ᠭᠠᠵᠠᠷ ᠤᠰᠤᠨ —  ᠬᠦᠨ ᠴᠠᠪ
ᠨᠡᠶᠢᠲᠡᠯᠡᠭᠰᠡᠨ ᠴᠠᠭ᠄
2020/11/1
  ᠬᠦᠨᠪᠤᠯᠠᠭ ᠰᠤᠮᠤᠨ ᠤ ᠲᠦᠪ ᠫᠤᠤᠲ᠋ᠠᠶᠢᠶ᠋ᠢᠩᠽᠢ ᠠᠴᠠ ᠪᠠᠷᠠᠭᠤᠨᠰᠢ ᠲᠡᠮᠡᠢ ᠬᠤᠯᠠ  ᠦᠬᠡᠢ ᠨᠢᠬᠡᠨ ᠪᠠᠭ᠎ᠠ ᠲᠤᠭᠤᠷᠢᠮ ᠨᠠᠭᠤᠷ ᠪᠤᠢ᠃ ᠬᠤᠷ᠎ᠠ ᠲᠠᠢ ᠵᠢᠯ ᠪᠤᠯ ᠮᠡᠯᠮᠡᠷᠡᠨ ᠮᠡᠯᠳᠡᠭᠡᠨᠡᠭᠡᠳ᠂ ᠭᠠᠩ ᠲᠠᠢ ᠵᠢᠯ ᠳᠤ ᠴᠤ ᠭᠡᠰᠡᠨ ᠨᠠᠭᠤᠷ ᠤᠨ ᠭᠤᠤᠯ ᠨᠢ ᠬᠡᠵᠢᠶᠡᠳᠡ ᠰᠢᠷᠬᠢᠳᠡᠭ ᠦᠬᠡᠢ᠃ ᠡᠨᠡ  ᠪᠠᠭᠠᠠᠬᠠᠨ ᠨᠠᠭᠤᠷ ᠢ ᠨᠤᠳᠤᠭ ᠤᠨ ᠬᠢᠨ ᠬᠦᠨ ᠴᠠᠪ ᠭᠡᠳᠡᠭ ᠶᠤᠮ᠃ ᠡᠷᠳᠡᠨ ᠳᠠᠭᠠᠨ ᠡᠨᠡ  ᠨᠠᠭᠤᠷ ᠨᠢ ᠬᠡᠵᠢᠶᠡᠳᠡ ᠬᠠᠳᠠᠬᠤ ᠦᠬᠡᠢ ᠮᠡᠯᠮᠡᠯᠵᠡᠵᠦ᠂ ᠵᠤᠨ ᠤ ᠤᠯᠠᠷᠢᠯ ᠳᠤ ᠵᠦᠢᠯ ᠤᠨ ᠰᠢᠪᠠᠭᠤᠳ ᠨᠠᠭᠤᠷ ᠢ ᠴᠢᠮᠡᠭᠡᠳ᠂ ᠠᠳᠤᠭᠤ ᠮᠠᠯ ᠴᠤ ᠭᠤᠤᠯ ᠳᠤᠨᠢ ᠤᠴᠢᠵᠤ ᠴᠢᠳᠠᠳᠠᠭ ᠦᠬᠡᠢ ᠬᠦᠨ ᠨᠠᠭᠤᠷ  ᠪᠠᠶᠢᠭᠰᠠᠨ ᠢᠶᠠᠷ ᠢᠶᠠᠨ ︽ᠬᠦᠨ ᠴᠠᠪ  ︾ ᠨᠡᠷ᠎ᠡ ᠶᠢ ᠤᠯᠤᠭᠰᠠᠨ ᠪᠠᠶᠢᠵᠠᠢ᠃  ᠬᠦᠨ ᠴᠠᠪ ᠨᠠᠭᠤᠷ ᠤᠨ ᠪᠠᠷᠠᠭᠤᠨ ᠬᠦᠪᠡᠭᠡ ᠲᠡᠭᠡᠷᠡᠬᠢ ᠨᠤᠳᠤᠭ ᠪᠤᠯ ᠲᠠᠷᠤᠢ ᠮᠤᠩᠭᠤᠯ ᠨᠤᠳᠤᠭ   ᠢ ᠰᠦᠷᠳᠡᠬᠦᠯᠵᠦ ᠪᠠᠶᠢᠭᠰᠠᠨ ᠪᠠᠶᠢᠭᠰᠠᠨ ︽ᠵᠢᠭᠠᠰᠤᠨ ᠱᠠᠨᠳᠦ᠋ᠩ︾ ᠭᠡᠮᠡᠬᠦ ᠲᠡᠭᠡᠷᠡᠮ ᠤᠨ ᠪᠦᠯᠦᠭ ᠢ ᠤᠰᠠᠳᠬᠠᠭᠰᠠᠨ ︽ᠪᠤᠤ ᠳ᠋ᠠ ᠷᠧᠨ︾ ︵ ᠪᠤᠷᠬᠢᠯ  ︶   ᠤ ᠪᠠᠶᠢᠭᠤᠯᠤᠭᠰᠠᠨ ᠭᠡᠷ ᠬᠦᠷᠢᠶ᠎ᠡ —  ︽ᠸᠠ ᠹᠠᠩ ᠶᠢᠩᠽᠢ︾  ᠪᠤᠯᠤᠨ᠎ᠠ᠃      ᠲᠠᠶᠢᠹᠤᠰᠧ ᠵᠡᠬᠦᠨ ᠭᠠᠷ ᠰᠦᠷᠦᠭ ᠤᠨ ᠠᠩᠬᠠᠳᠤᠭᠴᠢ ᠤᠯᠤᠰ ᠠᠷᠠᠳ ᠤᠨ ᠰᠤᠷᠭᠠᠭᠤᠯᠢ  ᠢᠷᠭᠡᠨ ᠤᠯᠤᠰ  ᠤᠨ ᠲᠠᠪᠤᠳᠤᠭᠠᠷ ᠤᠨ ︵1916 ᠤᠨ︶ ᠳᠤ ᠸᠠᠰᠠ ᠶᠢᠨ ᠡᠩᠬᠡᠷ ᠭᠡᠮᠡᠬᠦ ᠭᠠᠵᠠᠷ ᠲᠤ ᠪᠠᠶᠢᠭᠤᠯᠤᠭᠳᠠᠭᠰᠠᠨ ᠢᠶᠠᠨ 1920 ᠤᠨ ᠤ ᠦᠶᠡᠰ ᠳᠠᠶᠢᠹᠦᠰᠧ ᠵᠡᠭᠦᠨ ᠭᠠᠷ ᠬᠤᠰᠢᠭᠤᠨ ᠤ ᠳᠦᠪ  ᠪᠠᠶᠢᠭᠰᠠᠨ  ᠦᠴᠢ ᠶᠢᠨ ᠤᠪᠤᠭᠠᠨ ᠳᠤ ᠰᠢᠯᠵᠢᠭᠡᠳ᠂ 1930 ᠤᠨ ᠳᠤ ᠬᠦᠨ ᠴᠠᠪ   ᠤᠨ ᠪᠠᠷᠠᠭᠤᠨ ᠡᠷᠬᠢ ᠲᠡᠭᠡᠷ᠎ᠡ ᠨᠡᠬᠦᠭᠰᠡᠨ ᠪᠠᠶᠢᠪᠠ᠃ ᠲᠤᠬᠠᠢ ᠶᠢᠨ ᠦᠶ᠎ᠡ ᠳᠤ᠂ ᠦᠴᠢ ᠤᠪᠤᠭᠠᠨ ᠤ ᠰᠤᠷᠭᠠᠭᠤᠯᠢ ᠶᠢᠨ ᠬᠡᠷ ᠬᠦᠷᠢᠶ᠎ᠡ ᠶᠢ ᠪᠠᠭᠤᠯᠭᠠᠨ ᠠᠪᠴᠢᠷᠠᠵᠤ᠂  ᠬᠢᠴᠢᠶᠡᠯ ᠤᠨ ᠭᠡᠷ  ᠪᠠ  ᠰᠤᠷᠤᠭᠴᠢ ᠶᠢᠨ ᠪᠠᠶᠢᠷᠢ ᠲᠤᠰᠪᠤᠷᠢ ᠵᠢᠷᠭᠤᠭᠠᠨ ᠲᠠᠰᠤᠯᠭ᠎ᠠ᠂ ᠪᠠᠭᠰᠢ ᠶᠢᠨ ᠪᠠᠶᠢᠷᠢ ᠪᠠ  ᠬᠤᠭᠤᠯᠠᠨ ᠭᠡᠷ ᠲᠤᠰᠪᠤᠷᠢ ᠭᠤᠷᠪᠠᠨ ᠲᠠᠰᠤᠯᠭ᠎ᠠ ᠪᠠᠶᠢᠭᠤᠯᠤᠭᠰᠠᠨ ᠪᠦᠬᠡᠳ ᠠᠮᠤᠷ ᠲᠦᠪᠰᠢᠨ ᠢ ᠪᠤᠳᠤᠯᠬᠢᠯᠠᠨ ᠰᠤᠷᠭᠠᠭᠤᠯᠢ ᠶᠢᠨ ᠡᠷᠬᠢᠨ ᠲᠤᠭᠤᠷᠢᠨ ᠦᠨᠳᠦᠷ ᠭᠡᠷᠡᠮ ᠴᠤᠭᠴᠠᠯᠠᠵᠤ᠂  ᠪᠠᠳᠤ ᠪᠠᠬᠢ ᠡᠬᠦᠳᠡ ᠬᠠᠭᠠᠯᠭ᠎ᠠ ᠬᠢᠯᠬᠡᠵᠡᠢ᠃ ᠰᠤᠷᠭᠠᠭᠤᠯᠢ  ᠳᠠᠭᠠᠨ ᠲᠦᠴᠢ ᠭᠠᠷᠤᠢ ᠰᠤᠷᠤᠭᠴᠢ ᠲᠠᠢ᠂ ᠲᠦᠷᠪᠡᠨ ᠠᠩᠬᠢ ᠬᠤᠪᠢᠶᠠᠨ᠂ ᠲᠠᠪᠬᠤᠷ ᠪᠦᠯᠦᠭ ᠢᠶᠠᠷ ᠬᠢᠴᠢᠶᠡᠯᠯᠡᠳᠡᠭ ᠪᠠᠶᠢᠪᠠ᠃  ᠮᠤᠩᠭᠤᠯ ᠬᠡᠯᠡ ᠪᠠᠷ ᠭᠤᠤᠯ ᠪᠤᠯᠭᠠᠨ᠂ ᠬᠢᠳᠠᠳ ᠬᠡᠯᠡ  ᠂ ᠲᠤᠭ᠎ᠠ ᠪᠤᠳᠤᠯᠭ᠎ᠠ ᠤᠷᠤᠳᠠᠭ ᠪᠠᠶᠢᠭᠰᠠᠨ  ᠢᠶᠠᠨ 1939 ᠤᠨ ᠳᠤ ᠶᠠᠫᠤᠨ ᠬᠡᠯᠡ   ᠪᠠᠷ ᠬᠢᠳᠠᠳ ᠬᠡᠯᠡ   ᠶᠢ ᠤᠷᠤᠯᠠᠭᠤᠯᠵᠠᠢ᠃  ᠲᠤᠬᠠᠢ ᠶᠢᠨ ᠦᠶ᠎ᠡ ᠶᠢᠨ ᠰᠦᠷᠦᠭ ᠤᠨ ᠠᠮᠪᠠᠨ ᠱᠠᠨᠵᠢᠨᠮᠢᠳᠤᠪ  ᠭᠡᠮᠡᠭᠴᠢ ᠦᠨᠳᠦᠰᠦᠳᠡᠨ ᠤ ᠬᠡᠯᠡ  ᠰᠤᠶᠤᠯ ᠳᠠᠭᠠᠨ ᠬᠠᠶᠢᠷᠠᠳᠠᠢ ᠬᠦᠮᠦᠨ ᠪᠤᠯᠬᠤᠷ ︽ ᠡᠷᠭᠡᠪᠰᠢ ᠮᠤᠩᠭᠤᠯ ᠬᠡᠯᠡ ᠪᠢᠴᠢᠭ ᠢᠶᠠᠷ ᠭᠤᠤᠯᠳᠠᠯᠭ᠎ᠠ ᠪᠤᠯᠭᠠᠬᠤ ᠭᠡᠷᠡᠭᠳᠡᠢ᠂  ᠬᠢᠳᠠᠳ ᠬᠡᠯᠡ ᠪᠢᠴᠢᠭ  ᠢᠶᠠᠷ ᠭᠤᠤᠯᠳᠠᠯᠭ᠎ᠠ ᠪᠤᠯᠭᠠᠪᠠᠯ ᠬᠠᠤᠯᠢ ᠶᠤᠰᠤ ᠪᠠᠷ ᠰᠢᠳᠭᠡᠨ᠎ᠡ︾ ᠬᠡᠵᠦ ᠵᠠᠷᠯᠢᠭ ᠪᠠᠭᠤᠯᠭᠠᠭᠰᠠᠨ ᠭᠡᠳᠡᠭ᠃ ᠬᠦᠨ ᠴᠠᠪ ᠤᠨ ᠪᠠᠭ᠎ᠠ ᠰᠤᠷᠭᠠᠭᠤᠯᠢ ᠨᠢ ᠪᠠᠰᠠ ᠰᠤᠷᠭᠠᠭᠤᠯᠢ ᠶᠢᠨ ᠲᠠᠭᠤᠤ ᠵᠤᠬᠢᠶᠠᠵᠤ ᠲᠠᠭᠤᠯᠠᠳᠠᠭ ᠪᠠᠶᠢᠵᠠᠢ᠃ ᠲᠠᠭᠤᠤ  ᠶᠢᠨ ᠦᠬᠡ ᠶᠢ ᠰᠡᠶᠢᠷᠡᠬᠦᠯᠪᠡᠯ᠄       ᠬᠦᠨ ᠴᠠᠪ ᠤᠨ ᠪᠠᠷᠠᠭᠤᠨ ᠲᠡᠭᠡᠷ᠎ᠡ       ᠬᠦᠴᠦᠷᠭᠡᠭ ᠵᠠᠯᠠᠭᠤᠰ ᠢ ᠰᠤᠶᠤᠭᠠᠪᠠᠢ       ᠬᠦᠬᠡ ᠮᠤᠩᠭᠤᠯ ᠤᠨ ᠦᠷᠡᠰ ᠪᠢᠳᠡᠨᠡᠷ       ᠬᠦᠴᠦᠯᠡᠨ ᠴᠢᠷᠮᠠᠶᠢᠵᠤ ᠪᠤᠯᠪᠠᠰᠤᠷᠠᠶ᠎ᠠ       ᠨᠠᠷᠢᠨ ᠰᠢᠷᠡᠭᠡᠨ ᠤ ᠵᠡᠬᠦᠨ ᠲᠡᠭᠡᠷ᠎ᠡ       ᠨᠡᠶᠢᠯᠡᠨ ᠴᠤᠭᠯᠠᠷᠠᠭᠰᠠᠨ ᠲᠤᠬᠠᠢ ᠳᠠᠭᠠᠨ       ᠨᠠᠶᠢᠷ ᠲᠠᠢ ᠡᠪ ᠢ ᠡᠷᠬᠢᠮᠯᠡᠵᠦ       ᠨᠢᠯᠬᠠᠰ ᠤᠨ ᠮᠤᠩᠬᠠᠭ ᠢ ᠰᠡᠷᠬᠦᠬᠡᠶ᠎ᠡ       ᠪᠠᠷᠠᠯᠠᠨ ᠬᠠᠷᠠᠭᠳᠠᠬᠤ ᠠᠭᠤᠯᠠ ᠶᠢᠨ ᠠᠷᠤ ᠲᠡᠭᠡᠷ᠎ᠡ       ᠪᠠᠭᠠᠳᠤᠷ ᠲᠠᠳᠬᠠᠯ ᠢ ᠰᠤᠷᠤᠯᠴᠠᠭᠠᠳ       ᠪᠠᠭᠴᠠ ᠪᠦᠯᠬᠦᠮ ᠦᠬᠡᠢ ᠤᠯᠤᠰ ᠲᠠᠭᠠᠨ       ᠪᠠᠶᠢᠭᠤᠯᠤᠨ ᠪᠦᠳᠦᠭᠡᠬᠦ ᠲᠤᠯᠭᠠᠭᠤᠷᠢ ᠪᠤᠯᠵᠠᠭᠠᠶ᠎ᠠ᠃
 
ᠢᠷᠡᠯᠲᠡ᠄ ︽ᠲᠠᠯ᠎ᠠ ᠨᠤᠳᠤᠭ ᠤᠨ ᠨᠡᠬᠦᠳᠡᠯ ᠰᠤᠶᠤᠯ ᠤᠨ ᠪᠡᠯᠬᠡ ᠲᠡᠮᠳᠡᠭ︾ ᠴᠤᠪᠤᠷᠠᠯ ᠪᠢᠴᠢᠭ — ᠲᠠᠶᠢᠹᠤᠰᠧ ᠬᠤᠰᠢᠭᠤ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号