ᠭᠤᠷᠪᠠᠨ ᠬᠦᠷᠢᠶᠡᠳᠦ ᠰᠢᠳᠠᠷ᠎ᠠ ᠨᠢ ᠲᠠᠶᠢᠹᠤᠰᠧ ᠬᠤᠰᠢᠭᠤᠨ ᠤ ᠲᠠᠷᠢᠶᠠᠯᠠᠬᠤ ᠤᠷᠤᠨ ᠳᠤ ᠦᠷᠭᠡᠨ ᠢᠶᠠᠷ | ᠲᠡᠯᠭᠡᠷᠡᠨ ᠤᠯᠠᠮᠵᠢᠯᠠᠭᠳᠠᠵᠤ᠂ ᠢᠯᠠᠩᠭᠤᠶ᠎ᠠ ᠲᠡᠭᠡᠷ᠎ᠡ ᠵᠠᠭᠤᠨ ᠤ ᠲᠠᠪᠢ ᠵᠢᠷᠠᠭᠠᠳ ᠤᠨ ᠤ ᠦᠶᠡᠰ ᠶᠡᠬᠡᠪᠡᠷ | ᠲᠡᠯᠭᠡᠷᠡᠵᠦ ᠪᠠᠶᠢᠵᠠᠢ᠃ ᠲᠤᠰ ᠲᠤᠭᠯᠠᠭᠠᠮ ᠨᠢ ᠬᠤᠶᠠᠷ ᠬᠦᠮᠦᠨ ᠠᠭᠤᠯᠵᠠᠪᠠᠯ ᠬᠠᠮᠢᠭ᠎ᠠ ᠭᠠᠵᠠᠷ ᠲᠤ ᠴᠤ ᠬᠦᠯᠬᠡ | ᠵᠢᠷᠤᠭᠠᠳ ᠮᠤᠳᠤ ᠴᠢᠯᠠᠭᠤ ᠶᠢᠨ ᠬᠡᠯᠳᠡᠷᠭᠡᠢ ᠪᠠᠷ ᠰᠢᠳᠠᠷ᠎ᠠ ᠶᠢ ᠤᠷᠤᠯᠠᠭᠤᠯᠤᠨ ᠨᠠᠭᠠᠳᠴᠤ ᠪᠤᠯᠳᠠᠭ ᠮᠦᠷᠳᠡᠭᠡᠨ | ᠰᠤᠷᠴᠤ ᠡᠵᠡᠮᠰᠢᠬᠦ ᠳᠤ ᠴᠤ ᠠᠮᠠᠷᠬᠠᠨ ᠪᠤᠯᠬᠤᠷ ᠬᠦᠮᠦᠨ ᠪᠦᠬᠦᠨ ᠨᠠᠭᠠᠳᠬᠤ ᠲᠤᠷᠠᠳᠠᠢ ᠪᠠᠶᠢᠳᠠᠭ᠃ ᠭᠤᠷᠪᠠᠨ | ᠬᠦᠷᠢᠶᠡᠳᠦ ᠰᠢᠳᠠᠷ᠎ᠠ ᠶᠢᠨ ᠬᠦᠯᠬᠡ ᠨᠢ ᠶᠡᠭᠡ ᠪᠠᠭ᠎ᠠ ᠶᠢᠨ ᠲᠠᠷᠠᠭᠠᠯᠠᠯ ᠲᠠᠢ ᠭᠤᠷᠪᠠᠨ ᠲᠠᠪᠬᠤᠷ ᠲᠡᠭᠰᠢ ᠲᠦᠷᠪᠡᠯᠵᠢᠨ | ᠢᠶᠠᠷ ᠪᠦᠷᠢᠯᠳᠦᠵᠦ᠂ ᠭᠤᠷᠪᠠᠨ ᠲᠦᠷᠪᠡᠯᠵᠢᠨ ᠤ ᠬᠢᠨᠢ ᠲᠦᠷᠪᠡᠨ ᠦᠨᠴᠦᠭ ᠪᠠ ᠱᠤᠭᠤᠮ ᠤᠨ ᠲᠦᠪ ᠭᠤᠤᠯ ᠨᠢ | ᠰᠢᠳᠠᠷ᠎ᠠ ᠶᠢᠨ ᠰᠠᠭᠤᠳᠠᠯ ᠪᠤᠯᠤᠨ᠎ᠠ᠃ | ᠨᠠᠭᠠᠳᠬᠤ ᠠᠷᠭ᠎ᠠ ᠨᠢ ᠬᠤᠶᠠᠷ ᠲᠠᠯ᠎ᠠ ᠪᠠᠷ ᠢᠶᠠᠨ ᠬᠦᠯᠬᠡ ᠶᠢᠨ ᠵᠢᠷᠤᠭᠠᠰᠤ ᠶᠢ ᠲᠠᠭᠠᠵᠤ ᠰᠢᠳᠠᠷ᠎ᠠ ᠪᠠᠨ | ᠨᠡᠬᠦᠯᠬᠡᠨ᠂ ᠨᠢᠬᠡ ᠲᠠᠯ᠎ᠠ ᠶᠢᠨ ᠬᠢᠨᠢ ᠭᠤᠷᠪᠠᠨ ᠰᠢᠳᠠᠷ᠎ᠠ ᠬᠦᠨᠳᠡᠯᠡᠨ ᠭᠤᠯᠳᠤ ᠠᠯᠢ ᠨᠢᠬᠡ ᠴᠢᠭᠯᠡᠯ ᠢᠶᠠᠷ ᠢᠶᠠᠨ | ᠨᠦᠬᠦᠬᠡ ᠲᠠᠯ᠎ᠠ ᠶᠢᠨ ᠠᠯᠢ ᠨᠢᠬᠡ ᠰᠢᠳᠠᠷ᠎ᠠ ᠶᠢ ᠲᠠᠷᠤᠪᠠᠯ ᠲᠡᠷᠡ ᠰᠢᠳᠠᠷ᠎ᠠ ᠶᠢ ᠢᠳᠡᠭᠳᠡᠭᠰᠡᠨ ᠢᠶᠠᠷ ᠪᠤᠳᠤᠵᠤ | ᠭᠠᠷᠭᠠᠵᠤ ᠬᠠᠶᠠᠨ᠎ᠠ᠃ ᠡᠨᠡ ᠮᠡᠳᠦ ᠪᠠᠷ ᠨᠢᠬᠡ ᠲᠠᠯ᠎ᠠ ᠨᠢ ᠨᠦᠬᠦᠬᠡ ᠲᠠᠯ᠎ᠠ ᠪᠠᠨ ᠪᠦᠬᠦᠳᠡ ᠶᠢ ᠢᠳᠡᠵᠦ ᠪᠠᠷᠠᠪᠠᠯ | ᠢᠯᠠᠵᠤ ᠢᠯᠠᠭᠳᠠᠬᠤ ᠨᠢ ᠢᠯᠭᠠᠷᠠᠨ᠎ᠠ᠃ | ᠤᠳᠤ ᠭᠤᠷᠪᠠᠨ ᠬᠦᠷᠢᠶᠡᠳᠦ ᠰᠢᠳᠠᠷ᠎ᠠ ᠲᠤᠭᠯᠠᠬᠤ ᠬᠦᠮᠦᠨ ᠲᠠᠷᠢᠶᠠᠯᠠᠬᠤ ᠤᠷᠤᠨ ᠳᠤ ᠲᠤᠩ ᠴᠦᠭᠡᠷᠡᠵᠦ᠂ | ᠢᠯᠠᠩᠭᠤᠶ᠎ᠠ ᠵᠠᠯᠠᠭᠤᠴᠤᠳ ᠤᠨ ᠲᠤᠳᠤᠷ᠎ᠠ ᠮᠡᠳᠡᠬᠦ ᠬᠦᠮᠦᠨ ᠴᠤ ᠬᠤᠪᠤᠷ ᠪᠤᠯᠤᠭᠠᠳ᠂ ᠬᠠᠷᠢᠨ ᠬᠤᠳᠠ ᠶᠢᠨ | ᠰᠠᠭᠤᠭᠠᠯᠢ ᠲᠤᠭᠤᠷᠢᠭ ᠲᠤ ᠭᠡᠳᠦᠨ ᠨᠠᠰᠤᠳᠠᠨ ᠰᠡᠬᠦᠳᠡᠷ ᠲᠤ ᠰᠠᠭᠤᠭᠠᠳ ᠲᠤᠭᠯᠠᠬᠤ ᠨᠢ ᠬᠠᠶᠠ ᠨᠢᠬᠡ ᠬᠠᠷᠠᠭᠳᠠᠬᠤ | ᠪᠤᠯᠵᠤ᠂ ᠭᠤᠷᠪᠠᠨ ᠬᠦᠷᠢᠶᠡᠳᠦ ᠰᠢᠳᠠᠷ᠎ᠠ ᠤᠰᠠᠳᠬᠤ ᠬᠡᠮᠵᠢᠶᠡᠨ ᠳᠤ ᠬᠦᠷᠴᠡᠢ᠃ | ᠭᠤᠷᠪᠠᠨ ᠬᠦᠷᠢᠶᠡᠳᠦ ᠰᠢᠳᠠᠷ᠎ᠠ ᠨᠢ ᠤᠳᠤ ᠨᠢᠬᠡᠨᠳᠡ ᠬᠤᠰᠢᠭᠤᠨ ᠤ ᠲᠡᠰ ᠤᠨ ᠪᠤᠳᠠᠰ ᠤᠨ ᠪᠤᠰᠤ ᠰᠤᠶᠤᠯ | ᠤᠨ ᠦᠪ ᠢᠶᠠᠷ ᠲᠡᠮᠳᠡᠭᠯᠡᠭᠳᠡᠵᠦ᠂ ᠯᠢᠦ ᠶᠤᠸᠠᠨ ᠲᠦᠯᠦᠭᠡᠯᠡᠭᠴᠢ ᠴᠢᠨᠠᠷᠳᠠᠢ ᠦᠪᠯᠡᠨ ᠤᠯᠠᠮᠵᠢᠯᠠᠭᠴᠢ ᠪᠤᠯᠤᠭᠰᠠᠨ | ᠪᠠᠶᠢᠨ᠎ᠠ᠃ | ᠤᠯᠠᠮᠵᠢᠯᠠᠭᠴᠢ ᠶᠢᠨ ᠲᠤᠪᠴᠢ ᠲᠠᠨᠢᠯᠴᠠᠭᠤᠯᠭ᠎ᠠ᠄ ᠯᠢᠦ ᠶᠤᠸᠠᠨ᠂ ᠡᠷᠡᠭᠳᠡᠢ ᠂ ᠬᠢᠳᠠᠳ ᠦᠨᠳᠦᠰᠦᠳᠡᠨ | ᠂ 1956 ᠤᠨ ᠳᠤ ᠲᠦᠷᠦᠪᠡ᠃ ᠲᠠᠶᠢᠹᠤᠰᠧ ᠬᠤᠰᠢᠭᠤᠨ ᠤ ᠬᠦᠮᠦᠨ᠃ ᠲᠤᠮᠳᠠᠳᠤ ᠰᠤᠷᠭᠠᠭᠤᠯᠢ ᠪᠠᠨ | ᠲᠡᠬᠦᠰᠦᠭᠡᠳ 1975 ᠤᠨ ᠳᠤ ᠪᠠᠶᠠᠨᠨᠠᠭᠤᠷ ᠠᠶᠢᠮᠠᠭ ᠲᠤ ᠴᠡᠷᠢᠭ ᠤᠨ ᠠᠯᠪᠠᠨ ᠳᠤ ᠮᠤᠷᠳᠠᠵᠠᠢ᠃ ᠤᠳᠠᠭᠠᠨ ᠵᠢᠯ | ᠭᠤᠷᠪᠠᠨ ᠬᠦᠷᠢᠶᠡᠳᠦ ᠰᠢᠳᠠᠷ᠎ᠠ ᠲᠤᠭᠯᠠᠵᠤ ᠮᠡᠷᠭᠡᠰᠢᠭᠡᠳ᠂ ᠲᠠᠶᠢᠹᠤᠰᠧ ᠬᠤᠰᠢᠭᠤᠨ ᠳᠠᠭᠠᠨ ᠪᠠᠷᠤᠭ | ᠦᠷᠢᠰᠦᠯᠳᠦᠭᠴᠢ ᠦᠬᠡᠢ ᠪᠤᠯᠤᠭᠰᠠᠨ ᠲᠡᠷᠡᠪᠡᠷ ᠤᠳᠤ ᠤᠶᠤᠨ ᠲᠠᠷᠢᠬᠢᠨ ᠳᠤ ᠲᠤᠰᠠᠳᠠᠢ ᠡᠨᠡᠬᠦ ᠰᠠᠶᠢᠬᠠᠨ | ᠲᠤᠭᠯᠠᠭᠠᠮ ᠢ ᠵᠠᠯᠠᠭᠤᠴᠳ ᠪᠠᠭᠠᠴᠤᠳ ᠲᠠᠭᠠᠨ ᠤᠯᠠᠮᠵᠢᠯᠠᠨ ᠰᠤᠷᠭᠠᠬᠤ ᠬᠡᠮᠡᠨ ᠴᠢᠷᠮᠠᠶᠢᠵᠤ ᠶᠠᠪᠤᠭᠰᠠᠭᠠᠷ ᠪᠢᠯᠡ᠃ | | |