ᠲᠠᠶᠢᠹᠤᠰᠧ ᠬᠤᠰᠢᠭᠤ ᠠᠵᠢᠯ ᠲᠦᠷᠦᠯ ᠢᠶᠠᠷ ᠬᠠᠪᠰᠤᠷᠤᠨ ᠳᠡᠳᠬᠦᠵᠦ  ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠤᠯᠳᠠ ᠶᠢ ᠠᠬᠢᠭᠤᠯᠵᠤ ᠪᠠᠶᠢᠨ᠎ᠠ
ᠨᠡᠶᠢᠲᠡᠯᠡᠭᠰᠡᠨ ᠴᠠᠭ᠄
2018-06-14

            ᠲᠠᠶᠢᠹᠤᠰᠧ  ᠬᠤᠰᠢᠭᠤᠨ ᠤ ᠡᠷᠡᠬᠦᠯ ᠬᠠᠮᠠᠭᠠᠯᠠᠯ᠂ ᠰᠤᠷᠭᠠᠨ ᠬᠦᠮᠦᠵᠢᠯ᠂  ᠮᠦᠩᠬᠦ  ᠬᠦᠢᠯᠬᠡᠬᠡ

ᠵᠡᠷᠭᠡ ᠡᠯ᠎ᠡ ᠰᠠᠯᠠᠭ᠎ᠠ ᠮᠦᠴᠢᠷ ᠤᠨ ᠬᠢᠨ ᠲᠤᠰ ᠲᠤᠰ ᠤᠨ ᠠᠵᠢᠯ ᠲᠦᠷᠦᠯ ᠤᠨ ᠤᠨᠴᠠᠯᠢᠭ ᠬᠢᠭᠡᠳ ᠦᠢᠯᠡᠳᠦᠯ

ᠴᠢᠳᠠᠮᠵᠢ ᠶᠢᠨ ᠲᠠᠪᠠᠭᠤᠯᠢᠭ ᠢᠶᠠᠨ  ᠪᠠᠳᠠᠷᠠᠭᠤᠯᠤᠨ᠂  ᠶᠠᠳᠠᠭᠤ ᠠᠴᠠ ᠠᠩᠬᠢᠵᠢᠷᠠᠭᠤᠯᠬᠤ ᠪᠤᠭᠤᠮᠳᠠ ᠰᠢᠪᠳᠤᠯᠬᠤ

ᠠᠵᠢᠯ ᠲᠡᠭᠡᠷ᠎ᠡ ᠪᠦᠬᠦ ᠬᠦᠴᠦᠨ ᠢᠶᠠᠨ ᠤᠷᠤᠭᠤᠯᠵᠤ᠂  ᠶᠠᠳᠠᠭᠤ ᠬᠦᠴᠢᠷᠳᠡᠯᠳᠡᠢ ᠤᠯᠠᠨ ᠲᠦᠮᠡᠨ ᠤ ᠦᠢᠯᠡᠳᠪᠦᠷᠢᠯᠡᠯ

ᠠᠮᠢᠳᠤᠷᠠᠯ ᠤᠨ ᠨᠦᠬᠦᠴᠡᠯ ᠢ ᠰᠠᠶᠢᠵᠢᠷᠠᠭᠤᠯᠵᠤ ᠪᠠᠶᠢᠨ᠎ᠠ᠃

     ᠡᠮ ᠡᠮᠨᠡᠯᠬᠡ ᠪᠠᠷ ᠶᠠᠳᠠᠭᠤ ᠶᠢ ᠳᠡᠳᠬᠦᠬᠦ ᠲᠠᠯᠠᠪᠠᠷ᠂ ᠲᠤᠰ ᠬᠤᠰᠢᠭᠤ ᠨᠢ ᠺᠠᠷᠲ ᠪᠠᠷ ᠲᠠᠩᠰᠠᠯᠠᠭᠰᠠᠨ

ᠶᠠᠳᠠᠭᠤ ᠬᠦᠴᠢᠷᠳᠡᠯᠳᠡᠢ ᠬᠦᠮᠦᠨ ᠠᠮᠠ  ᠰᠢᠨ᠎ᠡ ᠬᠡᠯᠪᠡᠷᠢ ᠶᠢᠨ ᠬᠤᠷᠰᠢᠭᠰᠠᠨ ᠡᠮᠨᠡᠯᠬᠡ ᠳᠤ ᠤᠷᠤᠬᠤ ᠳᠤ ᠬᠤᠪᠢ

ᠬᠦᠮᠦᠨ ᠤ ᠲᠤᠰᠢᠶᠠᠬᠤ ᠰᠦᠢᠳᠭᠡᠯ ᠢ ᠨᠢ ᠬᠤᠰᠢᠭᠤᠨ ᠤ ᠡᠳ᠋ ᠤᠨ ᠵᠠᠰᠠᠭ ᠠᠴᠠ  ᠨᠦᠬᠦᠪᠦᠷᠢᠯᠡᠬᠦ ᠶᠢᠨ ᠬᠠᠮᠳᠤ᠂  

ᠬᠤᠰᠢᠭᠤᠨ ᠤ ᠲᠤᠭᠳᠠᠭᠰᠠᠨ ᠡᠮᠨᠡᠯᠬᠡ ᠶᠢᠨ ᠪᠠᠶᠢᠭᠤᠯᠤᠮᠵᠢ ᠳᠤ  ᠡᠮᠨᠡᠬᠦᠯᠪᠡᠯ  ︽ᠤᠷᠢᠳᠠᠪᠠᠷ ᠡᠪᠡᠳᠴᠢᠨ ᠢᠶᠠᠨ

ᠡᠮᠨᠡᠬᠦᠯᠵᠦ᠂ ᠰᠡᠬᠦᠯ ᠳᠤᠨᠢ ᠰᠦᠢᠳᠭᠡᠯ ᠢᠶᠠᠨ ᠲᠤᠰᠢᠶᠠᠬᠤ︾ ᠲᠦᠷᠢᠮ ᠢ ᠭᠡᠷᠡᠭᠵᠢᠬᠦᠯᠦᠨ᠂  ︽ ᠲᠦᠷᠪᠡ ᠶᠢ

ᠲᠡᠭᠡᠭᠰᠢᠯᠡᠬᠦᠯᠵᠦ᠂ ᠬᠤᠶᠠᠷ ᠢ ᠪᠠᠭᠤᠷᠠᠭᠤᠯᠤᠨ᠂ ᠨᠢᠬᠡ ᠶᠢ ᠦᠬᠡᠶᠢᠰᠭᠡᠬᠦ︾ ᠲᠦᠷᠦ ᠶᠢᠨ ᠪᠤᠳᠤᠯᠭ᠎ᠠ   ᠶᠢ

ᠨᠠᠶᠢᠳᠠᠪᠤᠷᠢᠵᠢᠭᠤᠯᠵᠤ᠂  ᠲᠠᠩᠰᠠ ᠴᠠᠶᠢᠷᠠᠭᠤᠯᠬᠤ ᠳᠤ ︽ ᠨᠢᠬᠡᠯᠡ ᠲᠡᠭᠡᠷ᠎ᠡ ᠬᠦᠢᠴᠡᠳᠭᠡᠬᠦ︾  ᠦᠢᠯᠡᠴᠢᠯᠡᠭᠡ

ᠬᠠᠩᠭᠠᠵᠤ ᠪᠠᠶᠢᠨ᠎ᠠ᠃

ᠡᠮ ᠡᠮᠨᠡᠯᠬᠡ ᠶᠢᠨ ᠦᠨᠳᠦᠰᠦᠨ ᠠᠴᠠ ᠨᠢ ᠪᠠᠳᠤᠯᠠᠬᠤ ᠲᠤᠰᠬᠠᠢ ᠲᠦᠷᠦᠯ ᠤᠨ ᠪᠡᠯᠡ  ᠮᠦᠩᠬᠦ 750 ᠲᠦᠮᠡᠨ

ᠲᠦᠬᠦᠷᠢᠭ ᠲᠤᠬᠢᠷᠠᠭᠤᠯᠵᠤ᠂  ᠺᠠᠷᠲ ᠪᠠᠷ ᠲᠠᠩᠰᠠᠯᠠᠭᠰᠠᠨ ᠶᠠᠳᠠᠭᠤ ᠬᠦᠴᠢᠷᠳᠡᠯᠳᠡᠢ ᠬᠦᠮᠦᠨ ᠠᠮᠠ ᠶᠢᠨ ᠬᠦᠨᠳᠦ

ᠡᠪᠡᠳᠴᠢᠨ ᠢᠶᠠᠷ ᠡᠮᠨᠡᠯᠬᠡ ᠳᠤ  ᠰᠠᠭᠤᠬᠤ᠂  ᠤᠳᠠᠭᠠᠨ ᠴᠢᠨᠠᠷᠳᠠᠢ ᠡᠪᠡᠳᠴᠢᠨ ᠢᠶᠠᠷ ᠡᠬᠦᠳᠡᠨ ᠡᠮᠨᠡᠯᠬᠡ ᠳᠤ

ᠡᠮᠨᠡᠬᠦᠯᠬᠦ ᠳᠤ ᠪᠠᠳᠤᠯᠠᠭ᠎ᠠ ᠪᠤᠯᠭᠠᠨ᠂  ᠡᠮᠨᠡᠯᠬᠡ ᠳᠤ ᠰᠠᠭᠤᠬᠤ  ᠵᠠᠷᠤᠳᠠᠯ ᠢ ᠬᠤᠷᠰᠢᠭᠰᠠᠨ ᠡᠮᠨᠡᠯᠬᠡ᠂ ᠬᠦᠨᠳᠦ

ᠡᠪᠡᠳᠴᠢᠨ ᠤ ᠲᠠᠭᠠᠳᠬᠠᠯ᠂ ᠡᠮᠨᠡᠯᠬᠡ ᠶᠢᠨ ᠠᠪᠤᠷᠠᠨ  ᠲᠤᠰᠠᠯᠠᠮᠵᠢ᠂ ᠶᠠᠳᠠᠭᠤ ᠶᠢ ᠳᠡᠳᠬᠦᠬᠦ ᠬᠤᠳᠠᠯᠳᠤᠭᠠᠨ ᠤ

ᠲᠠᠭᠠᠳᠬᠠᠯ ᠢᠶᠠᠷ ᠲᠠᠩᠰᠠ ᠴᠠᠶᠢᠷᠠᠭᠤᠯᠤᠭᠰᠠᠨ ᠰᠠᠭᠤᠷᠢᠨ ᠲᠡᠭᠡᠷ᠎ᠡ  ᠂ ᠦᠨᠳᠦᠰᠦᠨ ᠠᠴᠠ ᠨᠢ ᠪᠠᠳᠤᠯᠠᠬᠤ ᠲᠤᠰᠬᠠᠢ

ᠲᠦᠷᠦᠯ ᠤᠨ ᠰᠠᠭᠤᠷᠢ ᠮᠦᠩᠬᠦ ᠪᠠᠷ ᠨᠦᠬᠦᠪᠦᠷᠢᠯᠡᠵᠦ᠂ ᠡᠮᠨᠡᠯᠬᠡ ᠶᠢᠨ ᠵᠠᠷᠤᠳᠠᠯ ᠤᠨ  90% ᠶᠢ ᠨᠢ ᠲᠠᠩᠰᠠ    

ᠴᠠᠶᠢᠷᠠᠭᠤᠯᠤᠨ᠂  ᠤᠳᠠᠭᠠᠨ ᠴᠢᠨᠠᠷᠳᠠᠢ ᠡᠪᠡᠳᠴᠢᠨ᠂ ᠤᠨᠴᠠᠭᠠᠢ ᠡᠪᠡᠳᠴᠢᠨ ᠬᠢᠭᠡᠳ ᠤᠷᠤᠨ ᠨᠤᠳᠤᠭ ᠤᠨ

ᠡᠪᠡᠳᠴᠢᠨ ᠤ ᠡᠬᠦᠳᠡᠨ ᠡᠮᠨᠡᠯᠬᠡ ᠳᠤ ᠦᠵᠡᠬᠦᠯᠬᠦ ᠵᠠᠷᠤᠳᠠᠯ ᠢ ᠴᠤ  90% ᠪᠠᠷ ᠲᠠᠩᠰᠠ ᠴᠠᠶᠢᠷᠠᠭᠤᠯᠤᠨ ᠦᠭᠴᠦ

