ᠤᠯᠠᠮᠵᠢᠯᠠᠯᠳᠤ ᠨᠠᠭᠠᠳᠤᠮ ᠲᠤᠭᠯᠠᠭᠠᠮ — ︽ᠬᠤᠷᠢᠨ ᠲᠦᠷᠪᠡ︾
ᠨᠡᠶᠢᠲᠡᠯᠡᠭᠰᠡᠨ ᠴᠠᠭ᠄
2020/11/18
 ᠲᠠᠶᠢᠹᠤᠰᠧ ᠳᠤ  ᠪᠠᠰᠠ ᠪᠤᠭᠤ ᠨᠤᠬᠠᠢ ᠶᠢᠨ ᠲᠤᠭᠯᠠᠭᠠᠮ ᠭᠡᠳᠡᠭ᠃  ᠡᠨᠡ ᠲᠤᠭᠯᠠᠭᠠᠮ ᠢ 2 ᠪᠤᠭᠤ᠂ 22 ᠬᠦᠯᠦᠬᠡ᠂ ᠨᠡᠶᠢᠳᠡ 24 ᠱᠠᠭ᠎ᠠ ᠪᠠᠷ ᠲᠤᠭᠯᠠᠳᠠᠭ ᠪᠤᠯᠬᠤᠷ ︽ᠬᠤᠷᠢᠨ ᠲᠦᠷᠪᠡ︾  ᠬᠡᠵᠦ  ᠨᠡᠷᠡᠯᠡᠵᠡᠢ  ᠃  ᠡᠨᠡ  ᠲᠤᠭᠯᠠᠭᠠᠮ ᠢ  ᠬᠦᠭᠰᠢᠨ ᠵᠠᠯᠠᠭᠤ ᠢᠯᠭᠠᠯ ᠦᠬᠡᠢ ᠬᠤᠶᠠᠷ ᠬᠦᠮᠦᠨ ᠯᠠ ᠪᠤᠯ ᠨᠠᠭᠠᠳᠴᠤ  ᠪᠤᠯᠬᠤ ᠪᠦᠬᠡᠳ ᠱᠠᠭ᠎ᠠ ᠤᠯᠳᠠᠬᠤ ᠦᠬᠡᠢ ᠪᠤᠯ ᠮᠤᠳᠤ ᠴᠢᠯᠠᠭᠤ ᠪᠠᠷ ᠤᠷᠤᠯᠠᠭᠤᠯᠵᠤ᠂  ᠬᠠᠮᠢᠭ᠎ᠠ ᠭᠠᠵᠠᠷ  ᠎ ᠲᠤ ᠬᠦᠯᠬᠡ ᠵᠢᠷᠤᠭᠠᠳ ᠨᠠᠭᠠᠳᠤᠭᠰᠠᠨ ᠴᠤ ᠪᠤᠯᠳᠠᠭ᠃ ᠬᠦᠯᠬᠡ ᠶᠢᠨ ᠬᠤᠶᠠᠷ  ᠱᠤᠭᠤᠮ ᠤᠭᠳᠤᠯᠤᠯᠴᠠᠭᠰᠠᠨ ᠭᠠᠵᠠᠷ ᠢ ᠲᠦᠷᠪᠡ ᠶᠢᠨ ᠰᠠᠭᠤᠳᠠᠯ᠂   ᠲᠦᠷᠪᠡᠨ ᠱᠤᠭᠤᠮ ᠤᠭᠳᠤᠯᠤᠯᠴᠠᠭᠰᠠᠨ ᠭᠠᠵᠠᠷ ᠢ ᠨᠠᠢᠮᠠ ᠶᠢᠨ ᠰᠠᠭᠤᠳᠠᠯ  ᠬᠡᠨ᠎ᠡ᠃ ᠪᠤᠭᠤ ᠪᠠᠷᠢᠭᠴᠢ ᠨᠢ ᠬᠤᠶᠠᠷ ᠪᠤᠭᠤ ᠪᠠᠨ ᠪᠦᠬᠡᠷ᠎ᠡ ᠶᠢᠨ ᠰᠠᠭᠤᠳᠠᠯ ᠳᠤ ᠲᠠᠯᠪᠢᠵᠤ᠂ ᠬᠦᠯᠦᠬᠡ ᠪᠠᠷᠢᠭᠴᠢ ᠨᠢ ᠲᠦᠷᠪᠡ ᠶᠢᠨ ᠰᠠᠭᠤᠳᠠᠯ ᠬᠢᠭᠡᠳ ᠨᠠᠢᠮᠠ ᠶᠢᠨ ᠰᠠᠭᠤᠳᠠᠯ  ᠎ ᠳᠤ ᠲᠤᠰ ᠲᠤᠰ ᠨᠠᠢᠮᠠᠨ ᠬᠦᠯᠦᠬᠡ ᠦᠷᠦᠭᠡᠳ᠂ ᠦᠯᠡᠳᠡᠭᠰᠡᠨ ᠠᠷᠪᠠᠨ ᠲᠦᠷᠪᠡᠨ ᠬᠦᠯᠦᠬᠡ ᠪᠠᠨ ᠭᠠᠷ ᠲᠠᠭᠠᠨ ᠠᠪᠤᠨ᠎ᠠ᠃ ᠪᠤᠭᠤ ᠶᠢ ᠱᠠᠭ᠎ᠠ ᠶᠢᠨ ᠮᠤᠷᠢ ᠪᠤᠶᠤ ᠲᠡᠮᠡᠭᠡ ᠲᠠᠯ᠎ᠠ ᠪᠠᠷ ᠪᠤᠰᠬᠠᠨ ᠲᠠᠯᠪᠢᠵᠤ᠂  ᠬᠦᠯᠦᠬᠡ ᠶᠢ ᠬᠤᠨᠢ ᠢᠮᠠᠭ᠎ᠠ ᠲᠠᠯ᠎ᠠ ᠪᠠᠷ ᠲᠠᠯᠪᠢᠳᠠᠭ᠃ ᠡᠬᠢᠯᠡᠵᠦ ᠨᠠᠭᠠᠳᠬᠤ ᠳᠤ ᠪᠤᠭᠤ ᠠᠯᠢ ᠨᠢᠬᠡᠨ ᠰᠠᠭᠤᠳᠠᠯ ᠤᠨ ᠬᠦᠯᠦᠬᠡ ᠶᠢ ᠬᠠᠷᠠᠶᠢᠵᠤ ᠭᠠᠷᠤᠭᠠᠳ ᠴᠠᠭᠠᠳᠤᠬᠢ ᠰᠠᠭᠤᠳᠠᠯ ᠳᠤ ᠰᠠᠭᠤᠵᠤ᠂ ᠬᠠᠷᠠᠶᠢᠵᠤ ᠭᠠᠷᠤᠭᠰᠠᠨ ᠬᠦᠯᠦᠬᠡ ᠨᠢᠬᠡ ᠶᠢ ᠠᠪᠤᠨ᠎ᠠ᠂ ᠡᠬᠦᠨ ᠢ ᠢᠳᠡᠬᠦ ᠬᠡᠨ᠎ᠡ᠃ ᠢᠳᠡᠬᠦ ᠳᠡᠭᠡᠨ ᠬᠦᠯᠬᠡ ᠶᠢᠨ ᠱᠤᠭᠤᠮ ᠲᠠᠭᠠᠤ ᠠᠯᠢ ᠴᠤ ᠰᠠᠭᠤᠳᠠᠯ ᠤᠨ ᠬᠦᠯᠦᠬᠡ ᠶᠢ ᠬᠠᠮᠢᠭᠠᠰᠢ ᠬᠠᠮᠢᠭᠠᠰᠢ ᠪᠠᠨ ᠪᠦᠷ ᠢᠳᠡᠵᠦ ᠪᠤᠯᠤᠨ᠎ᠠ᠃ ᠭᠡᠷᠪᠡ ᠢᠳᠡᠬᠦ ᠦᠬᠡᠢ ᠪᠤᠯ ᠰᠠᠭᠤᠳᠠᠯ ᠠᠯᠤᠰᠯᠠᠨ ᠨᠡᠬᠦᠵᠦ ᠪᠤᠯᠬᠤ ᠦᠬᠡᠢ᠂ ᠡᠷᠭᠡᠪᠰᠢ ᠨᠢᠬᠡ ᠨᠢᠬᠡ ᠠᠯᠬᠤᠮ ᠢᠶᠠᠷ ᠰᠢᠯᠵᠢᠨ᠎ᠡ᠃ ᠬᠦᠯᠦᠬᠡ ᠪᠠᠷᠢᠭᠴᠢ ᠨᠢ ᠭᠠᠷ ᠲᠠᠬᠢ  ᠬᠦᠯᠦᠬᠡ ᠪᠠᠷ ᠢᠶᠠᠨ ᠪᠤᠭᠤ ᠶᠢᠨ ᠢᠳᠡᠬᠦ ᠵᠠᠮ ᠢ ᠬᠠᠰᠢᠨ ᠪᠦᠭᠯᠡᠵᠦ᠂ ᠰᠠᠭᠤᠳᠠᠯ ᠡᠵᠡᠯᠡᠨ ᠠᠪᠤᠨ᠎ᠠ᠃ ᠡᠨᠡ  ᠮᠡᠳᠦ ᠪᠠᠷ ᠡᠬᠡᠯᠵᠢᠯᠡᠨ ᠶᠠᠪᠤᠭᠰᠠᠭᠠᠷ ᠬᠦᠯᠦᠬᠡ ᠪᠠᠷᠢᠭᠴᠢ ᠨᠢ ᠭᠠᠷ ᠲᠠᠬᠢ  ᠠᠷᠪᠠᠨ ᠲᠦᠷᠪᠡᠨ ᠬᠦᠯᠦᠬᠡ ᠪᠠᠨ ᠦᠷᠦᠵᠦ ᠪᠠᠷᠠᠪᠠᠯ᠂ ᠬᠦᠯᠬᠡ ᠲᠡᠭᠡᠷᠡᠬᠢ ᠪᠠᠨ ᠨᠢᠬᠡ ᠨᠢᠬᠡ ᠰᠠᠭᠤᠳᠠᠯ ᠢᠶᠠᠷ ᠨᠡᠬᠦᠯᠬᠡᠨ ᠪᠤᠭᠤ ᠶᠢᠨ ᠵᠠᠮ ᠎ ᠢ ᠬᠠᠰᠢᠨ᠎ᠠ᠃ ᠪᠤᠭᠤ  ᠬᠠᠰᠢᠭᠳᠠᠭᠰᠠᠭᠠᠷ ᠪᠠᠶᠢᠭᠠᠳ ᠶᠠᠪᠤᠬᠤ ᠵᠠᠮ ᠦᠬᠡᠢ ᠪᠤᠯᠪᠠᠯ ᠪᠤᠭᠤ ᠪᠠᠷᠢᠭᠴᠢ ᠱᠦᠬᠦᠭᠳᠡᠨ᠎ᠡ᠃ ᠭᠡᠷᠪᠡ ᠪᠤᠭᠤ ᠨᠢ ᠬᠦᠯᠦᠬᠡ ᠶᠢ ᠢᠳᠡᠵᠦ ᠲᠠᠭᠤᠰᠬᠠᠪᠠᠯ ᠬᠦᠯᠦᠬᠡ ᠪᠠᠷᠢᠭᠴᠢ ᠱᠦᠬᠦᠭᠳᠡᠨ᠎ᠡ  ᠂ ᠬᠡᠬᠦ ᠳᠡᠭᠡᠨ ᠪᠤᠭᠤ ᠶᠢ ᠬᠠᠮᠢᠭ᠎ᠠ ᠴᠤ  ᠬᠤᠷᠢᠵᠤ ᠪᠤᠯᠳᠠᠭ ᠪᠢᠰᠢ᠂ ᠲᠤᠰᠬᠠᠢ ᠬᠤᠷᠢᠭ᠎ᠠ ᠲᠠᠢ ᠵᠢᠩᠬᠢᠨᠢ ᠱᠦᠬᠦᠯᠳᠡ ᠪᠠᠶᠢᠳᠠᠭ᠃     ᠬᠦᠯᠬᠡ ᠶᠢᠨ ᠨᠢᠬᠡᠨ ᠦᠨᠴᠦᠭ ᠤᠨ ᠬᠤᠶᠠᠷ ᠲᠠᠯ᠎ᠠ ᠶᠢᠨ ᠰᠠᠭᠤᠳᠠᠯ ᠳᠤ ᠪᠤᠭᠤ ᠶᠢ ᠬᠤᠷᠢᠵᠤ ᠴᠢᠳᠠᠪᠠᠯ ᠡᠬᠦᠨ ᠎ ᠢ ᠬᠤᠰᠢᠭᠠᠯᠠᠬᠤ ᠱᠦᠬᠦᠯᠳᠡ ᠬᠡᠨ᠎ᠡ᠃ ᠬᠡᠬᠦ ᠳᠡᠭᠡᠨ ᠵᠠᠪᠠᠯ ᠭᠤᠤᠯ ᠤᠨ ᠰᠠᠭᠤᠳᠠᠯ ᠤᠨ ᠬᠦᠯᠦᠬᠡ ᠶᠢ ᠨᠠᠢᠮᠠ  ᠎ ᠶᠢᠨ ᠰᠠᠭᠤᠳᠠᠯ ᠵᠦᠭ ᠲᠦᠯᠬᠢᠵᠦ ᠬᠤᠷᠢᠨ᠎ᠠ᠂ ᠡᠬᠦᠨ ᠢ ᠪᠠᠰᠠ ᠲᠠᠪᠬᠤᠷ ᠬᠤᠰᠢᠭ᠎ᠠ ᠭᠡᠳᠡᠭ᠃ ᠵᠠᠬ᠎ᠠ ᠶᠢᠨ ᠰᠠᠭᠤᠳᠠᠯ ᠲᠡᠭᠡᠷ᠎ᠡ ᠲᠤᠮᠳᠠ ᠨᠢ ᠬᠦᠯᠦᠬᠡ ᠬᠠᠪᠴᠢᠭᠤᠯᠤᠨ ᠬᠤᠷᠢᠬᠤ ᠶᠢ ᠵᠠᠶᠢᠳᠠᠰᠤᠯᠠᠨ ᠬᠤᠷᠢᠬᠤ ᠬᠡᠨ᠎ᠡ᠃ ᠪᠠᠰᠠ ᠨᠢᠬᠡ ᠲᠠᠯ᠎ᠠ ᠎ ᠶᠢᠨ ᠬᠤᠶᠠᠷ ᠦᠨᠴᠦᠭ ᠪᠤᠶᠤ ᠦᠷᠦᠭᠡᠯᠳᠦᠭᠰᠡᠨ ᠬᠤᠶᠠᠷ ᠦᠨᠴᠦᠭ ᠲᠤ ᠬᠤᠷᠢᠵᠤ ᠪᠤᠯᠤᠨ᠎ᠠ᠃     ᠡᠬᠦᠨ ᠠᠴᠠ ᠭᠠᠳᠠᠨ᠎ᠠ᠂  ︽ᠬᠤᠷᠢᠨ ᠲᠦᠷᠪᠡ︾᠎ ᠶᠢᠨ ᠬᠦᠯᠬᠡ ᠶᠢ ᠲᠦᠷᠪᠡ ᠲᠠᠬᠢᠨ ᠶᠡᠬᠡᠰᠭᠡᠭᠰᠡᠨ ︽ᠵᠢᠷᠠᠨ ᠲᠦᠷᠪᠡ  ︾ ᠨᠠᠭᠠᠳᠬᠤ ᠲᠤᠭᠯᠠᠭᠠᠮ ᠪᠤᠢ᠃  ᠡᠬᠦᠨ ᠳᠤ 4  ᠪᠤᠭᠤ᠂ 60 ᠬᠦᠯᠦᠬᠡ ᠭᠡᠷᠡᠭᠯᠡᠵᠦ᠂ ᠨᠠᠭᠠᠳᠬᠤ ᠠᠷᠭ᠎ᠠ ᠨᠢ ︽ᠬᠤᠷᠢᠨ ᠲᠦᠷᠪᠡ︾ ᠨᠠᠭᠠᠳᠬᠤ ᠲᠠᠢ ᠠᠳᠠᠯᠢ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号