ᠯᠤᠪᠰᠠᠩᠴᠢᠷᠡᠨ ︵1904 — 1971︶ ᠲᠠᠶᠢᠹᠤᠰᠧ ᠵᠡᠬᠦᠨ ᠭᠠᠷ ᠰᠦᠷᠦᠭ ᠤᠨ ᠬᠦᠪᠡᠭᠡᠳᠦ ᠰᠢᠷ᠎ᠠ | ᠬᠤᠰᠢᠭᠤᠨ ᠤ ᠠᠷᠤ ᠪᠤᠯᠠᠭ ᠭᠡᠳᠡᠭ ᠭᠠᠵᠠᠷ ᠲᠤ ᠲᠦᠷᠦᠵᠡᠢ᠃ ᠬᠠᠷᠠᠬᠠᠨ ᠪᠠᠭ᠎ᠠ ᠠᠴᠠ ᠪᠠᠨ ᠶᠠᠳᠠᠭᠤ ᠵᠦᠳᠡᠬᠦᠦ | ᠦᠨᠦᠴᠢᠨ ᠦᠷᠦᠭᠡᠰᠦᠨ ᠤ ᠵᠤᠪᠠᠯᠠᠩ ᠢ ᠦᠵᠡᠵᠦ᠂ ᠰᠦᠮ᠎ᠡ ᠳᠤ ᠰᠠᠭᠤᠵᠤ ᠪᠠᠨᠳᠢ ᠪᠤᠯᠤᠭᠠᠳ ᠡᠷᠳᠡᠮ ᠲᠠᠢ ᠪᠠᠭᠰᠢ | ᠶᠢ ᠲᠠᠭᠠᠵᠤ᠂ ᠮᠤᠩᠭᠤᠯ ᠲᠦᠪᠡᠳ ᠨᠤᠮ ᠰᠤᠳᠤᠷ ᠪᠤᠯᠤᠨ ᠡᠮ ᠤᠨ ᠵᠤᠷ᠂ ᠠᠨᠠᠭᠠᠬᠤ ᠤᠬᠠᠭᠠᠨ ᠢ ᠰᠢᠮᠳᠠᠨ | ᠰᠤᠷᠤᠭᠰᠠᠨ ᠢᠶᠠᠷ ᠵᠠᠯᠠᠭᠤ ᠨᠠᠰᠤᠨ ᠳᠠᠭᠠᠨ ᠡᠮᠴᠢ ᠪᠤᠯᠵᠤ᠂ ᠲᠤᠬᠠᠢ ᠶᠢᠨ ᠦᠶ᠎ᠡ ᠶᠢᠨ ᠮᠢᠩᠭᠠᠨ ᠬᠤᠰᠢᠭᠤᠨ ᠤ | ᠬᠠᠳᠠᠨᠬᠤᠰᠢᠭᠤ ᠰᠦᠮ᠎ᠡ ᠳᠤ ᠰᠠᠭᠤᠨ᠂ ᠨᠢᠬᠡ ᠲᠠᠯᠠᠪᠠᠷ ᠨᠦᠩᠨᠡᠢ ᠰᠠᠬᠢᠵᠤ ᠨᠤᠮ ᠪᠢᠰᠢᠯᠭᠠᠯ ᠬᠢᠵᠦ᠂ ᠨᠦᠬᠦᠭᠡ | ᠲᠠᠯᠠᠪᠠᠷ ᠮᠤᠩᠭᠤᠯ ᠡᠮ ᠡᠮᠨᠡᠯᠬᠡ᠂ ᠠᠨᠠᠭᠠᠬᠤ ᠤᠬᠠᠭᠠᠨ ᠤ ᠰᠤᠳᠤᠯᠭᠠᠨ ᠬᠢᠵᠦ᠂ ︽ᠨᠤᠮ ᠤᠨ ᠬᠡᠯᠡᠯᠬᠡ︾ ᠵᠡᠷᠭᠡ | ᠲᠦᠪᠡᠳ ᠬᠡᠯᠡᠨ ᠤ ᠡᠮᠨᠡᠯᠬᠡ ᠶᠢᠨ ᠤᠬᠠᠭᠠᠨ ᠤ ᠨᠤᠮ ᠰᠤᠳᠤᠷ ᠢ ᠤᠷᠴᠢᠭᠤᠯᠤᠨ᠂ ᠤᠯᠠᠨ ᠱᠠᠪᠢ ᠬᠦᠮᠦᠵᠢᠬᠦᠯᠵᠦ᠂ | ᠮᠠᠯᠴᠢᠨ ᠲᠦᠮᠡᠨ ᠤ ᠡᠷᠡᠬᠦᠯ ᠮᠡᠨᠳᠦ ᠶᠢᠨ ᠦᠢᠯᠡᠰ ᠲᠤ ᠮᠠᠰᠢ ᠶᠡᠭᠡ ᠵᠢᠳᠬᠦᠯ ᠭᠠᠷᠭᠠᠵᠠᠢ᠃ ᠲᠡᠷᠡᠪᠡᠷ ᠪᠠᠰᠠ | ᠬᠤᠳᠠ ᠮᠠᠨᠳᠠᠯ ᠪᠠᠶᠢᠭᠤᠯᠬᠤ ᠶᠢᠨ ᠵᠢᠷᠤᠭ ᠲᠦᠰᠦᠪ ᠵᠤᠬᠢᠶᠠᠬᠤ ᠤᠷ᠎ᠠ ᠮᠡᠷᠭᠡᠰᠢᠯ ᠢ ᠰᠤᠷᠴᠤ ᠡᠵᠡᠮᠰᠢᠬᠡᠳ᠂ ᠲᠤᠬᠠᠢ | ᠶᠢᠨ ᠦᠶ᠎ᠡ ᠶᠢᠨ ᠰᠦᠮ᠎ᠡ ᠬᠡᠶᠢᠳ ᠤᠳ ᠲᠤ ᠡᠷᠳᠡᠮ ᠴᠢᠳᠠᠪᠤᠷᠢ ᠬᠤᠤᠰᠯᠠᠭᠰᠠᠨ ᠯᠠᠮᠠ ᠶᠢᠨ ᠨᠢᠬᠡ ᠨᠢ ᠪᠠᠶᠢᠪᠠ᠃ | ᠴᠢᠯᠦᠭᠡᠯᠡᠭᠳᠡᠭᠰᠡᠨ ᠤ ᠲᠠᠷᠠᠭ᠎ᠠ ᠦᠷᠬᠦᠯᠵᠢᠯᠡᠨ ᠡᠮᠨᠡᠯᠬᠡ ᠶᠢᠨ ᠠᠵᠢᠯ ᠢᠶᠠᠨ ᠬᠢᠵᠦ᠂ ᠰᠢᠯᠤᠭᠤᠨ ᠬᠦᠭᠡ ᠬᠤᠰᠢᠭᠤᠨ ᠤ | ᠴᠠᠭᠠᠨᠨᠠᠭᠤᠷ ᠰᠤᠮᠤᠨ ᠤ ᠮᠤᠩᠭᠤᠯ ᠡᠮᠨᠡᠯᠬᠡ ᠶᠢᠨ ᠬᠤᠷᠢᠶᠠᠨ ᠤ ᠲᠠᠷᠤᠭ᠎ᠠ ᠪᠠᠷ ᠠᠵᠢᠯᠯᠠᠵᠤ᠂ ᠮᠠᠰᠢ ᠤᠯᠠᠨ ᠬᠦᠴᠢᠷ | ᠲᠦᠪᠡᠭ ᠲᠠᠢ ᠡᠪᠡᠳᠴᠢᠨ ᠬᠡᠮ ᠢ ᠵᠠᠰᠠᠨ ᠡᠳᠡᠭᠡᠷᠡᠬᠦᠯᠦᠭᠡᠳ᠂ ᠮᠠᠯᠴᠢᠳ ᠤᠨ ᠲᠤᠮᠳᠠ ᠢᠳᠡᠭᠡᠯ ᠬᠦᠨᠳᠦ ᠲᠠᠢ | ᠰᠠᠶᠢᠨ ᠡᠮᠴᠢ ᠪᠤᠯᠤᠭᠰᠠᠨ ᠪᠠᠶᠢᠪᠠ᠃ |