ᠸᠠᠩᠴᠢᠨ᠊​ᠳ᠋ᠤᠷᠵᠢ
ᠨᠡᠶᠢᠲᠡᠯᠡᠭᠰᠡᠨ ᠴᠠᠭ᠄
2018/11/28

 ᠸᠠᠩᠴᠢᠨᠳᠤᠷᠵᠢ ︵1914 —︖︶᠂ ᠬᠢᠳᠠᠳ ᠨᠡᠷ᠎ᠡ ᠸᠠᠩ ᠽᠢ ᠴᠧᠩ᠃ ᠲᠠᠶᠢᠹᠤᠰᠧ ᠵᠡᠬᠦᠨ ᠭᠠᠷ ᠰᠦᠷᠦᠭ

 ᠤᠨ ᠬᠦᠯᠦ ᠬᠦᠬᠡ ᠰᠤᠮᠤᠨ ᠤ ᠰᠢᠪᠠᠷᠳᠤ ᠶᠢᠨ ᠬᠦᠮᠦᠨ᠃ ᠬᠤᠷᠢᠳᠤᠭᠠᠷ ᠵᠠᠭᠤᠨ ᠤ ᠭᠤᠴᠢᠭᠠᠳ ᠤᠨ ᠤ ᠦᠶᠡᠰ

 ᠲᠤ ᠴᠢᠭᠤᠯᠤᠯᠳᠤ ᠬᠠᠭᠠᠯᠭ᠎ᠠ ᠳᠠᠬᠢ ᠴᠠᠬᠠᠷ ᠮᠤᠩᠭᠤᠯ ᠤᠨ ᠪᠠᠭᠰᠢ ᠶᠢᠨ ᠰᠤᠷᠭᠠᠭᠤᠯᠢ ᠳᠤ ᠰᠤᠷᠤᠯᠴᠠᠵᠤ᠂ 1939

ᠤᠨ ᠪᠤᠯᠳᠠᠯ᠎ᠠ ᠲᠡᠮᠴᠤᠭᠲᠤᠩᠷᠤᠪ ᠨᠤᠶᠠᠨ ᠤ ᠬᠦᠢ ᠰᠦᠢ ︵ᠤᠳᠤᠬᠢ ᠬᠦᠬᠡᠬᠤᠳᠠ︶ ᠬᠤᠳᠠᠨ᠎ᠠ ᠪᠠᠶᠢᠭᠤᠯᠤᠭᠰᠠᠨ

ᠮᠤᠩᠭᠤᠯ ᠤᠨ ᠲᠡᠭᠡᠳᠦ ᠰᠤᠷᠭᠠᠭᠤᠯᠢ ᠶᠢᠨ ᠬᠤᠰᠢᠭᠤᠳ ᠤᠨ ᠶᠠᠪᠤᠳᠠᠯ ᠢ ᠡᠷᠬᠢᠯᠡᠬᠦ ᠠᠩᠬᠢ ᠳᠤ ᠰᠤᠷᠤᠯᠴᠠᠵᠤ᠂

ᠲᠡᠬᠦᠰᠦᠭᠰᠡᠨ ᠤ ᠲᠠᠷᠠᠭ᠎ᠠ ᠴᠠᠬᠠᠷ ᠠᠶᠢᠮᠠᠭ ᠤᠨ ᠵᠠᠰᠠᠭ ᠤᠨ ᠤᠷᠳᠤᠨ ᠤ ᠨᠠᠷᠢᠨ ᠪᠢᠴᠢᠭ ᠤᠨ ᠰᠠᠯᠠᠭᠠᠨ ᠤ ᠲᠠᠷᠤᠭ᠎ᠠ᠂

ᠮᠤᠩᠭᠤᠯ ᠤᠨ ᠬᠤᠯᠪᠤᠭᠠᠳᠤ ᠦᠪᠡᠷᠳᠡᠭᠡᠨ ᠵᠠᠰᠠᠬᠤ ᠵᠠᠰᠠᠭ ᠤᠨ ᠤᠷᠳᠤᠨ ᠤ ᠮᠠᠯ ᠠᠵᠤ ᠠᠬᠤᠢ ᠶᠢᠨ ᠬᠡᠯᠳᠡᠰ ᠤᠨ

ᠬᠠᠷᠢᠶᠠᠨ ᠳᠠᠬᠢ ᠮᠠᠯ ᠤᠨ ᠡᠬᠦᠯᠳᠡᠷ ᠰᠠᠶᠢᠵᠢᠷᠠᠭᠤᠯᠬᠤ ᠦᠷᠳᠡᠭᠡᠨ ᠤ ᠲᠠᠷᠤᠭ᠎ᠠ ᠵᠡᠷᠭᠡ ᠲᠤᠰᠢᠶᠠᠯ ᠢ ᠬᠠᠷᠢᠭᠤᠴᠠᠵᠤ

