ᠷᠠᠰᠢᠵᠠᠮᠰ᠊​ ᠤ
ᠨᠡᠶᠢᠲᠡᠯᠡᠭᠰᠡᠨ ᠴᠠᠭ᠄
2018/11/28

ᠷᠠᠰᠢᠵᠠᠮᠰᠤ ︵1918 — 1983︶᠂ ᠲᠠᠶᠢᠹᠤᠰᠧ ᠵᠡᠬᠦᠨ ᠭᠠᠷ ᠰᠦᠷᠦᠭ ᠤᠨ ᠠᠭᠳᠠ ᠬᠤᠰᠢᠭᠤᠨ ᠤ ᠪᠤᠮᠪᠠᠨ

 ᠤ ᠬᠦᠮᠦᠨ᠃ ᠲᠡᠬᠦᠨ ᠤ ᠪᠠᠭ᠎ᠠ ᠮᠠᠮᠠ ᠷᠠᠳᠨ᠎ᠠ ᠪᠤᠯᠤᠨ ᠡᠪᠦᠭᠡ ᠮᠠᠮᠠ ᠲᠠᠮᠷᠢᠨ ᠨᠢ ᠲᠤᠬᠠᠢ ᠶᠢᠨ ᠦᠶ᠎ᠡ ᠳᠡᠭᠡᠨ ᠨᠡᠷ᠎ᠡ

ᠠᠯᠳᠠᠷ ᠲᠠᠢ ᠮᠤᠩᠭᠤᠯ ᠡᠮᠴᠢ ᠪᠠᠶᠢᠭᠰᠠᠨ ᠪᠤᠯᠬᠤᠷ᠂ ᠮᠤᠩᠭᠤᠯ ᠡᠮᠴᠢ ᠶᠢᠨ ᠰᠤᠷᠪᠤᠯᠵᠢᠳᠤ ᠭᠡᠷ ᠪᠦᠯᠢ ᠳᠤ

ᠲᠦᠷᠦᠭᠰᠡᠨ ᠷᠠᠰᠢᠵᠠᠮᠰᠤ ᠪᠠᠭ᠎ᠠ ᠠᠴᠠ ᠪᠠᠨ ᠲᠦᠪᠡᠳ ᠨᠤᠮ ᠪᠢᠴᠢᠭ᠂ ᠢᠯᠠᠩᠭᠤᠶ᠎ᠠ ᠠᠨᠠᠭᠠᠬᠤ ᠤᠬᠠᠭᠠᠨ ᠢ

ᠬᠢᠴᠢᠶᠡᠨ ᠰᠤᠷᠴᠤ ᠶᠠᠪᠤᠵᠠᠢ᠃ ᠲᠡᠭᠡᠷ᠎ᠡ ᠵᠠᠭᠤᠨ ᠤ ᠭᠤᠴᠢᠭᠠᠳ ᠤᠨ ᠤ ᠦᠶ᠎ᠡ ᠪᠠᠷ ᠪᠠᠳᠺᠠᠷ ᠵᠤᠤ ᠳᠤ ᠬᠦᠷᠴᠦ᠂

ᠮᠤᠩᠭᠤᠯ ᠡᠮᠨᠡᠯᠬᠡ ᠶᠢᠨ ᠤᠬᠠᠭᠠᠨ ᠢ ᠴᠢᠨᠠᠭᠰᠢᠳᠠ ᠰᠤᠷᠴᠤ  ᠰᠤᠳᠤᠯᠬᠤ ᠶᠢᠨ ᠬᠠᠮᠳᠤ᠂ ᠴᠤᠶᠢᠷᠸ᠎ᠠ ᠬᠡᠯᠡᠯᠴᠡᠬᠦ ᠳᠤ

