᠭᠠᠷᠭᠠᠨ ᠲᠤᠯᠤᠭᠠᠢ | ᠶᠢ ᠨᠢ ᠪᠠᠷᠠᠭᠤᠨ ᠬᠤᠶᠢᠰᠢ ᠬᠠᠨᠳᠤᠭᠤᠯᠵᠤ ᠲᠠᠯᠪᠢᠭᠠᠳ᠂ ᠲᠠᠯᠪᠢᠭᠰᠠᠨ ᠭᠠᠵᠠᠷ ᠢᠶᠠᠨ ᠲᠤᠭᠤᠷᠢᠭᠤᠯᠤᠨ ᠵᠢᠷᠤᠵᠤ᠂ | ᠰᠡᠬᠦᠯ ᠢ ᠨᠢ ᠤᠭᠳᠤᠯᠵᠤ ᠠᠪᠤᠭᠠᠳ ᠲᠤᠯᠤᠭᠠᠢ ᠳᠤᠨᠢ ᠲᠡᠷᠡᠯᠡᠬᠦᠯᠦᠨ᠂ ︽ᠲᠠᠷᠠᠭ᠎ᠠ ᠲᠦᠷᠦᠯ ᠳᠡᠭᠡᠨ ᠬᠦᠮᠦᠨ | ᠪᠤᠯᠵᠤ ᠲᠦᠷᠦ ᠡ︾ ᠬᠡᠵᠦ ᠤᠷᠤᠰᠢᠭᠤᠯᠳᠠᠭ᠃ ᠠᠮᠢᠳᠠᠨ ᠵᠢᠬᠦᠷᠳᠡᠨ ᠤ ᠦᠨᠳᠡᠭᠡ ᠵᠤᠯᠵᠠᠭ᠎ᠠ ᠶᠢ ᠬᠦᠨᠦᠬᠡᠬᠦ ᠶᠢ | ᠴᠡᠭᠡᠷᠯᠡᠨ᠎ᠡ᠃ ᠰᠢᠪᠠᠭᠤᠨ ᠦᠨᠳᠡᠭᠡ ᠲᠡᠭᠡᠷ᠎ᠡ ᠰᠡᠬᠦᠳᠡᠷ ᠢᠶᠠᠨ ᠲᠤᠰᠬᠠᠪᠠᠯ ᠡᠬᠡ ᠨᠢ ᠭᠤᠯᠤᠴᠢᠬᠠᠨᠠ ᠭᠡᠳ ᠬᠡᠦᠬᠡᠳ | ᠢ ᠰᠢᠪᠠᠭᠤᠨ ᠡᠬᠦᠷ ᠲᠤ ᠤᠶᠢᠷᠠᠳᠤᠭᠤᠯᠳᠠᠭ ᠦᠬᠡᠢ᠃ | ᠬᠡᠦᠭᠡᠳ ᠢ ᠬᠠᠷ᠎ᠠ ᠪᠠᠭ᠎ᠠ ᠠᠴᠠ ᠨᠢ ᠶᠤᠰᠤ ᠰᠤᠷᠳᠠᠬᠤᠨ ᠲᠠᠢ ᠬᠦᠮᠦᠵᠢᠬᠦᠯᠬᠦ ᠶᠢᠨ ᠲᠦᠯᠦᠬᠡ᠂ ᠶᠠᠪᠤᠵᠤ | ᠰᠠᠭᠤᠬᠤ ᠲᠠᠯ᠎ᠠ ᠪᠠᠷ ᠴᠤ ᠤᠯᠠᠨ ᠠᠷᠪᠢᠨ ᠴᠡᠭᠡᠷ ᠬᠤᠷᠢᠭ᠎ᠠ ᠪᠠᠶᠢᠳᠠᠭ᠃ ᠲᠡᠭᠡᠭᠰᠢ ᠬᠠᠷᠠᠵᠤ ᠲᠤᠯᠤᠭᠠᠢ | ᠰᠠᠯᠠᠭᠠᠪᠴᠢᠯᠠᠵᠤ ᠭᠡᠪᠳᠡᠪᠡᠯ ᠦᠷᠢ ᠠᠯᠳᠠᠭᠰᠠᠨ ᠤ ᠰᠢᠨᠵᠢ ᠬᠡᠵᠦ᠂ ᠤᠷᠤᠭᠤ ᠪᠠᠨ ᠬᠠᠷᠠᠵᠤ ᠰᠤᠨᠤᠵᠤ ᠬᠡᠪᠳᠡᠪᠡᠯ | ᠦᠬᠦᠯ ᠬᠠᠭᠠᠴᠠᠯ ᠤᠨ ᠢᠷᠸ᠎ᠠ ᠬᠡᠵᠦ᠂ ᠰᠢᠨ᠎ᠠ ᠪᠠᠨ ᠲᠤᠯᠵᠤ ᠰᠠᠭᠤᠪᠠᠯ ᠰᠢᠨᠠᠯᠤᠭᠰᠠᠨ ᠤ ᠰᠢᠨᠵᠢ ᠬᠡᠵᠦ᠂ ᠰᠤᠨᠢᠶᠠᠪᠠᠯ | ᠰᠤᠷᠤᠭᠰᠠᠨ ᠨᠢ ᠰᠤᠭᠤ ᠪᠠᠷ ᠭᠠᠷᠤᠨ᠎ᠠ ᠬᠡᠵᠦ᠂ ᠶᠠᠪᠠᠭᠠᠨ ᠰᠠᠭᠤᠬᠤ ᠶᠢ ᠰᠢᠪᠠᠭᠤᠨ ᠤ ᠰᠠᠭᠤᠳᠠᠯ᠂ ᠶᠠᠳᠠᠭᠤᠷᠠᠬᠤ | ᠶᠢᠨ ᠳᠡᠮᠳᠡᠭ ᠬᠡᠵᠦ ᠴᠡᠭᠡᠷᠯᠡᠬᠦ ᠪᠦᠬᠡᠳ ᠬᠠᠭᠠᠯᠭ᠎ᠠ ᠠᠯᠳᠠᠯᠠᠨ ᠵᠤᠭᠰᠤᠬᠤ᠂ ᠬᠠᠳᠠᠪᠴᠢ ᠲᠡᠭᠡᠷ᠎ᠡ ᠬᠢᠰᠬᠢᠬᠦ᠂ | ᠪᠤᠱᠤᠭ᠎ᠠ ᠵᠠᠶᠢᠳᠠᠯᠠᠵᠤ ᠰᠠᠭᠤᠬᠤ ᠶᠢ ᠤᠯᠵᠠ ᠤᠮᠤᠭ ᠬᠠᠭᠠᠭᠳᠠᠨ᠎ᠠ ᠬᠡᠮᠡᠨ ᠴᠡᠭᠡᠷᠯᠡᠵᠦ᠂ ᠪᠠᠭ᠎ᠠ ᠲᠤᠯᠭᠠᠭᠤᠷᠢ | ᠲᠦᠰᠢᠵᠦ ᠵᠤᠭᠰᠤᠬᠤ ᠶᠢ ᠭᠠᠢ ᠲᠠᠭᠤᠳᠠᠭᠰᠠᠨ ᠮᠠᠭᠤ ᠢᠷᠸ᠎ᠠ ᠬᠡᠵᠦ᠂ ᠦᠷᠯᠦᠬᠡ ᠡᠷᠳᠡ ᠬᠢᠩᠰᠢᠵᠦ ᠢᠰᠭᠡᠷᠬᠦ ᠶᠢ | ᠬᠤᠷᠮᠤᠢ ᠳᠤ ᠬᠡᠢ ᠤᠷᠤᠭᠰᠠᠨ ᠤ ᠰᠢᠨᠵᠢ ᠬᠡᠵᠦ ᠴᠡᠭᠡᠷᠯᠡᠨ᠎ᠡ᠃ | ᠮᠠᠯᠠᠭᠠᠢ ᠶᠢ ᠭᠠᠵᠠᠷ ᠬᠦᠰᠡᠷ ᠲᠠᠯᠪᠢᠬᠤ ᠦᠬᠡᠢ᠂ ᠪᠤᠷᠤᠭᠤ ᠬᠠᠷᠠᠭᠤᠯᠵᠤ ᠡᠮᠦᠰᠬᠦ ᠪᠤᠶᠤ ᠬᠠᠵᠠᠭᠠᠢ ᠮᠤᠷᠤᠢ | ᠡᠮᠦᠰᠬᠦ ᠶᠢ ᠬᠡᠢ ᠮᠤᠷᠢ ᠬᠡᠪᠳᠡᠨ᠎ᠡ ᠬᠡᠮᠡᠨ ᠴᠡᠭᠡᠷᠯᠡᠵᠦ᠂ ᠮᠠᠯᠠᠭᠠᠢ ᠶᠢ ᠲᠡᠭᠡᠭᠰᠢ ᠬᠠᠷᠠᠭᠤᠯᠵᠤ ᠲᠠᠯᠪᠢᠪᠠᠯ ᠡᠪᠡᠳᠴᠢᠨ | ᠤᠷᠢᠶᠠᠨ᠎ᠠ ᠬᠡᠵᠦ ᠂ ᠲᠠᠪᠬᠤᠷ ᠮᠠᠯᠠᠭᠠᠢ ᠡᠮᠦᠰᠬᠦ ᠶᠢ ᠬᠤᠶᠠᠷ ᠡᠬᠡᠨᠡᠷ ᠠᠪᠤᠨ᠎ᠠ ᠬᠡᠵᠦ ᠴᠡᠭᠡᠷᠯᠡᠳᠡᠭ᠃ ᠪᠦᠰᠡ ᠶᠢ | ᠰᠤᠯᠠ ᠬᠠᠶᠠᠵᠤ ᠤᠨᠳᠠᠬᠤ ᠦᠬᠡᠢ᠂ ᠡᠷ᠎ᠡ ᠬᠦᠮᠦᠨ ᠤ ᠰᠦᠨᠡᠰᠦ ᠪᠦᠰᠡᠨ ᠳᠡᠭᠡᠨ ᠪᠠᠶᠢᠳᠠᠭ ᠬᠡᠵᠦ ᠡᠷᠭᠡᠪᠰᠢ | ᠵᠠᠩᠬᠢᠳᠴᠤ ᠲᠡᠷᠡ ᠶᠢᠨ ᠲᠡᠷᠭᠡᠳᠡ ᠲᠠᠯᠪᠢᠨ᠎ᠠ᠃ ᠬᠤᠪᠴᠠᠰᠤᠨ ᠤ ᠵᠠᠭᠠᠮ᠎ᠠ ᠶᠢ ᠭᠠᠳᠠᠭᠰᠢ ᠬᠠᠷᠠᠭᠤᠯᠬᠤ᠂ ᠭᠤᠳᠤᠯ | ᠤᠨ ᠲᠦᠷᠡᠢ ᠶᠢ ᠭᠠᠳᠠᠭᠰᠢ ᠡᠷᠬᠢᠬᠦᠯᠬᠦ᠂ ᠰᠠᠪᠠᠨ ᠤ ᠠᠮᠠᠰᠠᠷ ᠢ ᠲᠤᠷᠤᠭᠰᠢ ᠬᠠᠨᠳᠤᠭᠤᠯᠬᠤ ᠶᠢ ᠪᠦᠷ ᠪᠡᠯᠭᠡ | ᠮᠠᠭᠤᠳᠠᠢ ᠶᠠᠪᠤᠳᠠᠯ ᠬᠡᠵᠦ ᠴᠡᠭᠡᠷᠯᠡᠬᠦ ᠪᠦᠬᠡᠳ ᠬᠠᠭᠤᠴᠢᠨ ᠮᠠᠭᠤ ᠬᠤᠪᠴᠠᠰᠤ ᠶᠢ ᠡᠳ᠋ᠯᠡᠬᠦ ᠦᠬᠡᠢ ᠪᠤᠯ ᠵᠠᠭᠠᠮ᠎ᠠ ᠶᠢ | ᠨᠢ ᠬᠠᠭᠵᠠᠯᠵᠤ ᠭᠠᠯ ᠳᠤ ᠬᠢᠨ᠎ᠡ᠃ | ᠢᠷ ᠮᠡᠰᠡ ᠶᠢ ᠲᠡᠭᠡᠭᠰᠢ ᠬᠠᠨᠳᠤᠭᠤᠯᠬᠤ᠂ ᠬᠦᠮᠦᠨ ᠤ ᠡᠰᠡᠷᠬᠦ ᠬᠠᠷᠠᠭᠤᠯᠬᠤ ᠶᠢ ᠴᠡᠭᠡᠷᠯᠡᠵᠦ᠂ ᠪᠤᠰᠤᠳ ᠲᠤ | ᠦᠭᠬᠦ ᠳᠡᠭᠡᠨ ᠡᠰᠢ ᠪᠠᠷᠢᠭᠤᠯ ᠲᠠᠯ᠎ᠠ ᠪᠠᠷ ᠨᠢ ᠦᠭᠬᠦᠨ᠎ᠡ᠃ ᠬᠢᠳᠤᠭ᠎ᠠ ᠪᠠᠷ ᠮᠢᠬ᠎ᠠ ᠤᠭᠳᠤᠯᠬᠤ ᠳᠠᠭᠠᠨ ᠢᠷ ᠢ ᠨᠢ | ᠵᠠᠪᠠᠯ ᠪᠡᠶ᠎ᠡ ᠦᠬᠡᠳᠡ ᠪᠠᠨ ᠬᠠᠷᠠᠭᠤᠯᠤᠨ ᠤᠭᠳᠤᠯᠵᠤ᠂ ᠦᠢᠯᠡ ᠤᠶᠤᠳᠠᠯ ᠬᠢᠬᠦ ᠳᠤ ᠵᠡᠬᠦᠦ ᠶᠢᠨ ᠦᠵᠦᠬᠦᠷ ᠢ | ᠲᠤᠳᠤᠭᠰᠢ ᠪᠠᠨ ᠬᠠᠷᠠᠭᠤᠯᠵᠤ ᠬᠠᠳᠬᠤᠳᠠᠭ᠃ ᠪᠤᠰᠤᠳ ᠢ ᠲᠠᠰᠢᠭᠤᠷ ᠢᠶᠠᠷ ᠵᠢᠭᠠᠬᠤ᠂ ᠭᠠᠩᠰᠠ ᠪᠠᠷ ᠲᠤᠬᠢᠬᠤ᠂ | ᠬᠤᠷᠤᠭᠤ ᠪᠠᠷ ᠵᠢᠭᠠᠬᠤ ᠶᠢ ᠬᠦᠮᠦᠨ ᠲᠤᠷᠤᠮᠵᠢᠯᠠᠭᠰᠠᠨ ᠶᠠᠪᠤᠳᠠᠯ ᠬᠡᠵᠦ ᠴᠡᠭᠡᠷᠯᠡᠨ᠂ ᠵᠤᠴᠢᠨ ᠢᠷᠡᠬᠦ ᠳᠤ ᠡᠬᠦᠳᠡ | ᠪᠠᠷ ᠱᠠᠬᠠᠶᠢᠬᠤ᠂ ᠬᠤᠪᠴᠠᠰᠤ ᠬᠤᠨᠠᠷ ᠲᠡᠭᠰᠢ ᠦᠬᠡᠢ ᠪᠤᠶᠤ ᠦᠰᠦ ᠭᠡᠵᠢᠬᠡ ᠪᠠᠨ ᠰᠡᠭᠰᠡᠶᠢᠯᠬᠡᠨ ᠤᠭᠳᠤᠵᠤ | ᠭᠠᠷᠬᠤ ᠵᠡᠷᠭᠡ ᠨᠢ ᠬᠦᠮᠦᠨ ᠢ ᠡᠰᠡ ᠬᠦᠨᠳᠦᠳᠭᠡᠭᠰᠡᠨ ᠶᠠᠪᠤᠳᠠᠯ ᠬᠡᠵᠦ ᠴᠡᠭᠡᠷᠯᠡᠨ᠎ᠡ᠃ ᠪᠤᠰᠤᠳ ᠲᠠᠢ ᠤᠴᠠᠷᠠᠬᠤ | ᠳᠠᠭᠠᠨ ᠡᠩᠬᠡᠷ ᠵᠠᠭᠠᠮ᠎ᠠ ᠪᠠᠨ ᠵᠠᠳᠠᠭᠠᠶᠢᠯᠠᠬᠤ ᠦᠬᠡᠢ᠂ ᠬᠠᠨᠴᠤᠢ ᠪᠠᠨ ᠰᠢᠮᠠᠯᠠᠬᠤ ᠦᠬᠡᠢ᠂ ᠵᠤᠳᠤᠭᠠᠨ ᠨᠦᠳᠦᠭᠡᠨ | ᠬᠢᠬᠦ ᠶᠢᠨ ᠰᠢᠨᠵᠢ ᠭᠡᠳᠡᠭ᠃ ᠵᠤᠴᠢᠨ ᠤ ᠦᠬᠡᠳᠡ ᠠᠴᠠ ᠦᠨᠡᠰᠦ ᠪᠤᠭ ᠤᠬᠢᠶᠠᠳᠠᠰᠤ ᠠᠰᠬᠠᠬᠤ ᠦᠬᠡᠢ᠂ ᠭᠡᠷᠪᠡ | ᠲᠤᠯᠭᠠᠮ᠎ᠠ ᠲᠤᠬᠢᠶᠠᠯᠳᠤᠭᠰᠠᠨ ᠪᠤᠯ ᠪᠤᠴᠠᠨ ᠤᠷᠤᠵᠤ ᠲᠠᠯᠪᠢᠭᠠᠳ ᠭᠠᠷᠤᠨ᠎ᠠ᠃ ᠮᠦᠨ ᠭᠡᠷ ᠤᠨ ᠬᠦᠮᠦᠨ ᠪᠤᠶᠤ | ᠵᠤᠴᠢᠨ ᠤ ᠠᠷᠤ ᠠᠴᠠ ᠭᠡᠷ ᠱᠦᠬᠦᠷᠳᠡᠬᠦ᠂ ᠦᠨᠡᠰᠦ ᠠᠰᠬᠠᠬᠤ ᠦᠬᠡᠢ᠃ ᠠᠵᠢᠯ ᠶᠠᠪᠤᠳᠠᠯ ᠪᠦᠳᠦᠬᠦ ᠳᠤ ᠬᠠᠷᠰᠢ | ᠪᠤᠯᠤᠨ᠎ᠠ ᠬᠡᠵᠦ ᠲᠤᠭᠤᠭ᠎ᠠ ᠰᠢᠨᠠᠭ᠎ᠠ ᠬᠤᠶᠠᠷ ᠢ ᠵᠠᠪᠠᠯ ᠰᠠᠯᠭᠠᠵᠤ ᠲᠠᠯᠪᠢᠳᠠᠭ᠃ ᠵᠤᠴᠢᠨ ᠳᠤ ᠴᠠᠢ ᠬᠤᠭᠤᠯᠠ | ᠠᠶᠠᠭᠠᠯᠠᠬᠤ ᠳᠠᠭᠠᠨ ᠠᠶᠠᠭᠠᠨ ᠳᠤ ᠵᠦᠪ ᠡᠷᠬᠢᠯᠬᠡ ᠲᠠᠢ ᠪᠠᠶᠢᠯᠭᠠᠬᠤ ᠶᠢ ᠬᠢᠴᠢᠶᠡᠬᠦ ᠪᠦᠬᠡᠳ ᠵᠦᠪ ᠭᠠᠷ ᠢᠶᠠᠷ | ᠪᠠᠷᠢᠵᠤ ᠦᠭᠬᠦᠨ᠎ᠡ᠃ ᠠᠮᠠᠰᠠᠷ ᠦᠬᠡᠢ ᠰᠠᠪᠠ ᠪᠠᠷ ᠴᠠᠢ ᠠᠶᠠᠭᠠᠯᠠᠬᠤ᠂ ᠰᠢᠨᠠᠭ᠎ᠠ ᠪᠠᠨ ᠪᠤᠷᠤᠭᠤ ᠬᠠᠷᠠᠭᠤᠯᠵᠤ | ᠠᠶᠠᠭᠠᠯᠠᠬᠤ ᠶᠢ ᠴᠡᠭᠡᠷᠯᠡᠨ᠎ᠡ᠃ ᠵᠤᠴᠢᠨ ᠤ ᠲᠡᠷᠭᠡᠳᠡ ᠬᠡᠦᠭᠡᠳ ᠢᠶᠠᠨ ᠬᠠᠷᠢᠶᠠᠵᠤ ᠵᠠᠩᠨᠠᠵᠤ ᠵᠤᠳᠤᠬᠤ ᠦᠬᠡᠢ᠂ | ᠢᠩᠬᠢᠪᠡᠯ ᠵᠤᠴᠢᠨ ᠳᠤ ᠲᠤᠷ᠎ᠠ ᠦᠬᠡᠶᠢᠴᠡᠵᠦ ᠬᠦᠭᠡᠭᠡᠭᠰᠡᠨ ᠳᠤ ᠲᠤᠭᠠᠴᠠᠭᠳᠠᠨ᠎ᠠ᠃ ︽ᠬᠦᠮᠦᠨ ᠤ ᠲᠡᠷᠭᠡᠳᠡ | ᠬᠡᠦᠬᠡᠳ ᠢᠶᠠᠨ ᠪᠤᠤ ᠰᠤᠷᠭ᠎ᠠ︾ ᠭᠡᠰᠡᠨ ᠦᠬᠡ ᠪᠠᠶᠢᠳᠠᠭ᠃ ᠵᠤᠴᠢᠨ ᠠᠶᠢᠯ ᠳᠤ ᠤᠷᠤᠬᠤ ᠳᠠᠭᠠᠨ ᠡᠬᠦᠳᠡ ᠶᠢ | ᠵᠡᠬᠦᠨ ᠲᠠᠯ᠎ᠠ ᠠᠴᠠ ᠰᠡᠬᠦᠵᠦ᠂ ᠪᠠᠷᠠᠭᠤᠨ ᠬᠦᠯ ᠢᠶᠠᠷ ᠬᠠᠳᠠᠪᠴᠢ ᠠᠯᠬᠤᠵᠤ ᠤᠷᠤᠨ᠎ᠠ᠃ ᠬᠦᠮᠦᠨ ᠨᠦᠭᠴᠢᠪᠠᠯ | ᠡᠬᠦᠳᠡᠨ ᠤ ᠪᠠᠷᠠᠭᠤᠨ ᠲᠠᠯ᠎ᠠ ᠪᠠᠷ ᠤᠷᠤᠵᠤ ᠭᠠᠷᠳᠠᠭ᠃ ᠵᠡᠬᠦᠨ ᠬᠦᠯ ᠢᠶᠠᠷ ᠬᠠᠳᠠᠪᠴᠢ ᠠᠯᠬᠤᠵᠤ ᠤᠷᠤᠬᠤ ᠶᠢ | ᠦᠷᠢ ᠨᠡᠬᠡᠵᠦ ᠵᠠᠷᠭᠤ ᠬᠢᠬᠦ ᠶᠢᠨ ᠲᠡᠮᠳᠡᠭ ᠭᠡᠵᠦ ᠴᠡᠭᠡᠷᠯᠡᠨ᠎ᠡ᠃ | ᠢᠳᠡᠵᠦ ᠤᠤᠭᠤᠬᠤ ᠳᠤ ᠬᠤᠯᠪᠤᠭᠳᠠᠬᠤ ᠴᠡᠭᠡᠷ ᠶᠤᠰᠤᠨ ᠴᠤ ᠤᠯᠠᠨ ᠪᠤᠢ᠃ ᠮᠢᠬ᠎ᠠ ᠶᠢ ᠲᠤᠯᠤᠭᠠᠢ ᠲᠠᠯ᠎ᠠ | ᠪᠠᠷ ᠨᠢ ᠬᠦᠮᠦᠨ ᠳᠤ ᠲᠠᠯᠪᠢᠵᠤ ᠦᠭᠬᠦᠨ᠎ᠡ᠂ ᠪᠤᠷᠤᠭᠤ ᠲᠠᠯᠪᠢᠬᠤ ᠪᠠ ᠪᠤᠷᠤᠭᠤ ᠲᠠᠯ᠎ᠠ ᠠᠴᠠ ᠢᠳᠡᠬᠦ ᠶᠢ | ᠴᠡᠭᠡᠷᠯᠡᠳᠡᠭ᠃ ᠬᠡᠦᠭᠡᠳ ᠨᠠᠭᠠᠴᠤ ᠶᠢᠨ ᠲᠡᠷᠭᠡᠳᠡ ᠲᠠᠯᠤ ᠪᠠᠷᠢᠬᠤ ᠦᠬᠡᠢ ᠂ ᠨᠡᠩ ᠴᠤ ᠲᠠᠯᠤ ᠶᠢ ᠵᠤᠯᠭᠠᠭᠠᠵᠤ | ᠢᠳᠡᠬᠦ ᠦᠬᠡᠢ᠂ ᠨᠠᠭᠠᠴᠤ ᠶᠠᠳᠠᠭᠤᠷᠠᠨ᠎ᠠ ᠭᠡᠳᠡᠭ᠃ ᠪᠠᠰᠠ ᠬᠡᠦᠬᠡᠳ ᠦᠨᠦᠴᠢᠨ ᠡᠯᠢᠬᠡ ᠢᠳᠡᠪᠡᠯ ᠦᠨᠦᠴᠢᠷᠡᠨᠡ᠂ | ᠬᠦᠦ ᠬᠦᠮᠦᠨ ᠲᠦᠭᠰᠢᠬᠦᠷᠢ ᠢᠳᠡᠪᠡᠯ ᠮᠤᠷᠢ ᠲᠦᠭᠰᠢᠨ᠎ᠡ᠂ ᠨᠤᠭᠤᠰᠤ ᠢᠳᠡᠪᠡᠯ ᠨᠢᠰᠤᠬᠠᠢ ᠪᠤᠯᠤᠨ᠎ᠠ᠂ ᠲᠠᠷᠢᠬᠢ | ᠢᠳᠡᠪᠡᠯ ᠲᠡᠨᠡᠭ ᠪᠤᠯᠤᠨ᠎ᠠ᠂ ᠲᠡᠭᠡᠵᠢ ᠶᠢ ᠠᠮᠰᠠᠪᠠᠯ ᠲᠡᠯᠪᠡᠷᠡᠨ᠎ᠡ᠂ ᠲᠡᠯᠢᠬᠦᠦ ᠢᠳᠡᠪᠡᠯ ᠬᠦᠭᠡᠷᠦᠨᠡ᠂ ᠰᠠᠷᠬᠢᠨᠠᠭ | ᠢᠳᠡᠪᠡᠯ ᠰᠠᠯᠠᠩ ᠪᠤᠯᠤᠨ᠎ᠠ ᠭᠡᠳᠡᠭ ᠪᠦᠬᠡᠳ ᠬᠡᠦᠬᠡᠨ ᠬᠦᠮᠦᠨ ᠤᠷᠠᠨ ᠲᠠᠩᠨᠠᠢ ᠢᠳᠡᠪᠡᠯ ᠤᠷᠠᠨ ᠪᠤᠯᠵᠤ᠂ ᠬᠡᠯᠡᠨ ᠤ | ᠦᠵᠦᠬᠦᠷ ᠢ ᠪᠤᠯ ᠬᠦᠦ ᠬᠦᠮᠦᠨ ᠢᠳᠡᠪᠡᠯ ᠬᠡᠯᠡ ᠬᠤᠷᠴᠠ ᠪᠤᠯᠵᠤ᠂ ᠬᠡᠦᠬᠡᠨ ᠬᠦᠮᠦᠨ ᠢᠳᠡᠪᠡᠯ ᠬᠡᠷᠡᠬᠦᠯᠴᠢ | ᠪᠤᠯᠤᠨ᠎ᠠ ᠬᠡᠵᠦ ᠶᠠᠷᠢᠳᠠᠭ᠃ ᠮᠢᠬ᠎ᠠ ᠢᠳᠡᠬᠦ ᠳᠤ ᠶᠠᠰᠤ ᠶᠢ ᠬᠤᠰᠤᠵᠤ ᠮᠦᠯᠵᠢᠬᠦ ᠦᠬᠡᠢ᠂ ᠮᠠᠯ ᠤᠨ ᠶᠠᠰᠤ | ᠱᠠᠷᠬᠢᠷᠠᠵᠤ ᠵᠠᠨᠤᠯ ᠬᠤᠷᠢᠶᠠᠨ᠎ᠠ ᠬᠡᠳᠡᠭ᠃ ᠮᠠᠯ ᠢ ᠶᠡᠷᠦ ᠨᠢ ᠠᠯᠠᠨ᠎ᠠ᠂ ᠨᠢᠳᠤᠯᠠᠨ᠎ᠠ ᠬᠡᠵᠦ ᠬᠡᠯᠡᠬᠦ ᠦᠬᠡᠢ᠂ ᠬᠠᠷᠢᠨ | ᠮᠠᠯ ᠵᠠᠷᠤᠬᠤ᠂ ᠱᠦᠯᠦ ᠤᠤᠭᠤᠬᠤ᠂ ᠢᠳᠡᠰᠢ ᠭᠠᠷᠭᠠᠬᠤ ᠬᠡᠬᠦ ᠮᠡᠳᠦ ᠪᠠᠷ ᠴᠡᠭᠡᠷᠯᠡᠨ ᠬᠡᠯᠡᠨ᠎ᠡ᠃ ᠮᠠᠯ ᠵᠠᠷᠤᠬᠤ ᠳᠤ | ᠲᠤᠯᠤᠭᠠᠢ ᠶᠢ ᠨᠢ ᠪᠠᠷᠠᠭᠤᠨ ᠬᠤᠶᠢᠰᠢ ᠬᠠᠨᠳᠤᠭᠤᠯᠵᠤ ᠤᠨᠠᠭᠠᠬᠤ ᠪᠦᠬᠡᠳ ᠬᠤᠨᠢᠨ ᠤ ᠬᠦᠵᠦᠬᠦᠨ ᠳᠠᠬᠢ ᠲᠡᠭᠡᠰᠦ᠂ | ᠦᠬᠡᠷ ᠤᠨ ᠡᠪᠡᠷ ᠲᠠᠬᠢ ᠲᠡᠭᠡᠰᠦ ᠡᠪᠡᠷᠴᠢ ᠶᠢ ᠲᠠᠶᠢᠯᠵᠤ ᠠᠪᠤᠨ᠎ᠠ᠂ ᠦᠬᠡᠢ ᠪᠤᠯ ᠰᠦᠨᠡᠰᠦ ᠨᠢ ᠶᠠᠪᠤᠬᠤ ᠦᠬᠡᠢ | ᠭᠡᠳᠡᠭ᠃ ᠭᠡᠰᠢᠭ ᠡᠳᠦᠷ᠂ ᠤᠯᠠᠭᠠᠨ ᠤᠯᠠᠭᠴᠢᠨ ᠡᠳᠦᠷ ᠮᠠᠯ ᠵᠠᠷᠤᠬᠤ ᠶᠢ ᠤᠨᠴᠠ ᠴᠡᠭᠡᠷᠯᠡᠨ᠎ᠡ᠃ ᠮᠦᠨ ᠭᠡᠰᠢᠭ | ᠡᠳᠦᠷ ᠭᠠᠳᠠᠭᠰᠢ ᠶᠠᠭᠤᠮ᠎ᠠ ᠭᠠᠷᠭᠠᠬᠤ ᠪᠠ ᠨᠠᠷᠠ ᠪᠢᠳᠡᠬᠦᠦ᠂ ᠨᠠᠷᠠ ᠰᠢᠩᠭᠡᠭᠰᠡᠨ ᠠᠴᠠ ᠬᠤᠶᠢᠰᠢ ᠭᠡᠷ ᠠᠴᠠ | ᠶᠠᠭᠤᠮ᠎ᠠ ᠭᠠᠷᠭᠠᠬᠤ ᠶᠢ ᠴᠡᠭᠡᠷᠯᠡᠳᠡᠭ᠃ ᠨᠢᠯᠬ᠎ᠠ ᠬᠡᠦᠬᠡᠳ ᠲᠠᠢ ᠠᠶᠢᠯ ᠰᠦᠨᠢ ᠤᠷᠤᠢ ᠭᠡᠷ ᠲᠡᠭᠡᠨ ᠤᠯᠠᠭᠠᠨ | ᠢᠳᠡᠭᠡ ᠠᠪᠴᠤ ᠤᠷᠤᠬᠤ ᠦᠬᠡᠢ᠃ | ᠶᠠᠪᠤᠳᠠᠯ ᠮᠦᠷ ᠤᠨ ᠲᠤᠬᠠᠢ ᠴᠡᠭᠡᠷ ᠶᠤᠰᠤᠨ ᠴᠤ ᠴᠦᠬᠡᠨ ᠪᠤᠰᠤ ᠪᠠᠶᠢᠳᠠᠭ᠃ ᠮᠤᠷᠢ ᠶᠢ ᠡᠮᠡᠭᠡᠯᠯᠡᠭᠡᠳ | ᠤᠨᠤᠬᠤ ᠦᠬᠡᠢ ᠪᠤᠯ ᠰᠢᠭᠤᠳ ᠡᠮᠡᠬᠡᠯ ᠢ ᠠᠪᠬᠤ ᠠᠴᠠ ᠴᠡᠭᠡᠷᠯᠡᠨ᠎ᠡ᠃ ᠬᠠᠷᠢᠨ ᠶᠠᠪᠤᠬᠤ ᠴᠢᠬᠤᠯᠠ ᠦᠬᠡᠢ | ᠪᠤᠯᠤᠭᠰᠠᠨ ᠪᠤᠯ ᠡᠷᠭᠡᠪᠰᠢ ᠤᠨᠤᠵᠤ ᠮᠤᠷᠳᠠᠭᠠᠳ ᠨᠢᠬᠡ ᠴᠠᠭᠠᠷᠢᠭ ᠴᠤ ᠭᠡᠰᠡᠨ ᠶᠠᠪᠤᠵᠤ ᠢᠷᠡᠵᠦ ᠡᠮᠡᠬᠡᠯ ᠢ | ᠪᠠᠭᠤᠯᠭᠠᠨ᠎ᠠ᠃ ᠭᠠᠯ ᠳᠤ ᠲᠠᠪᠤᠰᠤ ᠬᠢᠪᠡᠯ ᠮᠠᠯ ᠤᠨ ᠨᠢᠳᠦ ᠰᠤᠬᠤᠷᠠᠨ᠎ᠠ᠂ ᠠᠷᠭᠠᠯ ᠤᠨ ᠰᠠᠪᠠ ᠲᠡᠭᠡᠷ᠎ᠡ ᠰᠠᠭᠤᠵᠤ | ᠪᠤᠯᠬᠤ ᠦᠬᠡᠢ᠂ ᠠᠷᠭᠠᠯ ᠪᠤᠯ ᠭᠠᠯ ᠤᠨ ᠰᠦᠭ᠂ ᠭᠠᠯ ᠤᠨ ᠬᠠᠶᠢᠴᠢ ᠪᠤᠶᠤ ᠦᠢᠯᠡ ᠶᠢᠨ ᠬᠠᠶᠢᠴᠢ ᠶᠢ ᠬᠠᠪᠰᠢᠬᠤ | ᠦᠬᠡᠢ ᠂ ᠠᠩᠭᠠᠶᠢᠯᠠᠭᠠᠵᠤ ᠲᠠᠯᠪᠢᠬᠤ ᠦᠬᠡᠢ᠂ ᠴᠢᠨ᠋ᠸ᠎ᠠ ᠶᠢᠨ ᠠᠮᠠ ᠰᠢᠷᠦᠬᠦᠰᠦᠨᠡ ᠭᠡᠳᠡᠭ᠃ ᠭᠠᠵᠠᠷ ᠤᠬᠤᠬᠤ᠂ | ᠮᠤᠳᠤ ᠤᠭᠳᠤᠯᠬᠤ᠂ ᠬᠤᠳᠳᠤᠭ ᠤᠰᠤ ᠪᠤᠵᠠᠷᠳᠠᠭᠤᠯᠬᠤ ᠶᠢ ᠴᠡᠭᠡᠷᠯᠡᠨ᠎ᠡ᠂ ᠭᠠᠵᠠᠷ ᠤᠨ ᠰᠤᠳᠠᠰᠤ ᠲᠠᠰᠤᠯᠵᠤ | ᠯᠤᠤᠰ ᠤᠨ ᠬᠤᠤᠷᠯᠠᠯ ᠠᠮᠰᠠᠨ᠎ᠠ ᠭᠡᠳᠡᠭ᠃ ᠭᠡᠪᠡᠴᠦ ᠬᠠᠩᠰᠢ ᠶᠢᠨ ᠡᠳᠦᠷ ᠪᠤᠯ ᠰᠢᠷᠤᠢ ᠬᠦᠨᠳᠡᠵᠦ ᠴᠡᠭᠡᠷ ᠲᠠᠯᠪᠢᠳᠠᠭ | ᠃ | ᠮᠠᠯᠠᠭᠠᠢ ᠪᠦᠰᠡ᠂ ᠨᠤᠭᠳᠤ ᠬᠠᠵᠠᠭᠠᠷ᠂ ᠤᠷᠭ᠎ᠠ ᠲᠠᠰᠢᠭᠤᠷ ᠤᠨ ᠲᠡᠭᠡᠬᠦᠷ ᠠᠯᠬᠤᠵᠤ ᠬᠢᠰᠬᠢᠬᠦ ᠦᠬᠡᠢ᠂ | ᠢᠯᠠᠩᠭᠤᠶ᠎ᠠ ᠡᠮᠡᠭᠳᠡᠢ ᠬᠦᠮᠦᠨ ᠠᠯᠬᠤᠵᠤ ᠭᠠᠷᠬᠤ ᠶᠢ ᠤᠨᠴᠠ ᠴᠡᠭᠡᠷᠯᠡᠬᠦ ᠪᠦᠬᠡᠳ ᠰᠠᠨᠠᠭᠠᠨ ᠳᠤ ᠦᠬᠡᠢ ᠭᠠᠷᠤᠭᠰᠠᠨ | ᠪᠤᠯ ᠭᠠᠯ ᠲᠡᠭᠡᠷ᠎ᠡ ᠠᠷᠢᠭᠤᠯᠠᠵᠤ ᠲᠤᠮᠨᠤᠨ᠎ᠠ᠃ ᠬᠦᠮᠦᠨ ᠤ ᠰᠡᠬᠦᠳᠡᠷ ᠲᠡᠭᠡᠷ᠎ᠡ ᠴᠤ ᠬᠢᠰᠬᠢᠬᠦ ᠦᠬᠡᠢ᠂ ᠰᠡᠬᠦᠳᠡᠷ ᠨᠢ | ᠰᠦᠨᠡᠰᠦ ᠪᠠᠨ ᠲᠠᠭᠠᠳᠠᠭ ᠬᠡᠨ᠎ᠡ᠃ ᠪᠢᠯᠡᠬᠦᠦ ᠶᠢ ᠭᠠᠷ ᠢᠶᠠᠷ ᠲᠠᠮᠵᠢᠭᠤᠯᠪᠠᠯ ᠦᠰ ᠲᠠᠢ ᠪᠤᠯᠤᠨ᠎ᠠ ᠭᠡᠳᠡᠭ᠂ | ᠰᠠᠨᠠᠮᠰᠠᠷ ᠦᠬᠡᠢ ᠭᠠᠷᠳᠠᠵᠤ ᠠᠪᠤᠭᠰᠠᠨ ᠪᠤᠯ ᠲᠠᠬᠢᠨ ᠭᠠᠵᠠᠷ ᠲᠤ ᠬᠠᠶᠠᠵᠤ ︽ᠲᠦᠢ︕︾ ᠬᠡᠮᠡᠨ ᠨᠤᠯᠮᠤᠭᠠᠳ | ᠠᠪᠳᠠᠭ ᠲᠤᠮ ᠪᠤᠢ᠃ ᠬᠦᠯ ᠤᠨ ᠤᠯᠠ ᠪᠠᠨ ᠨᠡᠶᠢᠯᠡᠬᠦᠯᠪᠡᠯ ᠪᠠᠰᠠ ᠦᠰ ᠵᠠᠩᠬᠢᠳᠤᠨ᠎ᠠ ᠬᠡᠵᠦ ᠴᠡᠭᠡᠷᠯᠡᠳᠡᠭ᠃ | ᠶᠠᠭᠤᠮ᠎ᠠ ᠤᠶᠤᠵᠤ ᠦᠯᠡᠳᠡᠭᠰᠡᠨ ᠤᠴᠢᠭ ᠢ ᠵᠠᠩᠬᠢᠳᠬᠤ ᠦᠬᠡᠢ᠂ ᠤᠶᠤᠳᠠᠯ ᠤᠵᠢᠭᠰᠢᠨᠠ ᠬᠡᠵᠦ᠂ ᠮᠦᠨ | ᠲᠠᠰᠢᠭᠤᠷ ᠤᠨ ᠦᠵᠦᠬᠦᠷ ᠢ ᠵᠠᠩᠬᠢᠳᠬᠤ ᠦᠬᠡᠢ᠂ ᠬᠠᠷ᠎ᠠ ᠲᠠᠰᠢᠭᠤᠷ ᠤᠨ ᠦᠵᠦᠬᠦᠷ ᠵᠠᠩᠬᠢᠯᠠᠭᠠᠰᠤ ᠲᠠᠢ ᠪᠠᠶᠢᠳᠠᠭ | ᠬᠡᠨ᠎ᠡ᠃ ᠶᠤᠳᠤᠷ ᠪᠠᠷᠢᠪᠠᠯ ᠲᠤᠩᠴᠤᠶᠢᠷᠠᠨᠠ ᠬᠡᠵᠦ ᠰᠢᠳᠠᠩᠬᠠᠢ ᠲᠦᠯᠡᠩᠬᠡᠢ ᠮᠤᠳᠤ ᠪᠠᠷ ᠮᠠᠯ ᠬᠦᠬᠡᠬᠡᠬᠦ ᠶᠢ ᠤᠨᠴᠠ | ᠴᠡᠭᠡᠷᠯᠡᠨ᠎ᠡ᠃ ᠲᠦᠯᠬᠢᠬᠦᠷ ᠢ ᠰᠢᠳᠡᠪᠡᠯ ᠬᠤᠭᠰᠢᠯ ᠴᠠᠶᠢᠨ᠎ᠠ ᠬᠡᠵᠦ᠂ ᠬᠤᠷᠤᠭᠤᠨ ᠳᠠᠭᠠᠨ ᠡᠷᠬᠢᠬᠦᠯᠳᠡᠪᠡᠯ ᠦᠷᠢ | ᠠᠯᠳᠠᠨ᠎ᠠ ᠬᠡᠮᠡᠨ ᠴᠡᠭᠡᠷᠯᠡᠬᠦ ᠪᠠ ᠦᠷᠬᠦᠯᠵᠢ ᠡᠷᠬᠢᠨᠡᠭ ᠤᠨ ᠲᠤᠯᠤᠭᠠᠢ ᠳᠤ ᠡᠯᠬᠦᠵᠦ ᠲᠠᠯᠪᠢᠬᠤ ᠵᠠᠩᠰᠢᠯ ᠲᠠᠢ᠃ ᠮᠠᠯ | ᠤᠨ ᠲᠠᠮᠠᠭ᠎ᠠ ᠶᠢ ᠭᠠᠵᠠᠷ ᠲᠤ ᠲᠠᠷᠤᠪᠠᠯ ᠮᠠᠯ ᠪᠠᠷᠠᠭᠳᠠᠨ᠎ᠠ ᠬᠡᠵᠦ ᠴᠡᠭᠡᠷᠯᠡᠳᠡᠭ᠃ ᠴᠢᠨ᠋ᠸ᠎ᠠ ᠶᠢᠨ ᠨᠡᠷ᠎ᠡ ᠪᠠᠷ ᠭᠡᠯᠡᠪᠡᠯ | ᠴᠢᠨ᠋ᠸ᠎ᠠ ᠶᠢᠨ ᠴᠢᠬᠢ ᠬᠠᠩᠬᠢᠨᠠᠨ᠎ᠠ ᠬᠡᠵᠦ᠂ ᠲᠡᠭᠷᠢ ᠶᠢᠨ ᠨᠤᠬᠠᠢ᠂ ᠬᠦᠳᠡᠭᠡ ᠶᠢᠨ ᠨᠤᠬᠠᠢ᠂ ᠪᠤᠤᠬᠠᠢ᠂ ᠬᠢᠯᠵᠢᠷ ᠰᠠᠷᠠᠯ᠂ | ᠭᠡᠴᠡᠬᠦᠦ ᠨᠡᠷᠡᠳᠦ ᠬᠡᠬᠦ ᠮᠡᠳᠦ ᠪᠠᠷ ᠴᠡᠭᠡᠷᠯᠡᠨ ᠨᠡᠷᠡᠯᠡᠳᠡᠭ᠃ | ᠪᠡᠯᠬᠡ ᠲᠡᠮᠪᠡᠷᠢᠯ ᠦᠬᠡᠢ ᠤᠴᠢᠷ᠂ ᠴᠡᠭᠡᠷ ᠠᠯᠳᠠᠭᠰᠠᠨ ᠤᠴᠢᠷ ᠡᠬᠦᠰᠬᠦ ᠪᠤᠶᠤ ᠡᠪᠡᠳᠴᠢᠨ ᠡᠮᠭᠡᠭ ᠲᠤ | ᠨᠡᠷᠪᠡᠭᠳᠡᠪᠡᠯ ᠲᠤᠮ ᠬᠢᠳᠡᠭ ᠵᠠᠩᠰᠢᠯ ᠪᠤᠢ᠃ ᠤᠯᠠᠨ ᠤ ᠮᠡᠳᠡᠭᠡᠵᠢ ᠪᠠᠷ ᠬᠡᠦᠬᠡᠳ ᠨᠠᠶᠢᠳᠠᠭᠠᠪᠠᠯ ︽ᠪᠤᠷᠬᠠᠨ | ᠦᠷᠦᠰᠢᠶᠡ︾᠂ ︽ᠳ᠋ᠠᠷ᠎ᠠ ᠡᠬᠡ ᠦᠷᠦᠰᠢᠶᠡ︾ ᠬᠡᠳᠡᠭ ᠨᠢ ᠲᠠᠭᠰᠢᠭᠤᠷ ᠬᠦᠷᠬᠦ ᠠᠴᠠ ᠵᠠᠶᠢᠯᠠᠭᠤᠯᠬᠤ ᠭᠡᠰᠡᠨ ᠲᠤᠮ | ᠤᠨ ᠰᠢᠨᠵᠢ ᠲᠠᠢ ᠦᠬᠡ ᠪᠤᠯᠤᠨ᠎ᠠ᠃ ᠴᠢᠬᠢ ᠬᠠᠩᠬᠢᠨᠠᠬᠤ ᠶᠢ ᠪᠡᠯᠭᠡᠰᠢᠶᠡᠵᠦ ︽ᠮᠢᠨᠦ ᠠᠯᠢ ᠴᠢᠬᠢ ᠬᠠᠩᠬᠢᠨᠠᠪᠠ︖ | ︾ ᠬᠡᠮᠡᠨ ᠠᠰᠠᠭᠤᠬᠤ ᠳᠤ ᠬᠠᠷᠢᠭᠤ ᠳᠤᠨᠢ ︽ᠪᠠᠷᠠᠭᠤᠨ ᠴᠢᠬᠢ︾ ᠬᠡᠵᠦ ᠬᠡᠯᠡᠨ᠎ᠡ᠃ ᠡᠨᠡ ᠪᠤᠯ ᠮᠦᠨ ᠲᠤᠮ | ᠪᠤᠯᠤᠨ᠎ᠠ᠃ ᠤᠴᠢᠷ ᠨᠢ ᠪᠠᠷᠠᠭᠤᠨ ᠴᠢᠬᠢ ᠬᠠᠩᠭᠢᠨᠠᠪᠠᠯ ᠲᠦᠷᠦᠯ ᠰᠠᠳᠤᠨ ᠲᠤᠷᠠᠰᠴᠤ ᠪᠠᠶᠢᠨ᠎ᠠ ᠬᠡᠵᠦ᠂ ᠵᠡᠬᠦᠨ ᠴᠢᠬᠢ | ᠬᠠᠩᠬᠢᠨᠠᠪᠠᠯ ᠮᠠᠭᠤ ᠴᠢᠮᠡᠭᠡ ᠲᠤᠭᠤᠯᠳᠠᠨ᠎ᠠ ᠭᠡᠳᠡᠭ᠃ ᠨᠢᠳᠦ ᠲᠠᠳᠠᠪᠠᠯ ᠮᠠᠭᠤ ᠢᠷᠸ᠎ᠠ ᠬᠡᠵᠦ ᠠᠨᠢᠰᠬ᠎ᠠ ᠲᠡᠭᠡᠷ᠎ᠡ | ᠴᠠᠭᠠᠨ ᠡᠪᠡᠰᠦ ᠨᠠᠭᠠᠵᠤ ᠲᠤᠮᠨᠤᠨ᠎ᠠ᠃ ᠬᠡᠦᠭᠡᠳ ᠶᠡᠭᠡ ᠠᠶᠤᠵᠤ ᠰᠤᠴᠢᠪᠠᠯ ᠰᠦᠨᠡᠰᠦ ᠨᠢ ᠵᠠᠶᠢᠯᠠᠴᠢᠬᠠᠨ᠎ᠠ ᠬᠡᠵᠦ | ᠮᠠᠯᠠᠭᠠᠢ ᠶᠢ ᠨᠢ ᠪᠤᠷᠤᠭᠤ ᠬᠠᠷᠠᠭᠤᠯᠵᠤ ᠡᠮᠦᠰᠭᠡᠨ᠂ ᠬᠡᠦᠭᠡᠳ ᠢᠶᠠᠨ ᠡᠷᠬᠦᠵᠦ ︽ ᠬᠤᠷᠤᠢ︕ ᠬᠤᠷᠤᠢ︕︾ | ᠬᠡᠮᠡᠨ ᠬᠤᠷᠤᠶᠢᠯᠠᠵᠤ ᠪᠠᠷᠠᠭᠠᠳ ᠰᠢᠬᠡᠯᠬᠡᠨᠡ᠃ ᠬᠡᠦᠭᠡᠳ ᠤᠷᠤᠭ᠎ᠠ ᠠᠶᠢᠯ ᠤᠨ ᠪᠦᠰᠡᠬᠦᠢ ᠤᠯᠠᠨ ᠬᠡᠦᠬᠡᠳ ᠲᠠᠢ | ᠬᠦᠮᠦᠨ ᠤ ᠬᠠᠭᠤᠴᠢᠨ ᠲᠡᠪᠡᠯ ᠤᠨ ᠡᠩᠬᠡᠷ ᠬᠤᠷᠮᠤᠢ ᠶᠢ ᠠᠪᠴᠤ ᠬᠠᠳᠠᠭᠠᠯᠠᠬᠤ ᠪᠠ ᠤᠯᠠᠨ ᠬᠡᠦᠭᠡᠳ ᠲᠠᠢ ᠠᠶᠢᠯ | ᠤᠨ ᠮᠠᠨᠴᠤᠢ ᠶᠢ ᠵᠢᠬᠡᠯᠡᠵᠦ ᠲᠦᠷᠦᠭᠰᠡᠨ ᠬᠡᠦᠭᠡᠳ ᠢᠶᠠᠨ ᠮᠠᠨᠴᠤᠶᠢᠯᠠᠬᠤ᠂ ᠬᠠᠷᠢ ᠤᠭᠰᠠᠭᠠᠨ ᠤ ᠬᠦᠮᠦᠨ ᠤ ᠲᠡᠪᠡᠯ | ᠬᠤᠪᠴᠠᠰᠤᠨ ᠳᠤ ᠪᠤᠭᠤᠬᠤ᠂ ᠬᠠᠭᠤᠷᠠᠢ ᠡᠴᠢᠭᠡ ᠲᠠᠨᠢᠭᠤᠯᠬᠤ᠂ ᠨᠢᠯᠬ᠎ᠠ ᠳᠤᠨᠢ ᠠᠶᠢᠯ ᠳᠤ ᠤᠷᠤᠭᠤᠯᠬᠤ᠂ ᠴᠢᠨ᠋ᠸ᠎ᠠ | ᠶᠢᠨ ᠠᠷᠠᠰᠤ ᠨᠦᠮᠦᠷᠢᠬᠦᠯᠬᠦ᠂ ᠲᠤᠭᠤᠭᠠᠨ ᠳᠤ ᠬᠦᠮᠦᠷᠢᠬᠦ᠂ ᠪᠠᠭᠤᠮᠠᠯ ᠵᠡᠬᠦᠯᠬᠡᠬᠦ᠂ ᠮᠦᠩᠬᠦᠨ ᠤᠨᠢᠰᠤ ᠪᠠᠷ | ᠤᠨᠢᠰᠤᠯᠠᠬᠤ ᠵᠡᠷᠭᠡ ᠤᠯᠠᠨ ᠲᠤᠮ ᠬᠢᠳᠡᠭ ᠪᠠᠶᠢᠨ᠎ᠠ᠃ ᠬᠡᠦᠭᠡᠳ ᠢ ᠤᠷᠤᠢ ᠪᠦᠷᠦᠢ ᠭᠡᠷ ᠠᠴᠠ ᠭᠠᠷᠭᠠᠬᠤ | ᠴᠢᠬᠤᠯᠠᠳᠠᠢ ᠪᠤᠯ ᠬᠠᠮᠠᠷ ᠪᠤᠶᠤ ᠮᠠᠩᠨᠠᠢ ᠲᠡᠭᠡᠷ᠎ᠡ ᠨᠢ ᠬᠦ᠋ ᠲᠦᠷᠬᠢᠵᠦ ︽ᠭᠤᠷᠪᠠᠨ ᠨᠢᠳᠦᠳᠡᠢ︾ ᠪᠤᠯᠭᠠᠨ ᠠᠪᠴᠤ | ᠭᠠᠷᠤᠨ᠎ᠠ᠃ ᠢᠩᠬᠢᠪᠡᠯ ᠮᠠᠭᠤ ᠶᠠᠭᠤᠮ᠎ᠠ ᠠᠶᠤᠵᠤ ᠬᠠᠯᠳᠠᠬᠤ ᠦᠬᠡᠢ ᠭᠡᠳᠡᠭ᠃ ᠬᠡᠦᠭᠡᠳ ᠶᠡᠭᠡ ᠬᠠᠯᠠᠭᠤᠷᠠᠪᠠᠯ ︽ | ᠤᠰᠤ ᠡᠷᠬᠢᠬᠦᠯᠬᠦ︾ ᠲᠤᠮ ᠬᠢᠨ᠎ᠡ᠃ ᠲᠤᠬᠠᠶᠢᠯᠠᠪᠠᠯ᠂ ᠭᠤᠯᠢᠷ ᠵᠤᠯᠠ ᠪᠠᠷᠢᠭᠠᠳ ᠲᠡᠬᠦᠨ ᠢᠶᠠᠨ ᠬᠤᠷᠤᠭᠤᠨ ᠳᠠᠭᠠᠨ | ᠬᠠᠪᠴᠢᠵᠤ᠂ ᠠᠶᠠᠭ᠎ᠠ ᠲᠠᠢ ᠤᠰᠤ ᠶᠢ ᠵᠤᠯᠠ ᠲᠠᠢ ᠭᠠᠷ ᠢᠶᠠᠷ ᠢᠶᠠᠨ ᠬᠤᠷᠤᠭᠤ ᠦᠩᠬᠡᠶᠢᠯᠬᠡᠨ ᠪᠠᠷᠢᠭᠠᠳ ᠪᠤᠷᠤᠭᠤ | ᠪᠠᠷ ᠭᠡᠳᠦ ᠡᠷᠬᠢᠬᠦᠯᠦᠭᠰᠡᠨ ᠤ ᠲᠠᠷᠠᠭ᠎ᠠ᠂ ᠵᠤᠯᠠ ᠪᠠᠨ ᠤᠰᠤᠨ ᠳᠠᠭᠠᠨ ᠬᠢᠵᠦ᠂ ᠡᠬᠦᠳᠡᠨ ᠤ ᠪᠤᠷᠤᠭᠤ ᠲᠠᠯ᠎ᠠ ᠪᠠᠷ | ᠪᠤᠶᠤ ᠵᠡᠬᠦᠨ ᠬᠤᠶᠢᠰᠢ ᠰᠠᠴᠤᠨ᠎ᠠ᠃ ᠮᠦᠨ ᠬᠠᠷ᠎ᠠ ᠲᠤᠭᠤᠯᠭ᠎ᠠ ᠶᠢ ᠬᠠᠶᠢᠯᠤᠭᠤᠯᠵᠤ ᠬᠦᠢᠳᠡᠨ ᠤᠰᠤᠨ ᠳᠤ | ᠴᠢᠳᠬᠤᠭᠠᠳ ᠪᠦᠳᠦᠭᠰᠡᠨ ᠲᠦᠷᠰᠦ ᠶᠢ ᠨᠢ ᠵᠡᠬᠦᠯᠬᠡᠨᠡ᠃ ᠬᠡᠦᠭᠡᠳ ᠠᠮᠠᠨ ᠤ ᠠᠯᠪᠠ ᠪᠠᠨ ᠪᠠᠷᠢᠪᠠᠯ ᠴᠢᠨ᠋ᠸ᠎ᠠ ᠶᠢᠨ | ᠬᠡᠯᠡ ᠶᠢ ᠬᠡᠦᠭᠡᠳ ᠤᠨ ᠬᠡᠯᠡ ᠠᠮᠠᠨ ᠳᠤᠨᠢ ᠬᠦᠷᠭᠡᠵᠦ᠂ ︽ ᠠᠮᠠᠨ ᠤ ᠠᠯᠪᠠ ᠬᠡᠵᠢᠶ᠎ᠡ ᠪᠠᠷᠢᠳᠠᠭ ᠪᠢᠯᠡ᠂ ᠴᠢᠨ᠋ᠸ᠎ᠠ | ᠶᠢᠨ ᠬᠡᠯᠡ ᠪᠠᠷ ᠬᠡᠵᠢᠶ᠎ᠡ ᠲᠤᠮᠨᠤᠭᠤᠯᠳᠠᠭ ᠪᠢᠯᠡ᠂ ᠡᠮ ᠲᠤᠮ᠂ ᠡᠮ ᠲᠤᠮ︾ ᠬᠡᠮᠡᠨ ᠲᠤᠮᠨᠤᠵᠤ᠂ ᠠᠮᠠᠨ ᠲᠡᠭᠡᠷ᠎ᠡ | ᠨᠢ ᠠᠮᠠᠭᠠᠢ ᠭᠠᠷᠪᠠᠯ ᠴᠢᠳᠬᠦᠷ ᠲᠤᠯᠢᠶᠠᠵᠠᠢ ᠬᠡᠵᠦ᠂ ᠨᠠᠭᠠᠴᠤ ᠶᠢᠨ ᠮᠤᠷᠢᠨ ᠤ ᠬᠠᠯᠠᠭᠤᠨ ᠬᠠᠵᠠᠭᠠᠷ ᠢ ᠲᠤᠳᠤᠭᠤ | ᠪᠠᠷ ᠤᠷᠤᠭᠤᠯᠤᠭᠠᠳ᠂ ︽ᠠᠮᠠᠭᠠᠢ ᠬᠡᠵᠢᠶ᠎ᠡ ᠭᠠᠷᠳᠠᠭ ᠪᠢᠯᠡ ᠂ ᠠᠮᠠᠭᠠᠢ ᠪᠠᠷ ᠬᠡᠵᠢᠶ᠎ᠡ ᠲᠤᠮᠨᠤᠭᠤᠯᠳᠠᠭ ᠪᠢᠯᠡ᠂ ᠡᠮ | ᠲᠤᠮ᠂ ᠡᠮ ᠲᠤᠮ︾ ᠬᠡᠮᠡᠨ ᠲᠤᠮᠨᠤᠵᠤ᠂ ᠬᠦᠷᠪᠡᠰᠢ ᠭᠠᠷᠪᠠᠯ ᠬᠦ᠋ ᠲᠠᠢ ᠲᠤᠤᠵᠤ ᠪᠠᠷ ᠭᠠᠷᠤᠭᠰᠠᠨ ᠭᠠᠵᠠᠷ ᠢ ᠨᠢ | ᠱᠦᠬᠦᠷᠳᠡᠵᠦ ︽ᠬᠦᠷᠪᠡᠰᠢ ᠬᠡᠵᠢᠶ᠎ᠡ ᠭᠠᠷᠳᠠᠭ ᠪᠢᠯᠡ᠂ ᠬᠦ᠋ ᠲᠠᠢ ᠲᠤᠤᠵᠤ ᠪᠠᠷ ᠬᠡᠵᠢᠶ᠎ᠡ ᠲᠤᠮᠨᠤᠭᠤᠯᠳᠠᠭ ᠪᠢᠯᠡ᠂ | ᠡᠮ ᠲᠤᠮ᠂ ᠡᠮ ᠲᠤᠮ︾ ᠬᠡᠮᠡᠨ ᠲᠤᠮᠨᠤᠳᠠᠭ᠃ ᠡᠮ ᠤᠨ ᠴᠠᠭᠠᠰᠤ ᠶᠢ ᠭᠠᠯ ᠳᠤ ᠬᠢᠬᠦ ᠦᠬᠡᠢ᠂ ᠲᠦᠷᠪᠡ | ᠨᠤᠭᠤᠯᠵᠤ ᠭᠡᠰᠡᠭᠯᠡᠨ ᠤᠷᠠᠭᠠᠳ ︽ ᠡᠨᠡ ᠴᠠᠭᠠᠰᠤ ᠡᠷᠪᠡᠬᠡᠢ ᠪᠤᠯ᠂ ᠡᠨᠡ ᠡᠪᠡᠳᠴᠢᠨ ᠴᠢᠳᠬᠦᠷ ᠪᠤᠯ︾ ᠭᠡᠵᠦ | ᠠᠮᠠᠨ ᠳᠠᠭᠠᠨ ᠤᠩᠰᠢᠬᠤ ᠪᠤᠶᠤ ︽ᠡᠪᠡᠳᠴᠢᠨ ᠢᠶᠠᠨ ᠠᠪᠤᠭᠠᠳ ᠬᠤᠯᠠ ᠶᠠᠪᠤ︾ ᠬᠡᠮᠡᠨ ᠲᠠᠭᠠᠳᠬᠠᠵᠤ᠂ | ᠴᠤᠩᠬᠤ ᠪᠠᠷ ᠢᠶᠠᠨ ᠪᠤᠶᠤ ᠭᠠᠳᠠᠨ᠎ᠠ ᠠᠪᠠᠴᠢᠵᠤ ᠰᠠᠯᠬᠢᠨ ᠳᠤ ᠬᠡᠶᠢᠰᠬᠡᠵᠦ ᠶᠠᠪᠤᠭᠤᠯᠳᠠᠭ᠃ ᠭᠡᠷ ᠲᠤ ᠮᠠᠭᠤ | ᠶᠠᠭᠤᠮ᠎ᠠ ᠤᠷᠤᠬᠤ ᠠᠴᠠ ᠰᠡᠷᠭᠡᠶᠢᠯᠡᠵᠦ᠂ ᠬᠤᠨᠢᠨ ᠪᠤᠭᠳᠤᠰ ᠤᠨ ᠶᠠᠰᠤ ᠶᠢ ᠲᠦᠷᠦᠯᠡᠬᠡᠳ᠂ ᠵᠡᠬᠦᠨ ᠬᠠᠭᠠᠯᠭᠠᠨ ᠤ | ᠠᠷᠤ ᠳᠤ ᠬᠠᠨ᠎ᠠ ᠠᠴᠠ ᠡᠯᠬᠦᠵᠦ᠂ ᠡᠬᠦᠨ ᠢᠶᠠᠨ ᠮᠠᠨᠠᠭ᠎ᠠ ᠮᠠᠨᠠᠭᠤᠯᠵᠤ ᠪᠠᠶᠢᠨ᠎ᠠ ᠭᠡᠳᠡᠭ᠃ ᠬᠡᠦᠭᠡᠳ ᠪᠤᠱᠤᠭ᠎ᠠ ᠳᠤ | ᠲᠤᠳᠤᠭᠰᠢ ᠪᠦᠳᠦᠷᠢᠵᠦ ᠤᠨᠠᠪᠠᠯ ᠤᠯᠵᠠ ᠤᠷᠤᠨ᠎ᠠ ᠭᠡᠮᠡᠨ ᠪᠡᠯᠬᠡᠰᠢᠶᠡᠵᠦ᠂ ᠭᠠᠳᠠᠭᠰᠢ ᠪᠦᠳᠦᠷᠢᠵᠦ ᠤᠨᠠᠪᠠᠯ | ᠭᠠᠷᠤᠵᠠ ᠭᠠᠷᠤᠨ᠎ᠠ ᠬᠡᠮᠡᠨ ᠪᠤᠴᠠᠨ ᠤᠷᠤᠵᠤ ᠭᠠᠯ ᠳᠤ ᠬᠤᠮᠤᠯ ᠬᠢᠵᠦ ᠲᠤᠮ ᠬᠢᠳᠡᠭ᠃ ᠮᠠᠯ ᠬᠦᠳᠡᠭᠡ ᠬᠤᠨᠤᠬᠤ | ᠪᠤᠶᠤ ᠴᠢᠨ᠋ᠸ᠎ᠠ ᠶᠢᠨ ᠬᠦᠯ ᠰᠢᠷᠦᠬᠦᠨ ᠦᠶ᠎ᠡ ᠳᠤ ᠮᠠᠯ ᠢ ᠴᠢᠨ᠋ᠸ᠎ᠠ ᠳᠤ ᠪᠠᠷᠢᠭᠳᠠᠬᠤ ᠠᠴᠠ ᠰᠡᠷᠭᠡᠶᠢᠯᠡᠨ᠂ ︽ᠴᠢᠨ᠋ᠸ᠎ᠠ | ᠶᠢᠨ ᠠᠮᠠ ᠶᠢ ᠪᠤᠭᠤᠵᠤ ᠪᠠᠶᠢᠨ᠎ᠠ︾ ᠬᠡᠮᠡᠨ ᠦᠢᠯᠡ ᠶᠢᠨ ᠬᠠᠶᠢᠴᠢ ᠶᠢ ᠲᠡᠮᠡᠭᠡᠨ ᠤᠳᠠᠰᠤ ᠪᠠᠷ ᠤᠷᠢᠶᠠᠵᠤ᠂ | ᠪᠠᠷᠠᠭᠤᠨ ᠬᠠᠭᠠᠯᠭᠠᠨ ᠤ ᠠᠷᠤ ᠳᠤ ᠡᠯᠬᠦᠨ ᠲᠤᠮ ᠬᠢᠨ᠎ᠡ᠃ ᠵᠠᠷᠤᠭᠰᠠᠨ ᠮᠠᠯ ᠭᠡᠭᠡᠯ ᠲᠠᠢ ᠪᠤᠯ ᠭᠡᠬᠡᠯ ᠢ ᠨᠢ ᠡᠷᠭᠡᠪᠰᠢ | ᠭᠠᠷᠭᠠᠬᠤ ᠪᠦᠬᠡᠳ ᠰᠠᠪᠠ ᠶᠢ ᠨᠢ ᠵᠦᠰᠦᠵᠦ ᠨᠡᠬᠡᠬᠡᠬᠦ ᠦᠶᠡᠰ ᠲᠡᠭᠡᠷ᠎ᠡ ᠨᠢ ᠴᠠᠭᠠᠨ ᠡᠪᠡᠰᠦ ᠬᠦᠨᠳᠡᠯᠡᠨ ᠲᠠᠯᠪᠢᠵᠤ ︽ | ᠴᠢᠮᠠᠢᠢ ᠤᠭᠳᠤᠯᠵᠤ ᠪᠠᠶᠢᠬᠤ ᠪᠢᠰᠢ᠂ ᠴᠠᠭᠠᠨ ᠡᠪᠡᠰᠦ ᠶᠢ ᠤᠭᠳᠤᠯᠵᠤ ᠪᠠᠶᠢᠨ᠎ᠠ︾ ᠭᠡᠵᠦ ᠲᠤᠮ ᠬᠢᠳᠡᠭ᠃ ᠵᠠᠷᠢᠮ | ᠦᠶᠡᠰ ᠬᠤᠨᠢᠨ ᠤ ᠦᠷᠦᠴᠡ ᠶᠢ ᠨᠡᠬᠡᠬᠡᠬᠦ ᠳᠡᠭᠡᠨ ᠴᠤ ᠢᠩᠬᠢᠵᠦ ᠦᠢᠯᠡᠳᠦᠳᠡᠭ ᠪᠠᠶᠢᠭᠰᠠᠨ᠃ ᠭᠡᠭᠡᠷ᠎ᠡ ᠭᠠᠳᠠᠨ᠎ᠠ | ᠢᠳᠡᠵᠦ ᠤᠤᠭᠤᠬᠤ ᠳᠠᠭᠠᠨ ᠲᠡᠨᠦᠬᠦᠯ ᠰᠦᠨᠡᠰᠦ ᠤᠳ ᠭᠤᠷᠢᠳᠠᠨᠠ ᠬᠡᠵᠦ ᠴᠠᠢ ᠬᠤᠭᠤᠯᠠ ᠠᠴᠠ ᠪᠠᠨ ᠰᠠᠴᠤᠨ᠎ᠠ᠃ | ᠤᠳᠤ ᠰᠤᠪᠤᠷᠠᠬᠤ ᠶᠢ ᠤᠯᠵᠤ ᠦᠵᠡᠪᠡᠯ ︽ᠲᠡᠭᠷᠢ ᠶᠢᠨ ᠤᠳᠤ ᠰᠤᠪᠤᠷᠠᠭᠰᠠᠨ ᠠᠴᠠ ᠪᠢᠰᠢ᠂ ᠮᠢᠨᠦ ᠤᠳᠤ | ᠰᠤᠪᠤᠷᠠᠭᠰᠠᠨ ᠦᠬᠡᠢ᠂ ᠲᠦᠢ︕ ᠲᠦᠢ︕︾ ᠬᠡᠵᠦ ᠨᠤᠯᠮᠤᠨ᠎ᠠ᠃ ᠬᠡᠷᠢᠶ᠎ᠡ ᠤᠭᠤᠯᠢ ᠲᠤᠤᠭᠠᠷᠬᠤ ᠶᠢ ᠮᠠᠭᠤ | ᠢᠷᠸ᠎ᠠ ᠬᠡᠮᠡᠨ ᠰᠡᠵᠢᠭᠯᠡᠵᠦ᠂ ᠬᠡᠷᠢᠶ᠎ᠡ ᠲᠤᠤᠭᠠᠷᠪᠠᠯ ︽ᠮᠠᠭᠤ ᠬᠡᠯᠡ ᠪᠠᠨ ᠴᠠᠰᠢ ᠪᠠᠨ᠂ ᠰᠠᠶᠢᠨ ᠬᠡᠯᠡ ᠪᠠᠨ ᠨᠠᠰᠢ | ᠪᠠᠨ︾ ᠬᠡᠵᠦ᠂ ᠤᠭᠤᠯᠢ ᠬᠤᠳᠠ ᠬᠤᠷᠤᠭᠠᠨ ᠤ ᠤᠶᠢᠷ᠎ᠠ ᠲᠤᠤᠭᠠᠷᠪᠠᠯ ︽ᠤᠬᠤᠨ᠎ᠠ ᠶᠢᠨ ᠲᠤᠯᠤᠮ ᠳᠤ ᠤᠰᠤ | ᠠᠪᠤᠭᠠᠳ ᠢᠷ᠎ᠡ᠂ ᠤᠭᠤᠯᠢ ᠶᠢᠨ ᠮᠢᠬ᠎ᠠ ᠶᠢ ᠴᠢᠨᠠᠵᠤ ᠢᠳᠡᠶ᠎ᠡ︾ ᠬᠡᠵᠦ ᠬᠡᠯᠡᠬᠡᠳ᠂ ᠦᠨᠡᠰᠦ ᠰᠠᠴᠤᠵᠤ ᠲᠤᠮ | ᠬᠢᠳᠡᠭ ᠪᠠᠶᠢᠨ᠎ᠠ᠃ | ᠲᠠᠶᠢᠹᠤᠰᠧ ᠨᠤᠳᠤᠭ ᠤᠨ ᠪᠡᠯᠭᠡᠰᠢᠶᠡᠬᠦ ᠵᠠᠩᠰᠢᠯ ᠪᠠ ᠴᠡᠭᠡᠷ ᠲᠤᠮ ᠤᠨ ᠶᠤᠰᠤᠨ ᠢ ᠲᠦᠬᠦᠮ ᠦᠬᠦᠯᠡᠪᠡᠯ | ᠶᠡᠷᠦᠩᠬᠡᠢ ᠳᠡᠭᠡᠨ ᠡᠶᠢᠮᠦᠷᠬᠦ ᠪᠠᠶᠢᠳᠠᠭ ᠪᠤᠯᠪᠠᠴᠤ᠂ ᠭᠠᠵᠠᠷ ᠪᠦᠷᠢ ᠠᠴᠠ ᠴᠤᠭᠯᠠᠷᠠᠭᠰᠠᠨ ᠤᠯᠠᠨ ᠤᠪᠤᠭ ᠠᠶᠢᠮᠠᠭ | ᠤᠨ ᠬᠦᠮᠦᠰ ᠪᠠᠶᠢᠳᠠᠭ ᠲᠤᠯᠠ ᠵᠠᠷᠢᠮ ᠲᠠᠯ᠎ᠠ ᠪᠠᠷ ᠪᠠᠰᠠ ᠵᠦᠷᠢᠶ᠎ᠡ ᠲᠠᠢ ᠭᠠᠵᠠᠷ ᠪᠠᠶᠢᠳᠠᠭ ᠶᠤᠮ᠃ |