ᠪᠠᠶᠢᠪᠠ᠃ ᠡᠨᠡ  ᠬᠤᠭᠤᠴᠠᠭᠠᠨ ᠳᠠᠭᠠᠨ ᠶᠠᠫᠤᠨ ᠤᠯᠤᠰ ᠲᠤ ᠤᠴᠢᠵᠤ᠂ ᠲᠡᠨᠳᠡ ᠠᠴᠠ ᠬᠠᠷᠢ ᠤᠳᠤᠮ ᠲᠠᠢ ᠰᠠᠶᠢᠨ

ᠡᠬᠦᠯᠳᠡᠷ ᠤᠨ ᠪᠤᠬ᠎ᠠ ᠤᠷᠤᠭᠤᠯᠤᠨ᠂ ᠮᠠᠯ ᠤᠨ ᠡᠬᠦᠯᠳᠡᠷ ᠰᠠᠶᠢᠵᠢᠷᠠᠭᠤᠯᠬᠤ ᠠᠵᠢᠯ ᠢ ᠴᠢᠬᠤᠯᠠᠴᠢᠯᠠᠨ ᠠᠳᠬᠤᠭᠠᠳ᠂

ᠨᠤᠳᠤᠭ ᠤᠰᠤᠨ ᠳᠠᠭᠠᠨ ᠲᠤᠰᠠᠳᠠᠢ ᠠᠵᠢᠯ ᠬᠢᠵᠡᠢ᠃  ᠬᠤᠷᠢᠳᠤᠭᠠᠷ ᠵᠠᠭᠤᠨ ᠤ ᠲᠦᠴᠢᠭᠡᠳ ᠤᠨ ᠤ ᠦᠶ᠎ᠡ ᠳᠤ

ᠲᠡᠮᠴᠤᠭᠳᠤᠩᠷᠤᠪ ᠨᠤᠶᠠᠨ ᠤ ᠨᠠᠶᠢᠳᠠᠯᠭ᠎ᠠ ᠪᠠᠷ ᠡᠷᠳᠡᠮᠳᠡᠨ ᠭᠤᠷᠵᠤᠷᠵᠠᠪ᠂ ᠰᠠᠮᠫᠢᠯᠨᠤᠷᠪᠤ ᠨᠠᠷ ᠤᠨ ᠬᠠᠮᠳᠤ  ︽

ᠬᠤᠷᠢᠨ ᠨᠠᠢᠮᠠᠳᠤ ᠲᠠᠶᠢᠯᠪᠤᠷᠢ ᠲᠤᠯᠢ︾ ᠬᠢᠭᠡᠳ ︽ᠨᠠᠩᠬᠢᠶᠠᠳ ᠮᠤᠩᠭᠤᠯ ᠦᠬᠡᠰ ᠤᠨ ᠲᠤᠯᠢ ᠪᠢᠴᠢᠭ︾ ᠢ

ᠨᠠᠶᠢᠷᠠᠭᠤᠯᠬᠤ ᠠᠵᠢᠯ ᠳᠤ ᠤᠷᠤᠯᠴᠠᠭᠰᠠᠨ  ᠪᠦᠬᠡᠳ ᠴᠢᠭᠤᠯᠤᠯᠳᠤ ᠬᠠᠭᠠᠯᠭ᠎ᠠ ᠳᠤ ᠪᠠᠶᠢᠭᠤᠯᠤᠭᠳᠠᠭᠰᠠᠨ ︽ᠴᠠᠬᠠᠷ

ᠮᠤᠩᠭᠤᠯ ᠤᠨ ᠪᠢᠴᠢᠭ ᠵᠢᠷᠤᠭ ᠤᠨ ᠵᠤᠬᠢᠶᠠᠨ ᠤᠷᠴᠢᠭᠤᠯᠬᠤ ᠬᠤᠷᠢᠶ᠎ᠠ︾ ᠶᠢᠨ ᠨᠠᠶᠢᠷᠠᠭᠤᠯᠤᠭᠴᠢ ᠪᠠᠷ ᠠᠵᠢᠯᠯᠠᠵᠤ  ᠂

 ᠪᠠᠰᠠ ᠮᠤᠩᠭᠤᠯ ᠬᠤᠰᠢᠭᠤᠳ ᠤᠨ ᠪᠠᠭ᠎ᠠ ᠰᠤᠷᠭᠠᠭᠤᠯᠢ ᠶᠢᠨ ᠰᠤᠷᠬᠤ ᠪᠢᠴᠢᠭ   ᠲᠤ ᠰᠢᠨ᠎ᠡ ᠠᠭᠤᠯᠭ᠎ᠠ ᠨᠡᠮᠡᠵᠦ

ᠵᠠᠰᠠᠵᠤ ᠨᠠᠶᠢᠷᠠᠭᠤᠯᠬᠤ ᠠᠵᠢᠯ ᠢ ᠡᠷᠬᠢᠯᠡᠨ ᠬᠢᠵᠦ ᠪᠠᠶᠢᠵᠠᠢ᠃ 1946 ᠤᠨ ᠳᠤ ᠡᠪ ᠬᠠᠮᠳᠤ ᠨᠠᠮ ᠪᠤᠯᠤᠨ

ᠭᠤᠮᠢᠨᠳᠠᠩ ᠨᠠᠮ ᠤᠨ ᠰᠢᠷᠦᠬᠦᠨ ᠲᠡᠮᠡᠴᠡᠭᠡᠨ ᠤ ᠦᠶᠡᠰ  ᠭᠤᠮᠢᠨᠳᠠᠩ ᠨᠠᠮ ᠤᠨ ᠬᠦᠪᠡᠭᠡᠳᠦ ᠰᠢᠷ᠎ᠠ ᠬᠤᠰᠢᠭᠤᠨ ᠤ

ᠬᠡᠯᠳᠡᠰ ᠤᠨ ᠲᠠᠷᠤᠭ᠎ᠠ ᠪᠠᠷ ᠲᠤᠮᠢᠯᠠᠭᠳᠠᠵᠤ᠂ ᠬᠠᠶᠠ ᠬᠦᠪᠡᠭᠡᠳᠦ ᠰᠢᠷ᠎ᠠ ᠬᠤᠰᠢᠭᠤᠨ ᠳᠤ ᠬᠦᠷᠴᠦ ᠠᠵᠢᠯᠯᠠᠳᠠᠭ

ᠪᠤᠯᠪᠠᠴᠤ ᠭᠤᠤᠯᠳᠠᠭᠤ ᠴᠢᠭᠤᠯᠤᠯᠳᠤ ᠬᠠᠭᠠᠯᠭ᠎ᠠ ᠳᠤ ᠰᠠᠭᠤᠵᠤ ᠪᠠᠶᠢᠪᠠ᠃ 1948 ᠤᠨ ᠤ ᠰᠡᠬᠦᠯᠴᠢ ᠪᠠᠷ᠂

ᠨᠡᠶᠢᠬᠡᠮ ᠤᠨ ᠲᠡᠳᠬᠦᠮᠵᠢ ᠶᠢᠨ ᠰᠠᠯᠠᠭᠠᠨ ᠲᠠᠷᠤᠭ᠎ᠠ ᠪᠠᠶᠢᠭᠰᠠᠨ ᠸᠠᠩᠴᠢᠨᠳᠤᠷᠵᠢ ᠤᠯᠠᠨ ᠤᠯᠤᠰ ᠤᠨ ᠬᠤᠯᠪᠤᠭᠠᠳᠤ

ᠪᠠᠶᠢᠭᠤᠯᠤᠯᠭ᠎ᠠ ᠶᠢᠨ ᠲᠡᠳᠬᠦᠮᠵᠢ ᠶᠢᠨ ᠶᠡᠷᠦᠩᠬᠡᠢ ᠵᠠᠬᠢᠷᠭᠠᠨ ᠠᠴᠠ ᠮᠤᠩᠭᠤᠯ ᠤᠷᠤᠨ ᠤ ᠭᠠᠴᠢᠭᠳᠠᠯ ᠢ ᠲᠡᠳᠬᠦᠬᠦ

 ᠪᠠᠷ ᠤᠯᠭᠤᠭᠰᠠᠨ ᠲᠤᠰᠠᠯᠠᠮᠵᠢ ᠶᠢᠨ ᠡᠳ᠋ ᠪᠤᠳᠠᠰ ᠢ ᠠᠷᠪᠠᠭᠠᠳ ᠲᠤᠮᠤ ᠮᠠᠰᠢᠨ ᠢᠶᠠᠷ ᠠᠴᠢᠵᠤ ᠠᠪᠴᠢᠷᠠᠨ᠂  ᠴᠠᠬᠠᠷ

 ᠤᠨ ᠮᠤᠩᠭᠤᠯ ᠬᠤᠰᠢᠭᠤᠳ ᠢᠶᠠᠷ ᠲᠦᠬᠡᠭᠡᠭᠡᠳ ᠪᠤᠴᠠᠬᠤ ᠳᠤᠨᠢ ᠪᠤᠤᠴᠠᠩ ᠬᠠᠪᠢ ᠪᠠᠷ ᠰᠢᠷᠦᠬᠦᠨ ᠲᠤᠯᠤᠯᠳᠤᠭᠠᠨ

ᠪᠤᠯᠵᠤ ᠪᠠᠶᠢᠭᠰᠠᠨ ᠪᠤᠯᠬᠤᠷ ᠵᠠᠮ ᠢᠶᠠᠨ ᠦᠬᠡᠷᠡᠴᠢᠯᠡᠵᠦ᠂ ᠠᠷᠤ ᠵᠠᠮ ᠢᠶᠠᠷ ᠬᠦᠢ ᠰᠦᠢ ᠵᠦᠭ ᠵᠠᠮᠨᠠᠭᠠᠳ᠂ ᠴᠤᠬᠤᠮ

ᠬᠠᠮᠢᠭ᠎ᠠ ᠬᠦᠷᠦᠭᠰᠡᠨ ᠢ ᠮᠡᠳᠡᠬᠦ ᠦᠬᠡᠢ ᠠᠯᠠᠭ᠎ᠠ ᠪᠤᠯᠵᠠᠢ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号