ᠤᠷᠴᠢᠮᠬᠠᠨ᠂ ᠲᠠᠶᠢᠹᠤᠰᠧ ᠬᠤᠰᠢᠭᠤᠨ ᠤ ᠤᠢ ᠰᠢᠭᠤᠢ ᠨᠤᠳᠤᠭ ᠪᠡᠯᠴᠢᠭᠡᠷ ᠤᠨ ᠭᠠᠯ | ᠰᠡᠷᠭᠡᠶᠢᠯᠡᠬᠦ ᠮᠠᠰᠢᠨ ᠲᠦᠬᠦᠭᠡᠷᠦᠮᠵᠢ ᠶᠢᠨ ᠬᠦᠮᠦᠷᠭᠡ ᠪᠠᠶᠢᠭᠤᠯᠤᠭᠳᠠᠵᠤ ᠠᠰᠢᠭᠯᠠᠯᠳᠠ ᠳᠤ ᠤᠷᠤᠭᠰᠠᠨ ᠪᠠᠶᠢᠨ᠎ᠠ᠃ | ᠶᠡᠷᠦᠩᠬᠡᠢ ᠲᠠᠯᠠᠪᠠᠢ ᠨᠢ 450 ᠬᠠᠪᠳᠠᠭᠠᠢ ᠲᠦᠷᠪᠡᠯᠵᠢᠨ ᠮᠧᠲᠷ ᠬᠦᠷᠬᠦ ᠲᠤᠰ ᠬᠦᠮᠦᠷᠭᠡ ᠳᠤ 1 ᠰᠠᠤᠷᠢ ᠭᠠᠯ | ᠤᠨᠳᠠᠷᠠᠭᠠᠬᠤ ᠲᠡᠷᠭᠡ ᠠᠴᠠ ᠭᠠᠳᠠᠨ᠎ᠠ᠂ ᠴᠢᠮᠡᠭᠡ ᠬᠤᠯᠪᠤᠭᠠᠨ ᠤ ᠪᠠᠭᠠᠵᠢ ᠲᠦᠬᠦᠭᠡᠷᠦᠮᠵᠢ ᠂ ᠪᠠᠭ᠎ᠠ ᠭᠡᠯᠪᠡᠷᠢ | ᠶᠢᠨ ᠤᠰᠤ ᠪᠤᠶᠤ ᠰᠠᠯᠬᠢᠨ ᠬᠦᠴᠦ ᠪᠠᠷ ᠭᠠᠯ ᠤᠨᠳᠠᠷᠠᠭᠠᠬᠤ ᠮᠠᠰᠢᠨ ᠂ ᠭᠡᠭᠡᠷ᠎ᠡ ᠭᠠᠳᠠᠨ᠎ᠠ ᠠᠵᠢᠯᠯᠠᠬᠤ ᠪᠠᠭᠠᠵᠢ | ᠲᠦᠬᠦᠭᠡᠷᠦᠮᠵᠢ᠂ ᠵᠢᠷᠤᠭ ᠲᠦᠷᠰᠦ ᠰᠢᠩᠬᠡᠬᠡᠬᠦ ᠮᠠᠰᠢᠨ ᠵᠡᠷᠭᠡ ᠶᠢ ᠪᠦᠷᠢᠳᠦᠬᠦᠯᠦᠨ ᠪᠡᠯᠡᠳᠭᠡᠵᠦ᠂ ᠭᠤᠤᠯᠳᠠᠭᠤ | ᠪᠦᠬᠦ ᠬᠤᠰᠢᠭᠤᠨ ᠤ ᠤᠢ ᠰᠢᠭᠤᠢ ᠨᠤᠳᠤᠭ ᠪᠡᠯᠴᠢᠭᠡᠷ ᠤᠨ ᠭᠠᠯ ᠲᠦᠢᠮᠡᠷ ᠢ ᠤᠨᠳᠠᠷᠠᠭᠠᠬᠤ ᠪᠠ ᠡᠨᠡ ᠲᠠᠯ᠎ᠠ ᠶᠢᠨ | ᠰᠤᠷᠢᠯᠳᠠ ᠬᠢᠬᠦ ᠳᠤ ᠭᠡᠷᠡᠭᠯᠡᠬᠦ ᠪᠠᠷ ᠪᠠᠶᠢᠨ᠎ᠠ᠃ ᠬᠦᠮᠦᠷᠭᠡ ᠶᠢᠨ ᠪᠠᠶᠢᠭᠤᠯᠤᠭᠳᠠᠭᠰᠠᠨ ᠨᠢ ᠲᠤᠰ ᠬᠤᠰᠢᠭᠤᠨ ᠤ | ᠤᠢ ᠰᠢᠭᠤᠢ ᠨᠤᠳᠤᠭ ᠪᠡᠯᠴᠢᠭᠡᠷ ᠤᠨ ᠭᠠᠯ ᠤᠨᠳᠠᠷᠠᠭᠠᠬᠤ ᠠᠵᠢᠯ ᠳᠤ ᠡᠳ᠋ ᠪᠤᠳᠠᠰ ᠤᠨ ᠲᠠᠯᠠᠪᠠᠷ ᠴᠢᠬᠤᠯᠠ | ᠪᠠᠳᠤᠯᠠᠭ᠎ᠠ ᠪᠤᠯᠵᠤ᠂ ᠭᠠᠯ ᠲᠦᠢᠮᠡᠷ ᠤᠨ ᠠᠶᠤᠯ ᠠᠴᠠ ᠰᠡᠷᠭᠡᠶᠢᠯᠡᠬᠦ ᠪᠠ ᠠᠶᠤᠯ ᠠᠴᠠ ᠠᠪᠤᠷᠠᠬᠤ ᠬᠢᠷᠢ ᠴᠢᠳᠠᠪᠤᠷᠢ | ᠶᠢ ᠶᠡᠭᠡ ᠬᠡᠮᠵᠢᠶ᠎ᠡ ᠪᠠᠷ ᠴᠢᠩᠭᠠᠷᠠᠭᠤᠯᠵᠠᠢ᠃ |