ᠭᠠᠯ ᠲᠠᠬᠢᠬᠤ
ᠨᠡᠶᠢᠲᠡᠯᠡᠭᠰᠡᠨ ᠴᠠᠭ᠄
2018/6/20
    ᠭᠠᠯ ᠢ ᠰᠢᠳᠦᠵᠦ  ᠂ ᠭᠠᠯ   ᠢ ᠲᠬᠢᠬᠤ ᠨᠢ ᠮᠤᠩᠭᠤᠯ ᠦᠨᠳᠦᠰᠦᠳᠡᠨ ᠤ ᠡᠷᠳᠡ ᠲᠡᠭᠡᠷ᠎ᠡ ᠦᠶ᠎ᠡ ᠠᠴᠠ ᠤᠯᠠᠮᠵᠢᠯᠠᠭᠳᠠᠭᠰᠠᠭᠠᠷ ᠢᠷᠡᠭᠰᠡᠨ ᠵᠠᠩ ᠲᠠᠳᠬᠠᠯ ᠪᠠ ᠶᠤᠰᠤ ᠵᠢᠷᠤᠮ ᠤᠨ ᠨᠢᠭᠡ ᠪᠤᠯᠤᠨ᠎ᠠ᠃  ᠬᠦᠨᠪᠤᠯᠠᠭ ᠤᠨ ᠮᠤᠩᠭᠤᠯᠴᠤᠳ  ᠤᠯᠠᠩᠬᠢ ᠭᠠᠵᠠᠷ ᠤᠷᠤᠨ ᠲᠠᠢ ᠠᠳᠠᠯᠢ ᠪᠠᠷ ᠵᠢᠯ ᠪᠦᠷᠢ ᠶᠢᠨ  ᠬᠦᠭᠡᠭᠡ ᠰᠠᠷ᠎ᠠ ᠶᠢᠨ ᠬᠤᠷᠢᠨ ᠭᠤᠷᠪᠠᠨ   ᠳᠤ ᠭᠠᠯ ᠢᠶᠠᠨ ᠲᠠᠬᠢᠳᠠᠭ᠃  ᠡᠨᠡ ᠡᠳᠦᠷ ᠢ  ︽ᠭᠠᠯ ᠲᠠᠬᠢᠬᠤ ᠶᠢᠨ ᠬᠤᠷᠢᠨ ᠭᠤᠷᠪᠠᠨ︾ ᠭᠡᠳᠡᠭ᠂ ᠪᠠᠰᠠ  ︽ᠪᠠᠭ᠎ᠠ ᠴᠠᠭᠠᠨ ᠰᠠᠷ᠎ᠠ︾  ᠬᠡᠵᠦ ᠬᠡᠯᠡᠳᠡᠭ᠃  ᠭᠠᠯ ᠤᠨ ᠪᠤᠷᠬᠠᠨ ᠪᠤᠯ ᠬᠤᠷᠢᠨ ᠭᠤᠷᠪᠠᠨ ᠪᠤᠶᠤ ᠬᠤᠷᠢᠨ ᠲᠦᠷᠪᠡᠨ ᠤ ᠡᠳᠦᠷ ᠲᠡᠭᠷᠢ ᠳᠤ ᠭᠠᠷᠴᠤ ᠬᠦᠮᠦᠨ ᠤ ᠪᠤᠶᠠᠨ ᠬᠢᠯᠢᠨᠴᠡ ᠶᠢ ᠮᠡᠳᠡᠬᠦᠯᠬᠦ ᠪᠠᠷ ᠶᠠᠪᠤᠬᠤ ᠤᠴᠢᠷ ᠠᠴᠠ ᠦᠳᠡᠨ ᠮᠤᠷᠳᠠᠭᠤᠯᠵᠤ ᠲᠠᠬᠢᠵᠤ ᠪᠠᠶᠢᠨ᠎ᠠ ᠭᠡᠳᠡᠭ᠃ ᠬᠤᠷᠢᠨ ᠭᠤᠷᠪᠠᠨ ᠠᠴᠠ ᠡᠮᠦᠨ᠎ᠡ  ᠡᠷᠭᠡᠪᠰᠢ ᠤᠳᠤᠭ᠎ᠠ ᠲᠤᠭᠤᠰᠤ ᠪᠠᠨ ᠱᠦᠬᠦᠷᠳᠡᠨ᠂ ᠲᠡᠪᠢᠰᠭᠡᠷ ᠬᠤᠮ ᠢᠶᠠᠨ ᠬᠦᠪᠢᠵᠦ᠂ ᠬᠡᠷ  ᠬᠦᠷᠢᠶ᠎ᠡ ᠪᠠᠨ ᠴᠡᠪᠡᠷᠯᠡᠨ᠎ᠡ᠃  