ᠪᠠᠶᠢᠨ᠎ᠠ᠃  ᠡᠬᠦᠨ ᠤ ᠬᠠᠮᠳᠤ᠂ ᠬᠦᠨᠳᠦ ᠡᠪᠳᠴᠢᠨ ᠪᠠ ᠤᠳᠠᠭᠠᠨ ᠴᠢᠨᠠᠷᠳᠠᠢ ᠡᠪᠡᠳᠴᠢᠨ ᠢ ᠲᠦᠷᠦᠯ ᠬᠤᠪᠢᠶᠠᠨ

ᠡᠮᠨᠡᠨ ᠵᠠᠰᠠᠵᠤ᠂  ᠡᠪᠡᠳᠴᠢᠨ ᠠᠴᠠ ᠪᠤᠯᠵᠤ ᠶᠠᠳᠠᠭᠤᠷᠠᠭᠰᠠᠨ ᠬᠦᠮᠦᠰ ᠲᠠᠢ ︽ᠭᠡᠷ ᠪᠦᠯᠢ ᠶᠢᠨ ᠡᠮᠴᠢ︾ ᠶᠢᠨ

ᠦᠢᠯᠡᠴᠢᠯᠡᠬᠡᠨ ᠤ ᠭᠡᠷ᠎ᠡ ᠲᠤᠭᠳᠠᠵᠤ᠂ ᠭᠡᠷ᠎ᠡ ᠲᠤᠭᠳᠠᠭᠰᠠᠨ ᠡᠮᠴᠢ ᠨᠢ ᠵᠢᠯ ᠳᠤ ᠠᠳᠠᠭ ᠲᠠᠭᠠᠨ 4 ᠤᠳᠠᠭ᠎ᠠ ᠡᠷᠦᠬᠡ

 ᠳᠤ ᠬᠦᠨᠵᠡᠭᠡᠶᠢᠷᠡᠨ ᠡᠮᠨᠡᠯᠬᠡ ᠶᠢᠨ ᠦᠢᠯᠡᠴᠢᠯᠡᠭᠡ ᠬᠢᠬᠦ ᠪᠠᠷ ᠲᠤᠭᠳᠠᠵᠠᠢ᠃

       ᠰᠤᠷᠭᠠᠨ ᠬᠦᠮᠦᠵᠢᠯ ᠢᠶᠠᠷ ᠶᠠᠳᠠᠭᠤ ᠶᠢ ᠳᠡᠳᠬᠦᠬᠦ ᠲᠠᠯᠠᠪᠠᠷ᠂ ᠲᠤᠰ ᠬᠤᠰᠢᠭᠤ ᠨᠢ ᠶᠠᠳᠠᠭᠤ ᠬᠦᠴᠢᠷᠳᠡᠯᠳᠡᠢ

ᠭᠡᠷ ᠪᠦᠯᠢ ᠶᠢᠨ ᠤᠶᠤᠳᠠᠳ ᠲᠤ ᠰᠤᠷᠤᠯᠭ᠎ᠠ ᠶᠢᠨ ᠲᠤᠰᠠᠯᠠᠮᠵᠢ ᠦᠵᠡᠬᠦᠯᠬᠦ ᠲᠦᠷᠦ ᠶᠢᠨ ᠪᠤᠳᠤᠯᠭ᠎ᠠ ᠶᠢ

ᠨᠠᠶᠢᠳᠠᠪᠤᠷᠢᠵᠢᠭᠤᠯᠤᠨ᠂ ᠨᠠᠭᠠᠳᠤ ᠵᠠᠬ᠎ᠠ ᠶᠢᠨ ᠠᠮᠢᠳᠤᠷᠠᠯ ᠤᠨ ᠪᠠᠳᠤᠯᠠᠭ᠎ᠠ ᠲᠠᠢ᠂ ᠶᠠᠳᠠᠭᠤ ᠬᠦᠴᠢᠷᠳᠡᠯᠳᠡᠢ ᠭᠡᠷ ᠪᠦᠯᠢ

