︽ᠪᠠᠶᠠᠵᠢᠶ᠎ᠠ ᠭᠡᠪᠡᠯ ᠵᠠᠮ ᠢᠶᠠᠨ ᠵᠠᠰᠠ︾ ᠭᠡᠳᠡᠭ ᠶᠤᠰᠤ ᠶᠢ ᠪᠠᠷᠢᠮᠳᠠᠯᠠᠵᠤ᠂ ᠤᠶᠢᠷ᠎ᠠ ᠶᠢᠨ ᠵᠢᠯ ᠳᠤ | ᠲᠠᠶᠢᠹᠤᠰᠧ ᠬᠤᠰᠢᠭᠤ ᠵᠠᠮ ᠬᠠᠷᠢᠯᠴᠠᠭᠠᠨ ᠤ ᠪᠦᠳᠦᠬᠡᠨ ᠪᠠᠶᠢᠭᠤᠯᠤᠯᠳᠠ ᠶᠢᠨ ᠡᠷᠴᠢᠮ ᠢ ᠲᠠᠰᠤᠷᠠᠯᠳᠠ ᠦᠬᠡᠢ | ᠴᠢᠩᠭᠠᠷᠠᠭᠤᠯᠤᠨ᠂ ᠵᠠᠮ ᠬᠠᠷᠢᠯᠴᠠᠭᠠᠨ ᠤ ᠰᠠᠭᠤᠷᠢ ᠲᠦᠬᠦᠭᠡᠷᠦᠮᠵᠢ ᠶᠢᠨ ᠪᠠᠶᠢᠭᠤᠯᠤᠯᠳᠠ ᠶᠢ ᠲᠦᠷᠭᠡᠳᠬᠡᠨ ᠠᠬᠢᠭᠤᠯᠵᠤ᠂ | ᠵᠠᠰᠠᠮᠠᠯ ᠵᠠᠮ ᠤᠨ ᠶᠡᠷᠦᠩᠬᠡᠢ ᠬᠡᠮᠵᠢᠶ᠎ᠡ ᠶᠢ ᠶᠡᠭᠡ ᠪᠠᠷ ᠨᠡᠮᠡᠭᠳᠡᠬᠦᠯᠦᠨ᠂ ᠵᠠᠮ ᠬᠠᠷᠢᠯᠴᠠᠭᠠᠨ ᠤ ᠦᠢᠯᠡᠰ ᠨᠢ ᠲᠠᠪᠠᠯᠳᠠ ᠶᠢᠨ | ᠬᠡᠯᠪᠡᠷᠢ ᠲᠠᠢ ᠬᠦᠭᠵᠢᠯᠳᠡ ᠶᠢ ᠪᠡᠶᠡᠯᠡᠬᠦᠯᠦᠭᠰᠡᠨ ᠪᠠᠶᠢᠨ᠎ᠠ᠃ | | | | 2019 ᠤᠨ ᠤ ᠡᠴᠦᠰ ᠪᠤᠯᠳᠠᠯ᠎ᠠ᠂ ᠪᠦᠬᠦ ᠬᠤᠰᠢᠭᠤᠨ ᠤ ᠵᠠᠰᠠᠮᠠᠯ ᠵᠠᠮ ᠤᠨ ᠶᠡᠷᠦᠩᠬᠡᠢ ᠤᠷᠳᠤ 1994 ᠺᠢᠯᠤᠮᠧᠲᠷ | ᠲᠤ ᠬᠦᠷᠴᠦ ᠂ ᠡᠬᠦᠨ ᠳᠤ ᠪᠠᠷᠤᠭᠰᠢᠨ ᠵᠠᠮ 473 ᠺᠢᠯᠤᠮᠧᠲᠷ᠂ ᠽᠧᠮᠧᠨ᠋ᠲ ᠵᠠᠮ 1297 ᠺᠢᠯᠤᠮᠧᠲᠷ ᠂ ᠬᠠᠶᠢᠷ | ᠴᠢᠯᠠᠭᠤᠨ ᠵᠠᠮ 224 ᠺᠢᠯᠤᠮᠧᠲᠷ ᠲᠤ ᠬᠦᠷᠴᠡᠢ᠃ ᠡᠬᠦᠨ ᠤ ᠲᠤᠳᠤᠷ᠎ᠠ᠂ ᠲᠦᠷᠬᠡᠨ ᠤ ᠵᠠᠮ ︵S27︶ 1 | ᠵᠤᠷᠪᠤᠰ 79 ᠺᠢᠯᠤᠮᠧᠲᠷ ᠂ ᠤᠯᠤᠰ ᠤᠨ ᠵᠠᠮ ︵G207︶ 1 ᠵᠤᠷᠪᠤᠰ 76 ᠺᠢᠯᠤᠮᠧᠲᠷ ᠂ ᠮᠤᠵᠢ ᠶᠢᠨ ᠵᠠᠮ 2 | ᠵᠤᠷᠪᠤᠰ 131 ᠺᠢᠯᠤᠮᠧᠲᠷ ᠂ ᠰᠢᠶᠠᠨ ᠤ ᠵᠠᠮ 2 ᠵᠤᠷᠪᠤᠰ 141ᠺᠢᠯᠤᠮᠧᠲᠷ ᠂ ᠰᠢᠶᠠᠩ ᠤᠨ ᠵᠠᠮ 7 ᠵᠤᠷᠪᠤᠰ 279 | ᠺᠢᠯᠤᠮᠧᠲᠷ ᠂ ᠲᠤᠰᠬᠤᠨ ᠤ ᠵᠠᠮ 115 ᠵᠤᠷᠪᠤᠰ 647 ᠺᠢᠯᠤᠮᠧᠲᠷ ᠲᠤ ᠬᠦᠷᠦᠭᠡᠳ᠂ ︽ᠭᠤᠷᠪᠠ ᠬᠦᠨᠳᠡᠯᠡᠨ | ᠭᠤᠷᠪᠠᠨ ᠭᠤᠯᠳᠤ︾ ᠵᠠᠰᠠᠮᠠᠯ ᠵᠠᠮ ᠤᠨ ᠰᠦᠯᠵᠢᠶ᠎ᠡ ᠨᠢᠬᠡᠨᠳᠡ ᠠᠩᠬ᠎ᠠ ᠠᠯᠬᠤᠮ ᠲᠦᠯᠦᠪᠰᠢᠷᠡᠨ ᠪᠦᠷᠢᠯᠳᠦᠵᠡᠢ᠃ | | | | |