ᠭᠠᠯ ᠲᠠᠬᠢᠬᠤ ᠨᠢ ᠭᠡᠷᠡᠭ ᠲᠡᠭᠡᠷ᠎ᠡ ᠪᠠᠨ ᠵᠢᠯ ᠴᠠᠭᠠᠨ ᠰᠠᠷ᠎ᠠ ᠪᠠᠨ ᠤᠭᠳᠤᠬᠤ ᠠᠵᠢᠯᠯᠠᠭᠠᠨ ᠤ ᠬᠦᠰᠢᠭᠡ ᠨᠡᠭᠡᠭᠡᠭᠳᠡᠭᠰᠡᠨ ᠢ ᠬᠠᠷᠠᠭᠤᠯᠵᠤ ᠪᠠᠶᠢᠭ᠎ᠠ ᠶᠤᠮ᠃ ᠭᠠᠯ ᠲᠠᠬᠢᠬᠤ ᠳᠤ  ᠭᠡᠷᠡᠭᠯᠡᠬᠦ ᠬᠤᠨᠢ ᠶᠢ ᠡᠪᠦᠯ ᠤᠨ ᠢᠳᠡᠰᠢ ᠪᠠᠵᠠᠭᠠᠬᠤ ᠦᠶ᠎ᠡ ᠳᠤ ᠲᠤᠰᠬᠠᠢ ᠵᠠᠷᠤᠵᠤ᠂ ᠡᠪᠴᠢᠬᠦᠦ᠂ ᠱᠠᠭᠠᠨᠳᠤ᠂ ᠲᠦᠷᠪᠡᠨ ᠦᠨᠳᠦᠷ᠂ ᠬᠤᠰᠬᠢᠨᠠᠭ ᠵᠡᠷᠭᠡ ᠶᠢ ᠶᠤᠰᠤᠴᠢᠯᠠᠨ ᠰᠠᠶᠢᠬᠠᠨ ᠠᠪᠴᠤ ᠪᠡᠯᠡᠳᠭᠡᠨ ᠲᠠᠯᠪᠢᠳᠠᠭ᠃ ᠬᠤᠷᠢᠨ ᠭᠤᠷᠪᠠᠨ ᠤ ᠡᠳᠦᠷ  ᠡᠪᠴᠢᠬᠦᠦ᠂ ᠱᠠᠭᠠᠨᠳᠤ᠂ ᠲᠦᠷᠪᠡᠨ ᠦᠨᠳᠦᠷ᠂ ᠬᠤᠰᠬᠢᠨᠠᠭ ᠵᠡᠷᠭᠡ ᠶᠢ  ᠴᠢᠨᠠᠵᠤ ᠪᠡᠯᠡᠳᠭᠡᠬᠦ ᠶᠢᠨ ᠬᠠᠮᠳᠤ  ᠪᠠᠰᠠ ᠦᠬᠡᠷ ᠤᠨ ᠰᠡᠭᠡᠷ ᠨᠢᠷᠤᠭᠤ᠂ ᠬᠠᠪᠢᠰᠤ ᠴᠢᠨᠠᠵᠤ  ᠂ ᠭᠠᠯ ᠤᠨ ᠪᠤᠳᠠᠭ᠎ᠠ ᠭᠡᠵᠦ ᠬᠤᠨᠤᠭ ᠪᠤᠳᠠᠭ᠎ᠠ ᠠᠭᠰᠢᠭᠠᠵᠤ ᠪᠡᠯᠡᠳᠭᠡᠨ᠎ᠡ᠃   ᠬᠤᠨᠢᠨ ᠤ ᠡᠪᠴᠢᠬᠦᠦ ᠪᠤᠯ ᠭᠠᠯ ᠲᠠᠬᠢᠬᠤ ᠳᠤ ᠬᠡᠷᠡᠭᠯᠡᠳᠡᠭ ᠬᠠᠮᠤᠭ ᠴᠢᠬᠤᠯᠠ ᠵᠦᠢᠯ ᠪᠤᠯᠤᠨ᠎ᠠ  ᠃ ᠶᠠᠰᠤ   ᠶᠢ ᠨᠢ ᠰᠡᠪᠳᠦᠬᠡᠬᠦ ᠦᠬᠡᠢ᠂ ᠦᠶ᠎ᠡ ᠶᠢ  ᠨᠢ ᠬᠡᠮᠳᠦᠬᠡᠬᠦ ᠦᠬᠡᠢ ᠪᠠᠷ  ᠪᠤᠰᠤᠳ ᠶᠠᠰᠤᠨ ᠠᠴᠠ ᠨᠢ ᠰᠠᠶᠢᠬᠠᠨ ᠰᠠᠯᠭᠠᠭᠰᠠᠨ ᠡᠪᠴᠢᠬᠦᠨ ᠤ ᠮᠢᠬ᠎ᠠ ᠶᠢ ᠪᠦᠬᠦᠨ ᠢ ᠱᠤᠯᠤᠵᠤ ᠠᠪᠤᠭᠠᠳ ᠠᠬᠤᠷ ᠤᠩᠭᠠᠰᠤ ᠪᠠᠷ ᠡᠭᠡᠷᠡᠭᠰᠡᠨ ᠴᠠᠭᠠᠨ ᠤᠳᠠᠰᠣ ᠪᠠᠷ  ᠶᠢᠰᠦ ᠤᠷᠢᠶᠠᠵᠤ᠂ ᠡᠪᠴᠢᠬᠦᠦ ᠶᠢᠨ  ᠡᠯᠢᠬᠡᠨ ᠳᠤ ᠪᠤᠤᠪᠤ᠂ ᠴᠢᠪᠠᠭ᠎ᠠ᠂ ᠰᠢᠷ᠎ᠠ ᠲᠤᠰᠤ᠂ ᠬᠢᠯᠭᠠᠨ᠎ᠠ ᠵᠡᠷᠭᠡ ᠲᠡᠭᠡᠵᠢ ᠶᠢᠨ ᠶᠠᠭᠤᠮ᠎ᠠ ᠶᠢ ᠭᠤᠷᠪᠠ ᠪᠤᠶᠤ ᠶᠢᠰᠦ ᠪᠠᠷ ᠬᠢᠵᠦ᠂  ᠡᠪᠴᠢᠬᠦᠦ ᠪᠠᠨ ᠰᠡᠮᠡᠵᠡ ᠪᠠᠷ ᠪᠤᠭᠤᠬᠤ ᠪᠤᠶᠤ ᠪᠦᠳᠡᠭᠡᠵᠦ᠂ ᠭᠠᠯ ᠲᠠᠬᠢᠬᠤ ᠪᠠᠷ ᠪᠡᠯᠡᠳᠭᠡᠵᠦ ᠲᠠᠯᠪᠢᠨ᠎ᠠ᠃  ᠡᠬᠦᠨ ᠢ ᠡᠪᠴᠢᠬᠦᠦ ᠵᠠᠰᠠᠬᠤ ᠭᠡᠨ᠎ᠡ᠃  ᠭᠠᠯ ᠢᠶᠠᠨ ᠲᠠᠬᠢᠬᠤ ᠳᠠᠭᠠᠨ᠂ ᠦᠨᠳᠦᠷ ᠤᠨ ᠬᠡᠮᠵᠢᠶ᠎ᠡ ᠨᠢ ᠠᠳᠠᠯᠢ  ᠶᠢᠰᠦᠨ ᠭᠡᠰᠡᠭ ᠬᠠᠶᠢᠯᠠᠰᠤᠨ ᠮᠤᠳᠤ ᠢ ᠲᠤᠯᠭ᠎ᠠ ᠳᠠᠭᠠᠨ ᠵᠡᠷᠭᠡᠯᠡᠨ᠎ᠡ᠃ ᠲᠤᠯᠭ᠎ᠠ ᠶᠢᠨ ᠲᠦᠷᠪᠡᠨ  ᠤᠴᠤᠭ  ᠲᠡᠭᠡᠷ᠎ᠡ  ᠲᠠᠪᠤᠨ ᠦᠩᠬᠡ ᠶᠢᠨ ᠪᠦᠰ ᠪᠤᠶᠤ ᠭᠭᠢᠪ  ᠲᠤᠷᠭ᠎ᠠ ᠶᠢᠨ  ︽ᠡᠮᠦᠰᠭᠡᠯ︾ ᠪᠡᠯᠡᠳᠭᠡᠨ᠎ᠡ᠃ ︽ᠡᠮᠦᠰᠭᠡᠯ︾  ᠤᠨ ᠲᠤᠷᠭ᠎ᠠ ᠪᠠ ᠪᠦᠰ ᠢ ᠬᠤᠷᠤᠭᠤ ᠬᠢᠷᠢᠳᠡᠢ ᠦᠷᠭᠡᠨ᠂ ᠲᠦᠭᠡ ᠰᠢᠬᠠᠮ ᠤᠷᠳᠤ ᠵᠦᠰᠦᠵᠦ᠂  ᠲᠡᠭᠡᠷ᠎ᠡ ᠨᠢ ᠬᠦᠭᠡ ᠂ ᠲᠤᠮᠳᠠ ᠨᠢ ᠰᠢᠷ᠎ᠠ᠂ ᠵᠠᠪᠰᠠᠷ ᠲᠤᠨᠢ ᠴᠠᠭᠠᠨ ᠨᠤᠭᠤᠭᠠᠨ᠂ ᠶᠠᠭᠠᠨ   ᠢ ᠬᠠᠪᠴᠢᠭᠤᠯᠵᠤ᠂ ᠲᠡᠭᠡᠷ᠎ᠡ ᠨᠢ ᠰᠡᠮᠡᠵᠡ ᠲᠠᠯᠪᠢᠵᠤ ᠬᠤᠨᠢᠨ ᠤ ᠤᠩᠭᠠᠰᠤ ᠪᠠᠷ ᠤᠷᠢᠶᠠᠵᠤ ᠲᠠᠯᠪᠢᠨ᠎ᠠ᠃ ᠲᠠᠯᠠᠯᠭ᠎ᠠ ᠶᠢᠨ ᠰᠠᠭᠤᠯᠠᠭᠠᠨ ᠳᠠᠭᠠᠨ ᠪᠦᠬᠦᠯᠢ ᠬᠤᠰ ᠬᠤᠰᠬᠢᠨᠠᠭ᠂  ᠱᠠᠭᠠᠨᠳᠤ᠂ ᠲᠦᠷᠪᠡᠨ ᠦᠨᠳᠦᠷ ᠲᠠᠢ ᠢᠳᠡᠭᠡᠨ ᠤ ᠲᠡᠭᠡᠵᠢ   ᠶᠢ ᠬᠢᠵᠦ ᠲᠠᠯᠪᠢᠨ᠎ᠠ᠃ ᠭᠠᠯ ᠲᠠᠬᠢᠬᠤ ᠦᠶ᠎ᠡ ᠳᠤ ᠪᠦᠬᠦ ᠭᠡᠷ ᠢᠶᠠᠷ ᠢᠶᠠᠨ ᠰᠢᠨ᠎ᠡ ᠬᠤᠪᠴᠠᠰᠤ ᠪᠠᠨ ᠡᠮᠦᠰᠴᠦ᠂  ᠭᠡᠷ ᠤᠨ ᠡᠵᠡᠨ ᠨᠢ  ᠬᠤᠷᠮᠤᠢ ᠪᠠᠨ ᠲᠡᠪᠢᠰᠦᠭᠡᠳ ᠭᠤᠷᠪᠠᠨ ᠭᠤᠷᠪᠠ ᠶᠢᠰᠦ  ᠮᠦᠷᠬᠦᠵᠦ᠂  ᠡᠪᠴᠢᠬᠦᠦ ᠪᠠᠨ ᠭᠠᠯ ᠳᠠᠭᠠᠨ ᠡᠷᠬᠦᠨ᠎ᠡ᠃ ᠡᠬᠦᠨ ᠤ ᠬᠠᠮᠳᠤ ᠡᠮᠦᠰᠭᠡᠯ ᠢᠶᠠᠨ ᠲᠤᠷᠪᠡᠨ ᠤᠴᠤᠭ ᠲᠡᠭᠡᠷ᠎ᠡ ᠲᠠᠯᠪᠢᠨ᠎ᠠ᠃  ᠲᠡᠭᠡᠭᠡᠳ ᠭᠠᠯ ᠳᠠᠭᠠᠨ ᠬᠠᠷ᠎ᠠ ᠠᠷᠢᠬᠢ ᠬᠠᠯᠢᠮ ᠦᠬᠡᠬᠦ   ᠲᠠᠢ ᠬᠤᠯᠢᠭᠰᠠᠨ ᠲᠤᠰᠤᠭᠠᠯ ᠲᠤᠰᠤᠭᠠᠵᠤ᠂ ᠭᠡᠷ ᠤᠨ ᠪᠦᠬᠦᠳᠡᠭᠡᠷ  ᠰᠦᠬᠦᠳᠦᠨ ᠮᠦᠷᠬᠦᠵᠦ  ᠪᠤᠶᠠᠨ ᠭᠡᠰᠢᠭ ᠢᠷᠡᠬᠦ  ᠶᠢ ᠲᠠᠯᠠᠯᠤᠨ ᠬᠤᠷᠤᠶᠢᠯᠠᠨ᠎ᠠ᠃ ᠭᠠᠯ ᠢᠶᠠᠨ ᠲᠠᠬᠢᠵᠤ ᠪᠠᠷᠠᠪᠠᠯ ᠮᠢᠬ᠎ᠠ ᠪᠤᠳᠠᠭ᠎ᠠ ᠪᠠᠨ ᠢᠳᠡᠵᠡᠭᠡᠵᠦ᠂ ᠠᠷᠢᠬᠢ ᠲᠠᠷᠠᠰᠤ  ᠪᠠᠨ ᠤᠤᠭᠤᠵᠤ ᠨᠠᠶᠢᠷᠠᠯᠳᠤᠨ᠎ᠠ᠃
 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号