 ᠶᠢᠨ ᠦᠷ᠎ᠡ ᠬᠡᠦᠭᠡᠳ ᠶᠡᠭᠡ ᠲᠡᠭᠡᠳᠦ ᠰᠤᠷᠭᠠᠭᠤᠯᠢ ᠶᠢᠨ  ᠦᠨᠳᠦᠰᠦᠨ ᠠᠩᠬᠢ ᠳᠤ ᠰᠢᠯᠭᠠᠨ ᠤᠷᠤᠪᠠᠯ ᠨᠢᠬᠡᠯᠡ

ᠤᠳᠠᠭ᠎ᠠ ᠳᠤ 4 ᠲᠦᠮᠡᠨ ᠲᠦᠬᠦᠷᠢᠭ ᠤᠨ ᠲᠤᠰᠠᠯᠠᠮᠵᠢ ᠶᠢᠨ ᠮᠦᠩᠬᠦ ᠤᠯᠭᠤᠵᠤ᠂  ᠲᠤᠰᠬᠠᠢ ᠮᠡᠷᠭᠡᠵᠢᠯ ᠤᠨ ᠠᠩᠬᠢ

 ᠳᠤ ᠰᠢᠯᠭᠠᠨ ᠤᠷᠤᠪᠠᠯ 3 ᠲᠦᠮᠡᠨ ᠲᠦᠬᠦᠷᠢᠭ ᠤᠨ  ᠲᠤᠰᠠᠯᠠᠮᠵᠢ ᠶᠢᠨ ᠮᠦᠩᠬᠦ ᠤᠯᠭᠤᠬᠤ ᠠᠷᠭ᠎ᠠ   ᠪᠠᠷ ᠨᠡᠶᠢᠳᠡ  

723  ᠤᠶᠤᠳᠠᠨ ᠳᠤ ᠲᠤᠰᠠᠯᠠᠮᠵᠢ ᠦᠵᠡᠬᠦᠯᠵᠡᠢ᠃  ᠡᠬᠦᠨ ᠤ ᠬᠠᠮᠳᠤ᠂ ︽ᠬᠤᠷ᠎ᠠ ᠶᠢᠨ ᠰᠢᠮ᠎ᠡ ᠲᠦᠯᠦᠪᠯᠡᠭᠡ︾

᠂ ︽ᠹᠠᠨ ᠬᠠᠢ ᠰᠤᠷᠤᠯᠭ᠎ᠠ ᠲᠤᠰᠠᠯᠠᠬᠤ ᠠᠵᠢᠯᠯᠠᠭ᠎ᠠ︾  ᠵᠡᠷᠭᠡ ᠶᠢ ᠨᠠᠶᠢᠳᠠᠪᠤᠷᠢᠵᠢᠭᠤᠯᠵᠤ᠂ ᠨᠢᠳᠤᠨᠤᠨ ᠵᠢᠯ  91.

85 ᠲᠦᠮᠡᠨ ᠲᠦᠬᠦᠷᠢᠭ  ᠲᠠᠷᠬᠠᠭᠠᠵᠤ᠂ 316 ᠰᠤᠷᠤᠭᠴᠢ ᠳᠤ ᠲᠤᠰᠠᠯᠠᠮᠵᠢ ᠬᠦᠷᠳᠡᠭᠡᠭᠰᠡᠨ ᠪᠠᠶᠢᠨ᠎ᠠ᠃

       ᠡᠬᠦᠨ ᠠᠴᠠ ᠭᠠᠳᠠᠨ᠎ᠠ᠂  ᠲᠤᠰ ᠬᠤᠰᠢᠭᠤ ᠨᠢ ᠮᠦᠩᠬᠦᠨ ᠬᠦᠢᠯᠬᠡᠬᠡ ᠪᠠᠷ ᠶᠠᠳᠠᠭᠤ ᠶᠢ ᠲᠡᠳᠬᠦᠬᠦ  

ᠵᠢᠬᠡᠯᠡᠯᠬᠡ  7.06  ᠳ᠋ᠦ᠋ᠩᠰᠢᠭᠤᠷ ᠲᠦᠬᠦᠷᠢᠭ ᠲᠠᠷᠬᠠᠭᠠᠵᠤ᠂ 4186 ᠶᠠᠳᠠᠭᠤ ᠬᠦᠴᠢᠷᠳᠡᠯᠳᠡᠢ ᠡᠷᠦᠬᠡ  ᠬᠢᠭᠡᠳ  