ᠤᠷᠤᠵᠤ ᠭᠡᠪᠰᠢ ᠴᠤᠯᠠ  ᠬᠠᠮᠠᠭᠠᠯᠠᠭᠰᠠᠨ ᠪᠠᠶᠢᠪᠠ᠃ ᠰᠡᠬᠦᠯᠡᠷ ᠨᠢ ᠨᠤᠳᠤᠭ ᠲᠠᠭᠠᠨ ᠪᠤᠴᠠᠵᠤ ᠢᠷᠡᠭᠡᠳ᠂  

ᠮᠠᠯᠴᠢᠳ ᠤᠨ ᠡᠪᠡᠳᠴᠢᠨ ᠲᠠᠬᠤᠯ ᠢ ᠲᠤᠭᠤᠷᠢᠨ ᠡᠮᠨᠡᠵᠦ ᠪᠠᠶᠢᠭᠰᠠᠨ ᠢᠶᠠᠨ 1956 ᠤᠨ ᠠᠴᠠ ᠫᠤᠤᠲ᠋ᠠᠶᠢᠶ᠋ᠢᠩᠽᠢ

 ᠶᠢᠨ ᠪᠠᠭ᠎ᠠ ᠰᠤᠷᠭᠠᠭᠤᠯᠢ ᠶᠢᠨ ᠲᠤᠰᠬᠠᠢ ᠡᠮᠴᠢ ᠪᠤᠯᠵᠤ᠂  ᠬᠡᠦᠭᠡᠳ ᠪᠠᠭᠠᠴᠤᠳ ᠤᠨ ᠡᠷᠡᠬᠦᠯ ᠮᠡᠨᠳᠦ ᠶᠢ ᠪᠠᠳᠤᠯᠠᠬᠤ

 ᠳᠤ ᠬᠦᠴᠦ ᠬᠦᠳᠡᠯᠮᠦᠷᠢ ᠪᠠᠨ ᠰᠢᠪᠬᠠᠵᠤ ᠶᠠᠪᠤᠭᠰᠠᠨ ᠪᠠᠶᠢᠯ᠎ᠠ᠃ ᠷᠠᠰᠢᠵᠠᠮᠰᠤ ᠶᠢᠨ ᠡᠮᠴᠢᠯᠡᠬᠦ ᠮᠡᠷᠭᠡᠵᠢᠯ ᠨᠢ ᠦᠨᠳᠦᠷ

᠂ ᠬᠠᠳᠬᠤᠯᠭ᠎ᠠ ᠲᠦᠭᠡᠨᠡᠯᠬᠡ ᠳᠡᠭᠡᠨ ᠰᠠᠶᠢᠨ ᠪᠠᠶᠢᠳᠠᠭ ᠢᠶᠠᠷ ᠪᠠᠷᠠᠬᠤ ᠦᠬᠡᠢ᠂   ᠡᠪᠡᠳᠴᠢᠳᠡᠨ ᠢ ᠪᠠᠶᠠᠨ ᠶᠠᠳᠠᠭᠤ

ᠭᠡᠵᠦ ᠢᠯᠭᠠᠯ ᠦᠬᠡᠢ᠂ ᠦᠨ᠎ᠡ ᠦᠷᠳᠡᠭ ᠦᠬᠡᠢ ᠡᠮᠨᠡᠵᠦ ᠵᠠᠰᠠᠳᠠᠭ ᠪᠤᠯᠬᠤᠷ ᠡᠮᠴᠢ ᠶᠢᠨ ᠰᠤᠷᠳᠠᠯ ᠢᠶᠠᠷ ᠤᠯᠠᠨ

 ᠳᠠᠭᠠᠨ ᠲᠠᠨᠢᠭᠳᠠᠵᠤ᠂  ᠠᠷᠠᠳ ᠤᠯᠠᠨ ᠤ ᠪᠠᠨ ᠬᠦᠷᠢᠶᠡᠯᠡᠯ ᠬᠦᠨᠳᠦᠳᠭᠡᠯ ᠢ ᠤᠯᠤᠭᠰᠠᠨ ᠪᠠᠶᠢᠳᠠᠭ᠃

 
ᠢᠷᠡᠯᠲᠡ᠄ ᠲᠠᠶᠢᠹᠦᠰᠧ ᠬᠤᠰᠢᠭᠤᠨ ᠤ ᠠᠷᠠᠳ ᠤᠨ ᠵᠠᠰᠠᠭ ᠤᠨ ᠤᠷᠳᠤᠨ ᠤ ᠮᠤᠩᠭᠤᠯ ᠰᠦᠯᠵᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号