8  ᠡᠷᠦᠬᠡ ᠶᠠᠳᠠᠭᠤ ᠶᠢ ᠳᠡᠳᠬᠦᠬᠦ ᠲᠤᠯᠤᠭᠠᠶᠢᠯᠠᠭᠴᠢ ᠠᠵᠤ ᠠᠬᠤᠶᠢᠯᠠᠯ   ᠢ ᠲᠡᠳᠬᠦᠭᠰᠡᠨ ᠪᠦᠬᠡᠳ ᠪᠠᠭ᠎ᠠ ᠬᠡᠮᠵᠢᠶᠡᠨ

 ᠤ ᠪᠠᠳᠤᠯᠠᠭᠠᠳᠤ ᠵᠢᠬᠡᠯᠡᠯᠬᠡ 4475 ᠲᠦᠮᠡᠨ ᠲᠦᠬᠦᠷᠢᠭ ᠲᠠᠷᠬᠠᠭᠠᠵᠤ᠂ 2687 ᠮᠠᠯᠴᠢᠨ ᠲᠠᠷᠢᠶᠠᠴᠢᠨ ᠡᠷᠦᠬᠡ ᠳᠤ

ᠠᠰᠢᠭ ᠬᠦᠷᠳᠡᠭᠡᠵᠡᠢ᠃ 2017 ᠤᠨ ᠳᠤ ᠲᠤᠰ ᠬᠤᠰᠢᠭᠤ ᠨᠢ ᠪᠦᠬᠦ ᠤᠷᠤᠨ ᠤ ᠲᠠᠭᠠᠳᠬᠠᠯ ᠢᠶᠠᠷ ᠶᠠᠳᠠᠭᠤ ᠶᠢ

ᠳᠡᠳᠬᠦᠬᠦ ᠵᠢᠱᠢᠶ᠎ᠡ ᠦᠵᠡᠬᠦᠯᠬᠦ ᠬᠤᠰᠢᠭᠤ ᠪᠤᠯᠵᠤ᠂ 500 ᠲᠦᠮᠡᠨ ᠲᠦᠬᠦᠷᠢᠭ ᠤᠨ ᠪᠡᠯᠡ  ᠤᠷᠤᠭᠤᠯᠤᠨ᠂  ᠪᠦᠬᠦ

ᠬᠤᠰᠢᠭᠤᠨ ᠤ ᠪᠤᠢ ᠪᠦᠬᠦᠢ ᠺᠠᠷᠲ ᠪᠠᠷ ᠲᠠᠩᠰᠠᠯᠠᠭᠰᠠᠨ ᠶᠠᠳᠠᠭᠤ ᠬᠦᠴᠢᠷᠳᠡᠯᠳᠡᠢ ᠡᠷᠦᠬᠡ ᠶᠢ ᠬᠡᠨᠡᠳᠳᠡ ᠶᠢᠨ ᠭᠡᠷᠡᠭ

 ᠤᠨ ᠲᠠᠭᠠᠳᠬᠠᠯ᠂ ᠡᠷᠡᠬᠦᠯ ᠮᠡᠨᠳᠦ ᠶᠢᠨ ᠲᠠᠭᠠᠳᠬᠠᠯ᠂  ᠲᠠᠷᠢᠶᠠᠯᠠᠩ ᠮᠠᠯᠵᠢᠯ ᠤᠨ ᠲᠠᠭᠠᠳᠬᠠᠯ ᠬᠢᠭᠡᠳ ᠡᠳ᠋

ᠬᠦᠷᠦᠩᠬᠡ ᠶᠢᠨ ᠲᠠᠭᠠᠳᠬᠠᠯ ᠳᠤ ᠤᠷᠤᠭᠤᠯᠪᠠ᠃ 2017 ᠤᠨ ᠳᠤ 50 ᠨᠡᠷ᠎ᠡ ᠶᠠᠳᠠᠭᠤ ᠬᠦᠴᠢᠷᠳᠡᠯᠳᠡᠢ ᠮᠠᠯᠴᠢᠨ

ᠲᠠᠷᠢᠶᠠᠴᠢᠨ ᠢ ᠭᠠᠴᠠᠭ᠎ᠠ ᠲᠤᠰᠬᠤᠨ ᠤ ᠤᠢ  ᠮᠤᠳᠤ ᠬᠠᠮᠠᠭᠠᠯᠠᠭᠴᠢ ᠪᠠᠷ ᠤᠷᠢᠨ ᠭᠡᠷᠡᠭᠯᠡᠵᠦ᠂  ᠬᠦᠮᠦᠨ ᠪᠦᠷᠢ ᠳᠤ

ᠵᠢᠯ ᠤᠨ 1 ᠲᠦᠮᠡᠨ ᠲᠦᠬᠦᠷᠢᠭ ᠤᠨ ᠨᠦᠬᠦᠪᠦᠷᠢ ᠤᠯᠤᠭᠤᠭᠰᠠᠨ ᠤ ᠬᠠᠮᠳᠤ᠂  ᠲᠠᠷᠢᠶᠠᠯᠠᠬᠤ ᠶᠢ ᠵᠤᠭᠰᠤᠭᠠᠵᠤ  

ᠠᠮᠢ ᠠᠬᠤᠢ ᠶᠢ ᠰᠡᠷᠬᠦᠬᠡᠬᠦ ᠲᠦᠷᠦᠯ ᠵᠦᠢᠯ ᠤᠨ ᠤᠷᠤᠨ ᠳᠤ1 ᠲᠦᠮᠡᠨ ᠮᠤ᠋ ᠡᠮ ᠤᠨ ᠮᠠᠲ᠋ᠧᠷᠢᠶᠠᠯ ᠲᠠᠷᠢᠵᠤ᠂  

ᠶᠠᠳᠠᠭᠤ ᠬᠦᠴᠢᠷᠳᠡᠯᠳᠡᠢ ᠤᠯᠠᠨ ᠲᠦᠮᠡᠨ ᠠᠰᠢᠭ ᠤᠷᠤᠯᠭ᠎ᠠ ᠶᠢ ᠨᠡᠮᠡᠭᠳᠡᠬᠦᠯᠦᠭᠰᠡᠨ ᠪᠠᠶᠢᠨ᠎ᠠ᠃  2017 ᠤᠨ ᠳᠤ

ᠪᠦᠬᠦ ᠤᠯᠤᠰ ᠤᠨ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ᠂ ᠲᠤᠮᠳᠠᠳᠤ ᠤᠯᠤᠰ ᠤᠨ ᠨᠠᠰᠤᠳᠠᠶᠢᠴᠤᠳ

 ᠤᠨ ᠬᠦᠭᠵᠢᠯᠳᠡ ᠶᠢ ᠠᠬᠢᠭᠤᠯᠬᠤ ᠰᠠᠭᠤᠷᠢ ᠮᠦᠩᠬᠦᠨ ᠤ ᠨᠡᠶᠢᠬᠡᠮᠯᠢᠭ᠂ ᠾᠧᠩ ᠲᠠᠢ ᠦᠨᠡᠳᠦ ᠲᠡᠮᠳᠡᠭ ᠤᠨ ᠺᠤᠮᠫᠠᠨᠢ

ᠵᠢᠴᠢ ᠠᠶᠢᠮᠠᠭ  ᠬᠤᠰᠢᠭᠤᠨ ᠤ ᠬᠠᠪᠰᠤᠷᠤᠨ ᠲᠡᠳᠬᠦᠬᠦ ᠰᠠᠯᠠᠭ᠎ᠠ ᠮᠦᠴᠢᠷ ᠠᠴᠠ ᠨᠡᠶᠢᠳᠡ 700 ᠲᠦᠮᠡᠨ

ᠲᠦᠬᠦᠷᠢᠭ ᠤᠨ ᠪᠡᠯᠡ   ᠮᠦᠩᠬᠦ ᠤᠷᠤᠭᠤᠯᠵᠤ᠂  ᠶᠠᠳᠠᠭᠤ ᠬᠦᠴᠢᠷᠳᠡᠯᠳᠡᠢ  ᠬᠦᠮᠦᠨ ᠠᠮᠠ ᠶᠢ ᠬᠠᠪᠰᠤᠷᠤᠨ

ᠲᠡᠳᠬᠦᠵᠡᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号